ᠬᠠᠪᠤᠳᠤ ᠬᠠᠰᠠᠷ ᠬᠤᠳᠳᠤᠭ ᠲᠤ ᠲᠠᠷᠤᠭᠳᠠᠭᠰᠠᠨ ᠳᠤᠬᠠᠢ ᠳᠤᠮᠤᠭ
ᠨᠡᠶᠢᠲᠡᠯᠡᠭᠰᠡᠨ ᠴᠠᠭ᠄
2019-11-13
ᠮᠦᠡᠭᠭᠡ ᠲᠡᠭᠷᠢ ᠠᠴᠠ ᠡᠰᠢᠳᠠᠢ ᠡᠵᠡᠨ ᠴᠢᠩᠭᠢᠰ ᠬᠠᠭᠠᠨ ᠪᠠᠷᠠᠭᠤᠨᠰᠢ ᠲᠠᠩᠭᠤᠳ ᠢ ᠪᠠᠶᠢᠯᠳᠤᠬᠤ ᠪᠠᠷ ᠶᠠᠪᠤᠵᠤ ᠶᠡᠭᠡ ᠴᠡᠷᠢᠭ ᠲᠠᠩᠭᠤᠳ ᠤᠨ ᠭᠢᠯᠢ ᠳᠤᠷ ᠦᠢᠷᠠᠳᠤᠨ᠂ ᠴᠢᠩᠭᠢᠰ ᠬᠠᠭᠠᠨ ᠮᠤᠷᠢ ᠪᠠᠨ ᠲᠦᠷ ᠴᠠᠭ ᠠᠮᠠᠷᠠᠭᠤᠯᠵᠤ ᠦᠡᠭ ᠰᠢᠮᠡᠯᠢᠭ ᠪᠤᠷᠤᠳᠤᠬᠤᠢ ᠳᠤ ᠠᠳᠤᠭᠤ ᠪᠠᠨ ᠪᠠᠯᠴᠢᠭᠡᠷᠯᠡᠭᠦᠯᠵᠤ᠂ ᠦᠪᠠᠷᠤᠨ ᠪᠠᠶ᠎ᠠ ᠤᠯᠠᠨ ᠪᠢᠴᠢᠭ ᠴᠡᠷᠢᠭ ᠤᠨ ᠲᠦᠰᠢᠮᠠᠳ ᠵᠠᠩᠵᠤᠨ ᠢᠶᠠᠨ ᠲᠠᠭᠠᠭᠤᠯᠤᠨ ᠮᠤᠨᠢ ᠠᠭᠤᠯᠠ ᠶᠢ ᠲᠦᠰᠢᠨ᠂ ᠰᠢᠷᠤᠢ ᠭᠤᠤᠯ ᠢ ᠭᠦᠪᠡᠭᠡᠯᠡᠵᠤ ᠶᠡᠭᠡ ᠭᠦᠷᠢᠶ᠎ᠠ ᠪᠠᠭᠤᠪᠠ᠃ ᠲᠠᠷᠡ ᠦᠶ᠎ᠠ ᠶᠠᠭ ᠰᠠᠶᠢᠬᠠᠨ ᠬᠠᠯᠠᠭᠤᠨ ᠴᠠᠭ ᠪᠠᠶᠢᠵᠠᠢ᠃ ᠨᠢᠭᠡᠨ ᠡᠳᠤᠷ ᠡᠵᠡᠨ ᠴᠢᠩᠭᠢᠰ ᠬᠠᠭᠠᠨ ᠲᠦᠷᠦ ᠶᠢᠨ ᠤᠯᠠᠨ ᠵᠠᠩᠵᠤᠨ ᠲᠦᠰᠢᠮᠠᠳ ᠤᠨ ᠬᠠᠮᠳᠤ ᠭᠦᠷᠤᠭᠡᠯᠡᠨ ᠶᠠᠪᠤᠳᠠᠯ᠎ᠠ ᠬᠠᠭᠠᠨ ᠤ ᠡᠮᠤᠨᠡᠭᠦᠷ ᠨᠢᠭᠡᠨ ᠤᠭᠤᠯᠢ ᠵᠢᠵᠢᠭᠢᠨᠠᠨ ᠭᠠᠷᠴᠠᠢ᠃ ᠬᠠᠭᠠᠨ ᠳᠤᠩ ᠴᠤ ᠡᠭ᠍ᠳᠡᠭᠦᠴᠠᠨ ᠬᠠᠵᠠᠭᠤ ᠳᠤ ᠶᠠᠪᠤᠵᠤ ᠪᠠᠶᠢᠭᠰᠠᠨ ᠬᠠᠰᠠᠷ ᠲᠠᠭᠦᠤ ᠪᠠᠨ ᠬᠠᠷᠪᠤ ᠭᠡᠪᠡ᠃ ᠬᠠᠰᠠᠷ ᠨᠤᠮᠤ ᠲᠠᠯᠠᠨ ᠬᠠᠷᠪᠤᠳᠠᠯ᠎ᠠ ᠬᠠᠵᠠᠭᠤ ᠠᠴᠠ ᠨᠢᠭᠡᠨ ᠱᠠᠭᠠᠵᠠᠭᠠᠢ ᠭᠠᠷᠴᠤ ᠢᠷᠡᠭᠡᠳ ᠵᠠᠪᠠ ᠳᠤ ᠤᠨᠤᠭᠳᠠᠵᠤ ᠤᠭᠤᠯᠢ ᠳᠤᠳᠠᠭᠠᠪᠠ᠃ ᠡᠭᠦᠨ ᠳᠤ ᠴᠢᠩᠭᠢᠰ ᠭᠢᠯᠢᠩᠨᠠᠵᠤ ᠳᠤᠤᠷᠠᠭᠢ ᠴᠡᠷᠢᠭ ᠢᠶᠠᠨ ᠵᠠᠩᠳᠤᠷᠤᠨ ᠬᠠᠪᠤᠳᠤ ᠬᠠᠰᠠᠷ ᠢ ᠪᠠᠷᠢᠵᠤ ᠬᠠᠭᠤᠷᠠᠢ ᠬᠤᠳᠳᠤᠭ ᠮᠠᠯᠳᠠᠵᠤ ᠲᠠᠷᠤᠪᠠ᠃ ᠢᠡᠭᠭᠢᠭᠡᠳ ᠴᠢᠩᠭᠢᠰ ᠶᠡᠭᠡᠳᠠ ᠤᠷᠮ᠎ᠠ ᠦᠭᠡᠢ ᠪᠠᠶᠢᠳᠠᠯ᠎ᠠ ᠤᠯᠠᠨ ᠵᠠᠩᠵᠤᠨ ᠲᠦᠰᠢᠮᠠᠳ ᠶᠡᠭᠡ ᠭᠦᠷᠢᠶᠠᠨ ᠳᠤ ᠢᠷᠡᠵᠤ᠄ ︽ᠡᠵᠡᠨ ᠬᠠᠭᠠᠨ ᠭᠡᠭᠡᠨ ᠳᠡᠭᠡᠨ ᠳᠤᠯᠢᠳᠠᠵᠤ ᠦᠷᠤᠰᠢᠶᠠᠮᠤ︕ ᠬᠠᠪᠤᠳᠤ ᠬᠠᠰᠠᠷ ᠤᠨ ᠦᠡᠭᠭᠡᠷᠡᠭᠰᠡᠨ ᠳᠤ ᠪᠠᠶᠢᠭᠤᠯᠤᠭᠰᠠᠨ ᠤᠯᠠᠨ ᠭᠠᠪᠢᠶ᠎ᠠ ᠵᠢᠳᠭᠦᠯ ᠢ ᠪᠤᠳᠤᠵᠤ᠂ ᠬᠤᠳᠳᠤᠭ ᠠᠴᠠ ᠭᠠᠷᠭᠠᠬᠤ ᠪᠤᠯᠪᠠ ᠤᠤ︖︾ ᠭᠡᠭᠦ ᠳᠤ ᠴᠢᠩᠭᠢᠰ᠄ ︽ᠴᠡᠷᠢᠭ ᠤᠨ ᠳᠤᠳᠤᠷ᠎ᠠ ᠨᠠᠭᠠᠳᠤᠮ ᠤᠨ ᠦᠭᠡ ᠦᠭᠡᠢ ᠪᠤᠯᠠᠢ᠂ ᠠᠯᠢᠪᠠ ᠲᠦᠷᠢᠮ ᠢ ᠪᠢ ᠳᠤᠭᠳᠠᠭᠠᠮᠤᠢ᠂ ᠮᠢᠨᠤ ᠲᠠᠭᠦᠤ ᠴᠠᠭᠠᠵᠠ ᠠᠴᠠ ᠵᠦᠷᠢᠴᠡᠭᠰᠡᠨ ᠪᠠᠶᠢᠬᠤ ᠳᠤ ᠰᠢᠳᠭᠡᠭᠦ ᠦᠭᠡᠢ ᠪᠤᠯ ᠭᠢᠳᠤᠭ᠎ᠠ ᠠᠴᠠ ᠬᠤᠷᠴᠠ ᠬᠠᠤᠯᠢ ᠵᠠᠷᠯᠢᠭ ᠭᠦᠴᠤᠨ ᠦᠭᠡᠢ ᠪᠤᠯᠵᠤ᠂ ᠪᠢ ᠭᠡᠷᠭᠢᠨ ᠲᠠᠯᠠᠭᠡᠢ ᠳ᠋ᠡᠭᠢᠨ ᠢ ᠪᠠᠶᠢᠯᠳᠤᠨ ᠲᠠᠭᠠᠭᠤᠯᠵᠤ ᠴᠢᠳᠠᠬᠤ ᠪᠤᠢ︖︾ ᠭᠡᠭᠦ ᠳᠤ ᠤᠯᠠᠨ ᠵᠠᠩᠵᠤᠨ ᠲᠦᠰᠢᠮᠠᠳ ᠨᠠᠩ ᠪᠢᠰᠢᠷᠡᠨ ᠭᠠᠶᠢᠬᠠᠵᠤ᠂ ᠤᠯᠠᠮ ᠢᠯᠠᠭᠦᠤ ᠭᠢᠴᠢᠶᠠᠩᠭᠦ᠋ᠢᠯᠠᠨ ᠵᠢᠳᠭᠦᠭᠦ ᠪᠤᠯᠪᠠ᠃ ᠲᠠᠷᠡ ᠦᠶ᠎ᠠ ᠰᠢᠷᠤᠢ ᠭᠤᠤᠯ ᠮᠤᠨᠢ ᠠᠭᠤᠯᠠ ᠶᠢᠨ ᠮᠤᠯᠴᠤᠭ ᠬᠤᠰᠢᠭᠤᠨ ᠤ ᠶᠡᠭᠡ ᠯᠠ ᠪᠠᠷᠠᠭᠤᠨ ᠬᠤᠶᠢᠭᠤᠷ ᠤᠷᠤᠰᠴᠤ ᠪᠠᠶᠢᠵᠠᠢ᠃ ᠤᠷᠤᠰᠬᠠᠯ ᠤᠨ ᠴᠢᠨᠠᠳᠤ ᠡᠷᠭᠢ ᠳᠤ ᠨᠢᠭᠡᠨ ᠬᠠᠷ᠎ᠠ ᠰᠠᠮᠠᠭᠠᠨ ᠭᠡᠭᠴᠢ ᠭᠦᠮᠦᠨ ᠪᠠᠶᠢᠵᠤ᠂ ᠲᠠᠷᠡ ᠨᠢ ᠨᠢᠭᠡᠨ ᠬᠠᠷᠢᠶᠠᠯᠴᠢ ᠬᠠᠷ᠎ᠠ ᠲᠠᠩᠭᠤᠳ ᠲᠠᠢ ᠨᠠᠶᠢᠯᠠᠨ ᠰᠠᠭᠤᠵᠤ ᠪᠠᠶᠢᠵᠠᠢ᠃ ᠲᠠᠷᠡ ᠴᠢᠩᠭᠢᠰ ᠤᠨ ᠪᠠᠷᠠᠭᠤᠨᠰᠢ ᠲᠠᠶᠢᠯᠠᠬᠤ ᠶᠢ ᠮᠠᠳᠡᠭᠡᠳ ᠡᠳᠤᠷ ᠪᠦᠷᠢ ᠰᠢᠷᠤᠢ ᠭᠤᠤᠯ ᠤᠨ ᠤᠰᠤ ᠶᠢ ᠰᠢᠨᠠᠭ᠎ᠠ ᠪᠠᠷ ᠰᠠᠮᠤᠷᠤᠨ ᠰᠠᠷᠵᠢᠮ ᠡᠷᠭᠦᠵᠤ ᠬᠠᠷᠢᠶᠠᠯ ᠲᠠᠯᠪᠢᠳᠠᠭ ᠪᠠᠶᠢᠪᠠ᠃ ᠡᠭᠦᠨ ᠠᠴᠠ ᠪᠤᠯᠵᠤ ᠠᠳᠤᠭᠤᠨ ᠳᠤᠳᠤᠷ᠎ᠠ ᠶᠠᠮ᠎ᠠ ᠡᠪᠡᠳᠴᠢᠨ ᠲᠠᠯᠭᠡᠷᠡᠵᠤ᠂ ᠤᠯᠠᠨ ᠠᠳᠤᠭᠤ ᠭᠡᠭᠡᠷ᠎ᠠ ᠦᠭᠦᠵᠤ᠂ ᠴᠡᠷᠢᠭ ᠤᠨ ᠰᠠᠳᠭᠢᠯ ᠭᠤᠶᠢᠪᠢᠨ ᠰᠠᠮᠠᠭᠤᠷᠠᠭᠰᠠᠨ ᠳᠤ ᠴᠢᠩᠭᠢᠰ ᠮᠠᠳᠡᠭᠡᠳ ᠬᠠᠷᠢᠶᠠᠯᠴᠢ ᠬᠠᠷ᠎ᠠ ᠲᠠᠩᠭᠤᠳ ᠢ ᠬᠠᠷᠪᠤᠵᠤ ᠠᠯᠠ ᠭᠡᠵᠤ ᠬᠠᠳᠠᠭᠤ ᠵᠠᠷᠯᠢᠭ ᠪᠠᠭᠤᠯᠭᠠᠵᠠᠢ᠃ ᠬᠠᠭᠠᠨ ᠤ ᠵᠠᠷᠯᠢᠭ ᠢᠶᠠᠷ ᠴᠡᠷᠢᠭ ᠤᠳ ᠨᠢ ᠭᠡᠳᠦ᠋ᠢᠴᠢᠨᠡᠭᠡᠨ ᠬᠠᠷᠪᠤᠭᠰᠠᠨ ᠴᠤ ᠵᠠᠪᠠ ᠨᠢ ᠪᠠᠶ᠎ᠠ ᠳᠤᠨᠢ ᠨᠠᠪᠳᠠᠷᠡᠭᠦ ᠦᠭᠡᠢ ᠳᠤ ᠠᠷᠭ᠎ᠠ ᠪᠤᠰᠤ ᠪᠤᠴᠠᠨ ᠢᠷᠡᠵᠤ ᠴᠢᠩᠭᠢᠰ ᠲᠤ ᠮᠠᠳᠡᠭᠦᠯᠦᠭᠰᠡᠨ ᠳᠤ ᠴᠢᠩᠭᠢᠰ ᠠᠭᠤᠷᠯᠠᠵᠤ ᠦᠪᠠᠷ ᠤᠨ ᠪᠠᠶ᠎ᠠ ᠪᠠᠷ ᠤᠴᠢᠵᠤ ᠬᠠᠷᠪᠤᠨ᠎ᠠ ᠭᠡᠭᠦ ᠳᠤ ᠤᠯᠠᠨ ᠵᠠᠩᠵᠤᠨ ᠲᠦᠰᠢᠮᠠᠳ ᠭᠦᠴᠤᠯᠠᠨ ᠬᠤᠷᠢᠭᠯᠠᠵᠤ ᠬᠠᠪᠤᠳᠤ ᠬᠠᠰᠠᠷ ᠢᠶᠠᠷ ᠬᠠᠷᠪᠤᠭᠤᠯᠵᠤ ᠭᠠᠪᠢᠶ᠎ᠠ ᠪᠠᠷ ᠶᠠᠯ᠎ᠠ ᠶᠢ ᠨᠢ ᠰᠤᠯᠢᠰᠤᠭᠠᠢ ᠭᠡᠭᠦ ᠳᠤ ᠴᠢᠩᠭᠢᠰ ᠵᠦᠪᠰᠢᠶᠡᠷᠡᠪᠡ᠃ ᠢᠡᠭᠭᠢᠭᠡᠳ ᠬᠠᠰᠠᠷ ᠶᠠᠷᠠ ᠶᠢᠰᠤᠨ ᠡᠳᠤᠷ ᠲᠠᠭᠡᠷ᠎ᠠ ᠪᠠᠨ ᠬᠤᠳᠳᠤᠭ ᠠᠴᠠ ᠭᠠᠷᠴᠤ᠂ ᠬᠠᠭᠠᠨ ᠤ ᠭᠡᠰᠢᠭ ᠲᠤ ᠮᠦᠷᠭᠦᠨ ᠬᠠᠷᠪᠤᠬᠤ ᠭᠡᠭᠦ ᠳᠤ ᠬᠤᠳᠳᠤᠭ ᠲᠤ ᠲᠠᠷᠤᠭᠳᠠᠭᠰᠠᠭᠠᠷ ᠪᠠᠶᠢᠭᠠᠳ ᠭᠦᠯᠤᠰᠤᠨ ᠡᠪᠡᠳᠴᠢᠨ ᠤᠯᠵᠤ ᠨᠤᠮᠤ ᠪᠠᠨ ᠲᠠᠳᠠᠵᠤ ᠲᠠᠶᠢᠯᠭᠦ ᠦᠭᠡᠢ ᠪᠤᠯᠵᠠᠢ᠃ ᠡᠭᠦᠨ ᠠᠴᠠ ᠪᠤᠯᠵᠤ ᠲᠠᠭᠢᠨ ᠴᠢᠩᠭᠢᠰ ᠲᠤ ᠠᠶᠢᠯᠠᠳᠬᠠᠨ ᠵᠠᠭᠤᠨ ᠬᠠᠷ᠎ᠠ ᠬᠤᠨᠢᠨ ᠤ ᠱᠦᠯᠤ ᠤᠤᠭᠤᠵᠤ ᠲᠠᠮᠢᠷ ᠢᠶᠠᠨ ᠲᠠᠵᠢᠭᠡᠭᠡᠳ ᠮᠤᠨᠢ ᠰᠢᠷ᠎ᠠ ᠤᠷᠤᠢ ᠲᠠᠭᠡᠷ᠎ᠠ ᠠᠴᠠ ᠬᠠᠷᠪᠤᠬᠤ ᠪᠠᠷ ᠪᠤᠯᠵᠠᠢ᠃ ᠲᠠᠨᠳᠠᠴᠠ ᠬᠠᠰᠠᠷ ᠪᠤᠭᠳᠠ ᠰᠠᠭᠠᠳᠠᠭ ᠨᠤᠮᠤ ᠪᠠᠨ ᠲᠠᠯᠪᠢᠵᠤ ᠠᠮᠠᠷᠠᠪᠠ᠃ ᠲᠠᠷᠡ ᠭᠠᠵᠠᠷ ᠢ ᠨᠢ ᠰᠠᠭᠠᠳᠠᠭ ᠭᠡᠵᠤ ᠨᠠᠷᠠᠯᠠᠪᠠ᠃ ᠮᠠᠨᠳᠤᠬᠤ ᠨᠠᠷᠠᠨ ᠢᠶᠠᠷ ᠨᠤᠮᠤ ᠪᠠᠨ ᠲᠠᠯᠠᠵᠤ᠂ ᠤᠨᠠᠬᠤ ᠨᠠᠷᠠᠨ ᠢᠶᠠᠷ ᠰᠤᠮᠤ ᠪᠠᠨ ᠬᠠᠷᠪᠤᠪᠠᠯ ᠠᠯᠳᠠᠨ ᠦᠳᠤᠳᠤ ᠰᠤᠮᠤ ᠨᠢ ᠪᠦᠭᠦᠯᠢ ᠤᠯᠠᠭᠠᠨ ᠭᠠᠯ ᠪᠤᠯᠵᠤ ᠤᠴᠢᠭᠠᠳ ᠬᠠᠷᠢᠶᠠᠯᠴᠢ ᠬᠠᠷ᠎ᠠ ᠲᠠᠩᠭᠤᠳ ᠤᠨ ᠬᠠᠪᠢᠷᠭ᠎ᠠ ᠪᠠᠷ ᠲᠠᠰᠤ ᠬᠠᠷᠪᠤᠨ ᠤᠨᠠᠭᠠᠬᠤ ᠳᠤ ᠤᠷᠤᠰᠤᠭᠰᠠᠨ ᠴᠢᠰᠤ ᠨᠢ ᠰᠢᠷᠤᠢ ᠭᠤᠤᠯ ᠢ ᠪᠤᠯᠠᠩᠭᠢᠷᠳᠤᠭᠤᠯᠪᠠ᠃ ᠡᠭᠦᠨ ᠠᠴᠠ ᠳᠤᠰ ᠭᠠᠵᠠᠷ ᠤᠨ ᠭᠦᠮᠦᠰ ᠪᠠᠰᠠ ᠤᠯᠠᠭᠠᠨ ᠬᠠᠳᠤᠨ ᠭᠡᠵᠤ ᠲᠠᠭᠤᠳᠠᠬᠤ ᠪᠤᠯᠪᠠ᠃ ᠲᠠᠭᠡᠭᠡᠳ ᠬᠠᠷᠢᠶᠠᠯᠴᠢ ᠲᠠᠩᠭᠤᠳ ᠪᠤᠰᠬᠤ ᠭᠡᠳ ᠬᠠᠵᠠᠭᠤᠳᠠᠭᠢ ᠬᠠᠮᠬᠤᠤᠯ ᠠᠴᠠ ᠴᠢᠩᠭᠠᠪᠠᠯ ᠬᠠᠮᠬᠤᠤᠯ ᠨᠢ ᠦᠨᠳᠤᠰᠤ ᠪᠠᠷ ᠢᠶᠠᠨ ᠦᠭᠳᠡᠭᠡᠭᠳᠡᠭᠰᠡᠨ ᠳᠤ ︽ᠤᠷᠭᠤᠬᠤ ᠪᠠᠷ ᠢᠶᠠᠨ ᠤᠷᠭᠤ︕ ᠦᠨᠳᠤᠰᠤ ᠪᠠᠷ ᠢᠶᠠᠨ ᠲᠠᠰᠤᠷᠠ︾ ᠭᠡᠵᠤ ᠬᠠᠷᠢᠶᠠᠭᠰᠠᠨ ᠳᠤ ᠬᠠᠮᠬᠤᠤᠯ ᠦᠨᠳᠤᠰᠤ ᠬᠠᠳᠬᠤᠵᠤ ᠴᠢᠳᠠᠬᠤ ᠦᠭᠡᠢ ᠪᠤᠯᠵᠤ ᠭᠡᠨ᠎ᠠ᠃ ᠲᠠᠷᠭᠡᠳᠠ ᠨᠢ ᠪᠠᠶᠢᠭᠰᠠᠨ ᠯᠠᠭᠤᠰᠠ ᠨᠢ ᠦᠷᠭᠦᠨ ᠳᠤᠳᠠᠭᠠᠭᠰᠠᠨ ᠳᠤ ︽ᠳᠤᠷᠦ᠋ᠢᠯᠠᠬᠤ ᠪᠠᠷ ᠢᠶᠠᠨ ᠲᠦᠷᠤᠳᠤᠭᠡᠢ︕︾ ᠭᠡᠵᠤ ᠬᠠᠷᠢᠶᠠᠭᠰᠠᠨ ᠳᠤ ᠯᠠᠭᠤᠰᠠ ᠳᠤᠷᠦ᠋ᠢᠯᠠᠬᠤ ᠪᠠᠨ ᠪᠠᠶᠢᠵᠤ ᠭᠡᠨ᠎ᠠ᠃ ᠡᠪᠡᠳᠤᠭᠡᠳ ᠲᠠᠰᠭᠦ ᠠᠯᠳᠠᠷᠠᠬᠤ ᠳᠠᠭᠠᠨ ᠭᠠᠷ ᠲᠠᠬᠢ ᠰᠢᠨᠠᠭ᠎ᠠ ᠪᠠᠨ ᠰᠢᠳᠠᠨ ᠶᠠᠪᠤᠭᠤᠯᠤᠭᠰᠠᠨ ᠳᠤ ᠠᠷᠤ ᠶᠢᠨ ᠠᠭᠤᠯᠠᠨ᠎ᠠ ᠳᠤᠰᠴᠤ᠂ ᠲᠠᠷᠡ ᠠᠭᠤᠯᠠ ᠶᠢ ᠰᠢᠨᠠᠭ᠎ᠠ ᠶᠢᠨ ᠠᠭᠤᠯᠠ ᠭᠡᠵᠤ ᠨᠠᠷᠠᠶᠢᠳᠭᠦ ᠪᠤᠯᠵᠠᠢ᠃ ᠬᠠᠪᠤᠳᠤ ᠬᠠᠰᠠᠷ ᠤᠨ ᠵᠠᠭᠤᠨ ᠬᠠᠷ᠎ᠠ ᠬᠤᠨᠢᠨ ᠤ ᠱᠦᠯᠦ ᠤᠤᠭᠤᠭᠰᠠᠨ ᠳᠤ ᠬᠤᠷᠤᠰᠴᠤ ︽ᠬᠠᠷᠠᠯᠠᠬᠤ ᠪᠠᠷ ᠢᠶᠠᠨ ᠬᠠᠷᠠᠯᠠ︕ ᠵᠠᠭᠤ ᠪᠢᠳᠡᠭᠡᠢ ᠭᠦᠷ︕︾ ᠭᠡᠵᠤ ᠬᠠᠷᠢᠶᠠᠭᠰᠠᠨ ᠳᠤ ᠬᠤᠶᠢᠳᠤ ᠭᠠᠵᠠᠷ ᠤᠨ ᠬᠠᠷ᠎ᠠ ᠬᠤᠨᠢ ᠴᠦᠭᠡᠷᠡᠵᠤ ᠭᠡᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号