ᠭᠠᠯ ᠤᠨ ᠲᠠᠯᠠᠯᠭ᠎ᠠ
ᠨᠡᠶᠢᠲᠡᠯᠡᠭᠰᠡᠨ ᠴᠠᠭ᠄
2019/11/18
ᠮᠤᠩᠭᠤᠯ ᠦᠨᠳᠦᠰᠦᠳᠡᠨ ᠡᠷᠳᠡ ᠤᠵᠤᠭᠤᠷ ᠠᠴᠠ ᠪᠠᠨ ᠭᠠᠯ ᠢ ᠬᠦᠨᠳᠦᠳᠬᠡᠨ᠂ ᠭᠠᠯ ᠢᠶᠠᠨ ᠤᠨᠳᠠᠷᠠᠭᠠᠬᠤ ᠦᠬᠡᠢ ᠪᠠᠷ ᠮᠠᠨᠠᠵᠦ ᠬᠤᠨᠤᠳᠠᠭ ᠵᠠᠩᠰᠢᠯ ᠲᠠᠢ ᠪᠦᠭᠡᠳ ᠭᠤᠷᠪᠠᠨ ᠵᠢᠯ ᠭᠠᠯ ᠢᠶᠠᠨ ᠤᠨᠳᠠᠷᠠᠭᠠᠬᠤ ᠦᠬᠡᠢ ᠪᠤᠯ ᠪᠡᠶᠡᠵᠢᠨ᠎ᠠ ᠬᠡᠮᠡᠳᠡᠭ᠃ ᠭᠠᠯ ᠨᠢ ᠦᠡᠭᠬᠡᠷᠡᠭᠰᠡᠨ ᠤᠳᠤ ᠢᠷᠡᠬᠡᠳᠦᠢ ᠳᠤ ᠬᠦᠮᠦᠨ ᠲᠦᠷᠦᠯᠬᠢᠳᠡᠨ ᠤ ᠰᠢᠳᠦᠨ ᠭᠡᠷᠡᠭᠯᠡᠬᠦ ᠮᠦᠡᠭᠬᠡ ᠶᠢᠨ ᠰᠢᠳᠦᠬᠡᠨ ᠪᠤᠯᠤᠬᠰᠠᠨ ᠶᠤᠮ᠃ ᠮᠠᠨ ᠤ ᠮᠤᠩᠭᠤᠯᠴᠤᠳ ᠤᠯᠠᠨ ᠵᠠᠭᠤᠨ ᠵᠢᠯ ᠤᠨ ᠲᠤᠷᠰᠢ᠂ ᠵᠢᠯ ᠪᠦᠷᠢ ᠶᠢᠨ ᠰᠡᠬᠦᠯ ᠰᠠᠷ᠎ᠠ ᠶᠢᠨ ᠬᠤᠷᠢᠨ ᠭᠤᠷᠪᠠᠨ ᠳᠤ ᠭᠠᠯ ᠢᠶᠠᠨ ᠲᠠᠬᠢᠵᠦ ᠲᠠᠯᠠᠯᠭ᠎ᠠ ᠠᠪᠴᠦ᠂ ᠭᠠᠯ ᠤᠨ ᠪᠤᠷᠬᠠᠨ ᠳᠠᠭᠠᠨ ᠠᠯᠢᠪᠡ ᠰᠠᠶᠢᠨ ᠰᠠᠶᠢᠬᠠᠨ ᠢᠶᠠᠨ ᠲᠠᠭᠠᠳᠬᠠᠨ ᠮᠦᠷᠬᠦᠳᠡᠭ ᠤᠴᠢᠷᠳᠡᠢ᠃ ᠭᠠᠯ ᠤᠨ ᠲᠠᠯᠠᠯᠭᠠᠨ ᠤ ᠭᠤᠷᠪᠠ ᠬᠤᠨᠤᠭ ᠲᠤ ᠪᠤᠰᠤᠳ ᠲᠤ ᠶᠠᠭᠤᠮ᠎ᠠ ᠦᠭᠳᠡᠭ ᠦᠬᠡᠢ ᠴᠡᠬᠡᠷᠯᠡᠯ ᠲᠠᠢ ᠪᠦᠭᠡᠳ ᠭᠠᠯ ᠤᠨ ᠲᠠᠯᠠᠯᠭᠠᠨ ᠱᠸᠡᠭ ᠳᠤ ᠲᠠᠯᠠᠯᠭᠠᠨ ᠰᠤᠮᠤ ᠪᠠᠨ ᠬᠠᠳᠬᠤᠨ ᠭᠤᠷᠪᠠ ᠬᠤᠨᠤᠭ ᠲᠠᠬᠢᠭᠠᠳ᠂ ᠲᠦᠷᠪᠡᠳᠦᠬᠡᠷ ᠡᠳᠦᠷ ᠲᠤᠨᠢ ᠬᠤᠷᠢᠶᠠᠨ ᠠᠪᠴᠦ ᠬᠠᠳᠠᠭᠠᠯᠠᠳᠠᠭ᠃ ᠲᠠᠯᠠᠯᠭᠠᠨ ᠱᠸᠡᠭ᠄ ᠠᠮᠠᠰᠡᠷ ᠲᠠᠯ᠎ᠠ ᠨᠢ ᠶᠢᠰᠦᠨ ᠢᠮᠠᠬᠤ ᠰᠢᠬᠠᠮ᠂ ᠢᠷᠤᠭᠠᠷ ᠨᠢ ᠵᠢᠷᠭᠤᠭᠠᠨ ᠢᠮᠠᠬᠤ ︵ᠪᠤᠳᠠᠭᠠᠨ ᠱᠸᠡᠭ ᠮᠡᠳᠦ︶ ᠪᠠᠶᠢᠵᠦ ᠬᠠᠪᠬᠠᠭᠠᠰᠦ ᠲᠠᠢ᠂ ᠬᠠᠪᠬᠠᠭᠠᠰᠤᠨ ᠤ ᠭᠤᠤᠯ ᠳᠠᠭᠠᠨ ᠵᠤᠭᠤᠰᠤᠨ ᠭᠡ ᠪᠤᠶᠤ ᠦᠯᠵᠡᠢ ᠦᠰᠦᠭ ᠤᠨ ᠬᠡ ᠲᠠᠢ ᠪᠦᠬᠡᠳ ᠲᠠᠯᠠᠯᠭᠠᠨ ᠰᠤᠮᠤ ᠪᠠᠨ ᠬᠠᠳᠬᠤᠬᠤ ᠨᠦᠬᠡ ᠲᠠᠢ᠃ ᠲᠦᠷᠪᠡᠨ ᠲᠠᠯ᠎ᠠ ᠳᠤᠨᠢ ᠴᠢᠨᠳᠠᠮᠤᠨᠢ᠂ ᠬᠤᠮᠬ᠎ᠠ᠂ ᠲᠤᠩ᠂ ᠬᠤᠤᠰ ᠵᠢᠭᠠᠰᠦ ᠶᠢᠨ ᠬᠡ ᠲᠠᠢ᠃ ᠬᠡᠷᠪᠡ ᠲᠠᠯᠠᠯᠭᠠᠨ ᠱᠸᠡᠭ ᠦᠬᠡᠢ ᠪᠤᠯ ᠠᠶᠠᠭ᠎ᠠ ᠪᠤᠶᠤ ᠰᠠᠭᠤᠯᠭ᠎ᠠ ᠬᠡᠷᠡᠭᠯᠡᠳᠡᠭ᠃ ᠲᠠᠯᠠᠯᠭᠠᠨ ᠱᠸᠡᠭ ᠪᠤᠶᠤ ᠲᠠᠯᠠᠯᠭᠠᠨ ᠰᠠᠭᠤᠯᠭᠠᠨ ᠳᠤ ᠲᠠᠪᠤᠨ ᠬᠤᠰᠢᠭᠤ ᠮᠠᠯ ᠤᠨ ᠢᠮ ᠵᠢᠰᠦ᠂ ᠲᠠᠪᠤᠨ ᠲᠠᠷᠢᠶᠠᠨ ᠤ ᠦᠷ᠎ᠠ᠂ ᠠᠯᠳᠠ ᠮᠦᠡᠭᠬᠦᠨ ᠵᠤᠭᠤᠰ ᠵᠡᠷᠬᠡ ᠶᠢ ᠬᠢᠵᠦ ᠠᠮᠠᠰᠡᠷ ᠢ ᠨᠢ ᠪᠦᠳᠡᠬᠡᠵᠦ ᠲᠠᠯᠪᠢᠨ᠎ᠠ᠃ ᠲᠠᠯᠠᠯᠭᠠᠨ ᠰᠤᠮᠦ᠄ ᠲᠠᠯᠠᠯᠭᠠᠨ ᠰᠤᠮᠦ ᠨᠢ ᠬᠤᠯᠤᠰᠦ ᠪᠤᠶᠤ ᠵᠢᠮᠢᠰ ᠤᠨ ᠮᠤᠳᠤᠨ ᠡᠰᠢ ᠲᠠᠢ᠃ ᠡᠰᠢ ᠨᠢ ᠬᠤᠶᠡᠷ ᠲᠤᠬᠤᠢ ᠬᠠᠭᠠᠰ ᠬᠢᠷᠢ ᠤᠷᠳᠦ᠃ ᠡᠰᠢᠨ ᠤ ᠲᠡᠬᠡᠷ᠎ᠠ ᠦᠵᠦᠬᠦᠷ ᠲᠤ ᠪᠢᠴᠢᠬᠠᠨ ᠱᠸᠡᠭ ᠲᠠᠢ᠂ ᠪᠢᠴᠢᠬᠠᠨ ᠱᠸᠡᠭ ᠳᠤ ᠨᠠᠮᠳᠠᠭ ᠤᠨ ᠰᠠᠩ᠂ ᠵᠢᠷᠭᠤᠭᠠᠨ ᠠᠷᠢᠭᠤᠨ ᠵᠡᠷᠬᠡ ᠶᠢ ᠠᠬᠤᠭᠤᠯᠤᠨ ᠠᠮᠠᠰᠡᠷ ᠢ ᠪᠢᠳᠡᠬᠦᠮᠵᠢᠯᠠᠨ᠎ᠠ᠃ ᠡᠰᠢᠨ ᠤ ᠤᠭ ᠲᠤ ᠲᠡᠮᠦᠷ ᠵᠡᠪᠡ ᠲᠠᠢ᠂ ᠡᠬᠦᠨ ᠢᠶᠠᠷ ᠲᠠᠯᠠᠯᠭᠠᠨ ᠱᠸᠡᠭ ᠤᠨ ᠲᠡᠬᠡᠷᠡᠬᠢ ᠬᠡ ᠶᠢᠨ ᠲᠤᠮᠳᠡᠬᠢ ᠨᠦᠬᠡᠨ ᠳᠤ ᠲᠠᠯᠠᠯᠭᠠᠨ ᠰᠤᠮᠤ ᠪᠠᠨ ᠬᠠᠳᠬᠤᠨ᠎ᠠ᠃ ᠲᠠᠯᠠᠯᠭᠠᠨ ᠰᠤᠮᠦ ᠶᠢᠨ ᠡᠰᠢᠨ ᠳᠤ᠂ ᠬᠦᠬᠡ᠂ ᠰᠢᠷ᠎ᠠ᠂ ᠤᠯᠠᠭᠠᠨ᠂ ᠨᠤᠭᠤᠭᠠᠨ᠂ ᠴᠠᠭᠠᠨ ᠲᠠᠪᠤᠨ ᠦᠡᠭᠬᠡ ᠶᠢᠨ ᠭᠭᠢᠪ ᠲᠠᠢ᠃ ᠭᠬᠢᠪ ᠤᠨ ᠪᠤᠯᠤᠩ ᠳᠤᠨᠢ ᠬᠦᠪᠤᠡᠭ ᠢᠶᠠᠷ ᠪᠢᠴᠢᠬᠠᠨ ᠪᠦᠮᠪᠦᠭᠡ ᠭᠠᠷᠭᠠᠨ ᠪᠤᠭᠤᠵᠦ᠂ ᠤᠷᠤᠢ ᠶᠢᠨ ᠪᠢᠴᠢᠬᠠᠨ ᠱᠸᠡᠭ ᠠᠴᠠ ᠲᠤᠷᠤᠭᠰᠢ ᠪᠠᠨ ᠲᠠᠪᠤᠨ ᠢᠮᠠᠬᠤ ᠶᠢᠨ ᠵᠠᠢ ᠳᠤ ᠰᠢᠷ᠎ᠠ ᠤᠳᠠᠰᠦ ᠪᠠᠷ ᠤᠷᠢᠶᠠᠨ ᠲᠤᠭᠳᠠᠭᠠᠬᠤ ᠪᠦᠭᠡᠳ ᠪᠠᠰᠠ ᠴᠠᠭᠠᠨ ᠪᠦᠰ ᠤᠨ ᠲᠡᠬᠡᠷ᠎ᠠ ᠲᠠᠷᠨᠢ ᠨᠤᠮ ᠪᠢᠴᠢᠭᠡᠳ ᠤᠯᠠᠭᠠᠨ ᠲᠤᠷᠭ᠎ᠠ ᠪᠠᠷ ᠬᠦᠪᠡᠬᠡᠯᠡᠭᠰᠡᠨ ᠨᠢᠬᠡᠨ ᠭᠭᠢᠪ ᠤᠨ ᠬᠠᠮᠳᠦ ᠲᠤᠭᠳᠠᠭᠠᠨ᠎ᠠ᠃ ᠡᠬᠦᠨ ᠠᠴᠠ ᠪᠤᠰᠤᠳ ᠸᠴᠢᠷ᠂ ᠤᠭ᠍ᠶᠤ᠂ ᠱᠢᠷᠦ᠂ ᠶᠤᠸᠠᠮᠪᠤ ᠵᠢᠴᠢ ᠶᠢᠰᠦᠨ ᠮᠦᠡᠭᠬᠦᠨ ᠭᠠᠷᠬ᠎ᠠ ᠵᠡᠷᠬᠡ ᠡᠳ᠋ ᠡᠷᠳᠡᠨᠢᠰ ᠢ ᠡᠰᠢᠨ ᠳᠤᠨᠢ ᠳᠡᠬᠦᠵᠢᠯᠡᠳᠡᠭ᠂ ᠡᠳᠡᠬᠡᠷ ᠢ ᠬᠦᠢᠴᠡᠳᠭᠡᠭᠰᠡᠨ ᠢ ᠲᠠᠷᠤᠢ ᠲᠠᠯᠠᠯᠭᠠᠨ ᠰᠤᠮᠦ ᠭᠡᠳᠡᠭ᠃ ᠲᠠᠯᠠᠯᠭᠠᠨ ᠱᠸᠡᠭ ᠠᠪᠬᠤ ᠳᠠᠭᠠᠨ ᠬᠡᠷ ᠤᠨ ᠡᠵᠡᠨ ᠨᠢ ᠲᠠᠯᠠᠯᠭᠠᠨ ᠠᠶᠠᠭ᠎ᠠ ᠲᠠᠢ ᠠᠮᠤᠰᠦ ᠪᠠᠨ ᠪᠠᠷᠢᠨ᠂ ᠬᠦᠤᠴᠤᠤᠯ ᠨᠢ ᠲᠠᠯᠠᠯᠭᠠᠨ ᠰᠤᠮᠤ ᠪᠠᠨ ᠪᠠᠷᠢᠵᠦ᠂ ᠦᠬᠢᠳ ᠪᠡᠷᠢᠶᠠᠳ ᠨᠢ ᠴᠠᠭᠠᠨ ᠢᠳᠡᠭᠡ ᠪᠡᠷᠢᠨ᠂ ᠨᠠᠷᠠ ᠵᠦᠪ ᠡᠷᠬᠢᠬᠦᠯᠦᠨ ᠲᠠᠯᠠᠯᠭ᠎ᠠ ᠠᠪᠴᠦ᠂ ᠭᠠᠯ ᠤᠨ ᠪᠤᠷᠬᠠᠨ ᠳᠠᠭᠠᠨ ᠮᠦᠷᠬᠦᠳᠡᠭ ᠵᠠᠩᠰᠢᠯ ᠲᠠᠢ᠃ ᠲᠠᠯᠠᠯᠭ᠎ᠠ ᠠᠪᠬᠤ ᠳᠠᠭᠠᠨ ᠬᠦᠮᠦᠰ ᠡᠷᠡᠬᠦᠯ ᠡᠩᠬᠡ᠂ ᠠᠮᠦᠷ ᠲᠠᠶᠢᠪᠤᠡᠭ᠂ ᠰᠠᠶᠢᠨ ᠰᠠᠶᠢᠬᠠᠨ᠂ ᠪᠠᠶᠠᠨ ᠴᠢᠨᠡᠬᠡᠯᠢᠭ ᠠᠮᠢᠳᠤᠷᠠᠯ ᠢ ᠪᠡᠯᠬᠡᠳᠡᠨ ᠲᠠᠭᠠᠳᠬᠠᠳᠠᠭ᠃ ᠭᠠᠯ ᠤᠨ ᠲᠠᠯᠠᠯᠭ᠎ᠠ ᠠᠪᠬᠤ ᠠᠭᠤᠯᠭ᠎ᠠ ᠪᠤᠯᠤᠨ ᠠᠯᠬᠤᠮ ᠲᠠᠷᠠᠭ᠎ᠠ ᠨᠢ ᠡᠯ᠎ᠠ ᠨᠤᠳᠤᠭ ᠲᠤ ᠪᠠᠭ᠎ᠠ ᠵᠦᠷᠢᠶ᠎ᠠ ᠲᠠᠢ ᠪᠤᠯᠪᠠᠴᠦ ᠶᠡᠷᠦᠩᠬᠡᠢ ᠳᠡᠭᠡᠨ ᠠᠳᠠᠯᠢᠪᠳᠦᠷ ᠪᠠᠶᠢᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号