| | ᠠᠯᠠᠱᠠ ᠠᠶᠢᠮᠠᠭ ᠤᠨ ᠡᠵᠡᠨ᠎ᠡ ᠬᠤᠰᠢᠭᠤᠨ ᠤ ︽ᠣᠷᠢᠳᠣ ᠭᠤᠣᠯ︾ ᠤᠨ ᠵᠡᠬᠦᠨ ᠡᠷᠬᠢ ᠳᠠᠬᠢ ᠡᠯᠡᠰᠣᠨ ᠭᠤᠪᠢ ᠳᠤ | ᠨᠢᠭᠡᠨ ᠰᠠᠭᠤᠷᠢ ᠪᠠᠷᠠᠭᠤᠨ ᠰᠢᠶᠠ ᠶᠢᠨ ᠸᠠᠩᠳᠣ ᠳᠦᠷᠤ ᠶᠢᠨ ᠬᠠᠭᠤᠴᠢᠨ ᠪᠠᠭᠤᠷᠢ ᠪᠠᠶᠢᠳᠠᠭ᠃ ᠬᠦᠮᠦᠰ ᠳᠡᠬᠦᠨ ᠢ ︽ | ᠬᠠᠷ᠎ᠠ ᠬᠤᠳᠠ︾ ᠭᠡᠵᠤ ᠨᠡᠷᠡᠯᠡᠳᠡᠭ ᠪᠦᠭᠡᠳ ᠬᠤᠳᠠ ᠶᠢᠨ ᠪᠠᠷᠠᠭᠤᠨ ᠦᠨᠴᠦᠭ ᠳᠡᠭᠡᠷ᠎ᠡ ᠨᠢᠭᠡ ᠳᠣᠮᠣ ᠴᠠᠭᠠᠨ | ᠰᠣᠪᠣᠷᠭ᠎ᠠ ᠪᠠᠶᠢᠳᠠᠭ᠃ ᠡᠨᠡᠬᠦ ᠬᠠᠷ᠎ᠠ ᠬᠤᠳᠠ ᠶᠢᠨ ᠳᠣᠬᠠᠢ ᠳᠣᠰ ᠭᠠᠵᠠᠷ ᠤᠨ ᠮᠣᠩᠭᠤᠯᠴᠣᠳ ᠤᠨ ᠳᠣᠮᠳᠠ ᠡᠶᠢᠮᠤ | ᠭᠡᠳᠦᠨ ᠳᠣᠮᠤᠭ ᠶᠠᠷᠢᠶ᠎ᠠ ᠪᠠᠶᠢᠳᠠᠭ᠃ ᠨᠢᠭᠡ᠂ ᠪᠠᠷᠠᠭᠤᠨ ᠰᠢᠶᠠ ᠣᠯᠣᠰ ᠤᠨ ᠮᠠᠨᠳᠣᠯ ᠤᠨ ᠦᠶ᠎ᠡ ᠳᠤ ᠨᠠᠶᠢᠰᠯᠠᠯ | ᠪᠠᠶᠢᠭᠰᠠᠨ ᠬᠠᠷ᠎ᠠ ᠬᠤᠳᠠ ᠶᠢ ᠬᠠᠷ᠎ᠠ ᠪᠠᠭᠠᠳᠤᠷ ᠭᠡᠳᠡᠭ ᠨᠢᠭᠡᠨ ᠡᠷᠡᠯᠭᠡᠭ ᠪᠠᠭᠠᠳᠣᠷᠯᠢᠭ ᠵᠠᠩᠵᠣᠨ ᠰᠠᠬᠢᠨ ᠰᠠᠭᠤᠵᠤ | ᠪᠠᠶᠢᠵᠡᠢ᠃ ᠳᠡᠭᠡᠭᠡᠳ ᠮᠢᠩ ᠣᠯᠣᠰ ᠤᠨ ᠹᠧᠩ ᠱᠧᠩ ᠤᠨ ᠶᠡᠭᠡ ᠴᠡᠷᠢᠭ ᠤᠨ ᠳᠠᠭᠠᠷᠢᠯᠳᠠ ᠳᠤ ᠣᠴᠠᠷᠠᠵᠤ᠂ ᠬᠤᠳᠠ | ᠪᠠᠬᠢ᠂ ᠬᠦᠨᠡᠰᠣ ᠡᠯᠪᠡᠭ ᠲᠡᠭᠡᠨ ᠨᠠᠶᠢᠳᠠᠭᠰᠠᠨ ᠵᠠᠩᠵᠤᠨ ᠬᠤᠳᠠ ᠪᠠᠨ ᠪᠠᠳᠣ ᠰᠠᠬᠢᠵᠡᠢ᠃ ᠹᠧᠩ ᠱᠧᠩ ᠤᠨ ᠶᠡᠭᠡ | ᠴᠡᠷᠢᠭ ᠣᠳᠠᠭᠠᠨ ᠡᠳᠦᠷ ᠳᠠᠭᠠᠷᠢᠭᠠᠳ ᠬᠤᠳᠠ ᠶᠢ ᠡᠪᠳᠡᠵᠣ ᠡᠵᠡᠯᠡᠨ ᠳᠠᠶᠢᠯᠦᠭᠰᠡᠨ ᠦᠭᠡᠢ ᠪᠤᠯᠬᠤᠷ ᠬᠤᠷᠣᠨ | ᠰᠠᠨᠠᠭ᠎ᠠ ᠭᠠᠷᠭᠠᠵᠤ᠂ ᠬᠤᠳᠠ ᠶᠢᠨ ᠠᠷᠠᠳ ᠤᠨ ᠣᠷᠣᠰᠢᠨ ᠳᠣᠭᠳᠠᠨᠢᠬᠤ ᠴᠣᠷ ᠤᠨ ᠭᠠᠭᠴᠠ ᠨᠠᠶᠢᠳᠠᠯᠭ᠎ᠠ ᠪᠤᠯᠤᠭᠰᠠᠨ | ᠡᠵᠡᠨ᠎ᠡ ᠭᠤᠤᠯ ᠤᠨ ᠳᠡᠭᠡᠳᠣ ᠣᠷᠣᠰᠬᠠᠯ ᠢ ᠳᠠᠰᠣᠯᠵᠡᠢ᠃ ᠣᠮᠳᠠ ᠳᠠᠰᠣᠷᠠᠭᠰᠠᠨ ᠬᠠᠷ᠎ᠠ ᠬᠤᠳᠠ ᠶᠢᠨ ᠬᠢᠨ ᠬᠤᠳᠠ | ᠳᠣᠳᠣᠷ᠎ᠠ ᠨᠠᠶᠠᠨ ᠵᠠᠩ ᠬᠦᠨ ᠬᠤᠳᠳᠤᠭ ᠮᠠᠯᠳᠠᠭᠠᠳ ᠴᠦ ᠤᠰᠤ ᠭᠠᠷᠭᠠᠵᠤ ᠳᠡᠶᠢᠯᠦᠭᠰᠡᠨ ᠦᠭᠡᠢ ᠭᠡᠨ᠎ᠡ᠃ | ᠳᠡᠭᠡᠭᠡᠳ ᠬᠠᠷ᠎ᠠ ᠪᠠᠭᠠᠳᠣᠷ ᠵᠠᠩᠵᠤᠨ ᠬᠤᠳᠠ ᠳᠣᠳᠣᠷᠠᠬᠢ ᠠᠯᠳᠠ ᠮᠦᠩᠭᠦᠨ ᠡᠳ᠋ ᠡᠷᠳᠡᠨᠢᠰ ᠪᠠ ᠦᠪᠡᠷ ᠤᠨ | ᠳᠦᠷᠦᠯ ᠰᠠᠳᠣᠨ ᠢᠶᠠᠨ ᠬᠠᠷᠬᠢᠰ ᠳᠠᠶᠢᠰᠣᠨ ᠤ ᠭᠠᠷ ᠲᠤ ᠣᠷᠣᠭᠤᠯᠬᠤ ᠦᠭᠡᠢ ᠶᠢᠨ ᠳᠦᠯᠦᠭᠡ ᠬᠦᠪᠡᠬᠦᠨ | ᠦᠬᠢᠨ ᠢᠶᠠᠨ ᠡᠳ᠋ ᠡᠷᠳᠡᠨᠢᠰ ᠲᠠᠢ ᠬᠠᠮᠳᠣ ᠬᠤᠳᠳᠤᠭ ᠳᠣᠳᠣᠷ᠎ᠠ ᠬᠢᠵᠤ ᠳᠠᠷᠤᠵᠤ ᠳᠠᠯᠪᠢᠭᠠᠳ᠂ ᠬᠤᠶᠠᠭ | ᠴᠡᠷᠢᠭ ᠢᠶᠠᠨ ᠳᠠᠭᠠᠭᠤᠯᠣᠨ ᠬᠤᠳᠠ ᠶᠢᠨ ᠬᠤᠶᠢᠳᠣ ᠭᠡᠷᠡᠮ ᠢ ᠰᠡᠳᠡᠯᠣᠨ ᠭᠠᠷᠴᠣ᠂ ᠳᠡᠷᠡ ᠦᠶ᠎ᠡ ᠶᠢᠨ ᠢᠭᠴᠣ | ᠰᠠᠬᠤᠯᠢᠭ ᠳᠣᠣᠷᠡᠢ ᠶᠢᠨ ᠣᠢ ︵ᠣᠳᠣ ᠶᠢᠨ ᠬᠠᠴᠢᠨ ᠪᠠᠯᠠᠷ︶ ᠳᠣᠳᠣᠷ᠎ᠠ ᠳᠡᠮᠡᠴᠡᠨ ᠪᠠᠶᠢᠯᠳᠣᠭᠰᠠᠭᠠᠷ ᠪᠦᠬᠦ | ᠴᠡᠷᠢᠭ ᠢᠶᠠᠷ ᠢᠶᠠᠨ ᠰᠦᠨᠦᠭᠰᠡᠨ ᠭᠡᠳᠡᠭ᠃ ᠣᠰᠣᠨ ᠤ ᠡᠬᠢ ᠪᠠᠨ ᠳᠠᠰᠣᠯᠣᠭᠤᠯᠣᠭᠰᠠᠨ ᠬᠦᠮᠦᠨ ᠠᠷᠠᠳ ᠢᠩᠭᠢᠵᠣ | ᠮᠦᠬᠦᠵᠣ ᠰᠠᠷᠨᠢᠬᠤ ᠳᠤ᠂ ᠳᠣᠣᠷᠡᠢ ᠮᠣᠳᠣ ᠴᠦ ᠬᠠᠳᠠᠨ ᠦᠬᠦᠵᠡᠢ᠃ ᠳᠡᠭᠡᠭᠡᠳ ᠵᠠᠩᠵᠤᠨ ᠬᠠᠷ᠎ᠠ ᠬᠤᠳᠠ ᠪᠠᠨ | ᠰᠠᠬᠢᠵᠤ ᠳᠠᠶᠢᠳᠦᠨ ᠦᠬᠦᠭᠰᠡᠨ ᠦᠢ ᠳᠦᠮᠡᠨ ᠡᠷᠡᠰ ᠲᠠᠢ ᠪᠠᠨ ᠬᠠᠮᠳᠣ ᠬᠠᠷ᠎ᠠ ᠬᠤᠳᠠ ᠶᠢᠨ ᠪᠠᠭᠤᠷᠢ ᠪᠠᠨ ᠰᠠᠬᠢᠵᠤ | ᠰᠠᠭᠤᠭᠰᠠᠭᠠᠷ ᠪᠤᠢ᠃ ᠬᠠᠷ᠎ᠠ ᠪᠠᠭᠠᠳᠣᠷ ᠤᠨ ᠬᠦᠣ ᠭᠡᠣᠭᠡᠨ ᠨᠢ ᠮᠣᠭᠠᠢ ᠪᠣᠯᠣᠨ ᠬᠤᠪᠢᠯᠣᠭᠠᠳ ᠬᠠᠷ᠎ᠠ ᠬᠤᠳᠠ ᠶᠢᠨ | ᠬᠦᠨ ᠬᠤᠳᠳᠤᠭ ᠢᠶᠠᠨ ᠰᠠᠬᠢᠨ᠂ ᠠᠪᠤ ᠶᠢᠨ ᠢᠶᠠᠨ ᠢᠷᠡᠵᠣ ᠠᠪᠤᠷᠠᠨ ᠭᠠᠷᠭᠠᠬᠤ ᠶᠢ ᠬᠦᠯᠢᠶᠡᠭᠰᠡᠭᠡᠷ ᠪᠤᠢ ᠭᠡᠨ᠎ᠡ᠃ | ᠬᠤᠶᠠᠷ᠂ ᠡᠷᠳᠡ ᠪᠣᠭᠳᠠ ᠴᠢᠩᠭᠢᠰ ᠵᠣᠰᠠᠭᠠᠯ ᠠᠴᠠ ᠪᠠᠨ ᠭᠠᠷᠴᠣ ᠳᠠᠩᠭᠤᠳ ᠳᠦᠪᠡᠳ ᠤᠨ ᠣᠷᠣᠨ ᠢ | ᠳᠠᠶᠢᠯᠠᠬᠤ ᠳᠠᠭᠠᠨ ᠡᠯᠡᠰᠣᠨ ᠭᠤᠪᠢ ᠳᠠᠬᠢ ᠨᠢᠭᠡ ᠶᠡᠭᠡ ᠬᠤᠳᠠ ᠶᠢ ᠳᠠᠭᠠᠷᠢᠵᠡᠢ᠃ ᠡ᠊ᠨᠳᠡ ᠠᠪᠠ᠂ ᠮᠠᠯᠯᠠᠭ᠎ᠠ ᠳᠤ | ᠳᠣᠬᠢᠷᠡᠮᠵᠢᠳᠡᠢ᠂ ᠠᠷᠠᠳ ᠢᠷᠭᠡᠳ ᠡᠶᠡᠳᠡᠢ᠂ ᠡᠪᠡᠰᠣ ᠪᠡᠯᠴᠢᠭᠡᠷ ᠰᠠᠬᠤᠯᠢᠭ᠂ ᠦᠵᠡᠮᠵᠢᠳᠣ ᠣᠢ ᠪᠠᠷ ᠢᠭᠴᠣ | ᠰᠠᠶᠢᠬᠠᠨ ᠨᠣᠳᠤᠭ ᠪᠠᠶᠢᠭᠰᠠᠨ ᠳᠤ ᠦᠪᠡᠷ ᠤᠨ ᠭᠠᠷ ᠳᠣᠣᠷᠠᠬᠢ ᠨᠢᠭᠡ ᠵᠠᠩᠵᠤᠨ ᠢᠶᠠᠨ ᠳᠣᠮᠢᠯᠠᠨ ᠡᠨᠡ ᠬᠤᠳᠠ ᠶᠢ | ᠵᠠᠬᠢᠷᠤᠭᠤᠯᠵᠡᠢ᠃ ᠰᠡᠬᠦᠯᠡᠷ ᠨᠢ ᠮᠢᠩ ᠣᠯᠣᠰ ᠪᠠᠶᠢᠭᠤᠯᠤᠭᠳᠠᠨ ᠶᠤᠸᠠᠨ ᠣᠯᠣᠰ ᠢ ᠮᠦᠬᠦᠭᠡᠬᠦ ᠦᠶᠡᠰ ᠮᠢᠩ | ᠣᠯᠣᠰ ᠤᠨ ᠵᠠᠭᠤᠨ ᠳᠦᠮᠡᠨ ᠴᠡᠷᠢᠭ ᠡᠨᠡ ᠬᠤᠳᠠ ᠶᠢ ᠳᠠᠭᠠᠷᠢᠵᠡᠢ᠃ ᠬᠤᠳᠠ ᠶᠢᠨ ᠵᠠᠬᠢᠷᠤᠭᠴᠢ᠂ ᠡᠵᠡᠨ | ᠴᠢᠩᠭᠢᠰ ᠤᠨ ᠦᠷᠡᠰ ᠬᠠᠷ᠎ᠠ ᠪᠠᠭᠠᠳᠣᠷ ᠭᠡᠮᠡᠭᠴᠢ ᠬᠦᠮᠦᠨ ᠡᠨᠡ ᠬᠤᠳᠠ ᠪᠣᠯ ᠪᠣᠮᠪᠠ ᠶᠢᠨ ᠣᠷᠣᠨ᠂ ᠪᠣᠯᠳᠣ ᠶᠢᠨ | ᠨᠣᠳᠤᠭ᠂ ᠪᠣᠰᠣᠳ ᠤᠨ ᠳᠠᠯᠬᠢᠳᠠᠯ ᠳᠤ ᠶᠠᠭᠠᠬᠢᠭᠰᠠᠨ ᠴᠦ ᠣᠷᠣᠭᠤᠯᠵᠣ ᠪᠣᠯᠬᠤ ᠦᠭᠡᠢ ᠭᠡᠳ ᠠᠷᠠᠳ ᠴᠡᠷᠢᠭ ᠢᠶᠠᠨ | ᠳᠠᠶᠢᠴᠢᠯᠠᠨ᠂ ᠠᠷᠢᠭᠤᠨ ᠰᠡᠳᠬᠢᠯ ᠢᠶᠠᠨ ᠬᠤᠯᠪᠣᠯᠴᠠᠨ᠂ ᠮᠢᠩ ᠤᠨ ᠴᠡᠷᠢᠭ ᠲᠠᠢ ᠭᠡᠳᠣᠨ ᠵᠢᠯ ᠪᠠᠶᠢᠯᠳᠣᠭᠠᠳ | ᠢᠯᠠᠭᠳᠠᠯ ᠦᠭᠡᠢ ᠳᠡᠮᠡᠴᠡᠵᠣ᠂ ᠨᠣᠳᠤᠭ ᠢᠶᠠᠨ ᠬᠠᠮᠠᠭᠠᠯᠠᠭᠰᠠᠭᠠᠷ ᠪᠠᠶᠢᠵᠡᠢ᠃ ᠬᠠᠳᠠᠭᠤ ᠰᠢᠷᠦᠬᠦᠨ ᠪᠠᠶᠢᠯᠳᠣᠭᠠᠨ ᠢᠶᠠᠷ | ᠬᠠᠷ᠎ᠠ ᠪᠠᠭᠠᠳᠣᠷ ᠢ ᠢᠯᠡᠵᠤ ᠴᠢᠳᠠᠬᠤ ᠦᠭᠡᠢ ᠪᠠᠨ ᠮᠡᠳᠡᠭᠡᠳ ᠮᠢᠩ ᠤᠨ ᠴᠡᠷᠢᠭ ᠠᠷᠭ᠎ᠠ ᠭᠠᠷᠭᠠᠨ ᠪᠠᠰᠢᠷ ᠭᠡᠷᠡᠭᠯᠡᠵᠤ᠂ | ᠬᠤᠶᠠᠷ ᠬᠦᠮᠦᠨ ᠢ ᠳᠣᠷᠰᠢᠭᠤᠯ ᠪᠣᠯᠭᠠᠨ ᠬᠤᠳᠠ ᠳᠤ ᠣᠷᠣᠭᠤᠯᠣᠨ ᠳᠠᠩᠨᠠᠭᠤᠯᠣᠭᠰᠠᠨ ᠳᠤ ᠰᠠᠭᠤᠭᠠᠯᠢ ᠠᠷᠠᠳ ᠤᠨ | ᠣᠰᠣᠨ ᠰᠠᠪᠠ ᠨᠢ ᠴᠦᠮ ᠠᠮᠠᠰᠠᠷ ᠢᠶᠠᠷ ᠢᠶᠠᠨ ᠳᠣᠮᠣ᠂ ᠢᠷᠤᠭᠠᠷ ᠢᠶᠠᠷ ᠢᠶᠠᠨ ᠱᠣᠪᠳᠣᠩ ᠪᠦᠭᠡᠳ ᠭᠠᠯ | ᠳᠣᠭᠤᠭᠠᠨ ᠤ ᠦᠬᠢᠳ ᠪᠡᠷᠢᠶᠡᠳ ᠨᠢ ᠭᠠᠷᠴᠣ ᠣᠷᠣᠬᠤ ᠳᠠᠭᠠᠨ ᠣᠰᠣ ᠮᠠᠭᠳᠠᠭᠰᠠᠨ ᠳᠠᠭᠤᠣ ᠳᠠᠭᠤᠯᠠᠳᠠᠭ | ᠪᠠᠶᠢᠭᠰᠠᠨ ᠢ ᠮᠡᠳᠡᠵᠡᠢ᠃ ᠳᠣᠷᠰᠢᠭᠤᠯ ᠡᠨᠡ ᠪᠠᠶᠢᠳᠠᠯ ᠢᠶᠠᠨ ᠮᠢᠩ ᠤᠨ ᠴᠡᠷᠢᠭ ᠲᠤ ᠮᠡᠳᠡᠬᠦᠯᠦᠭᠰᠡᠨ ᠳᠤ ᠮᠢᠩ ᠤᠨ | ᠴᠡᠷᠢᠭ ᠡᠨᠡ ᠬᠤᠳᠠ ᠶᠢᠨ ᠣᠰᠣᠨ ᠡᠬᠢ ᠶᠢ ᠳᠠᠰᠣᠯᠣᠨ ᠵᠣᠭᠰᠣᠭᠠᠬᠤ ᠪᠠᠷ ᠰᠢᠢᠳᠦᠭᠡᠳ ᠵᠠᠭᠤᠨ ᠳᠦᠮᠡᠨ ᠴᠡᠷᠢᠭ ᠤᠨ | ᠮᠠᠯᠠᠭᠠᠢ ᠪᠠᠷ ᠰᠢᠷᠦᠢ ᠡᠯᠡᠰᠣ ᠵᠦᠭᠡᠭᠡᠵᠤ᠂ ᠬᠤᠳᠠ ᠶᠢᠨ ᠡᠬᠢᠨ ᠤ ᠭᠤᠣᠯ ᠢ ᠪᠣᠭᠤᠵᠣ᠂ ᠣᠰᠣ ᠶᠢ ᠨᠢ ᠦᠭᠡᠷ᠎ᠡ | ᠵᠦᠭ ᠲᠤ ᠣᠷᠣᠰᠬᠠᠵᠡᠢ ᠭᠡᠨ᠎ᠡ᠃ ᠭᠤᠤᠯ ᠤᠨ ᠣᠰᠣ ᠶᠢ ᠢᠩᠭᠢᠵᠣ ᠳᠠᠰᠣᠯᠣᠭᠰᠠᠨ ᠳᠤ ᠬᠤᠳᠠ ᠳᠣᠳᠣᠷᠠᠬᠢ ᠴᠡᠷᠢᠭ | ᠠᠷᠠᠳ ᠠᠮᠢᠳᠣᠷᠠᠬᠤ ᠠᠷᠭ᠎ᠠ ᠦᠭᠡᠢ ᠪᠣᠯᠣᠭᠰᠠᠨ ᠳᠤ ᠬᠠᠷ᠎ᠠ ᠪᠠᠭᠠᠳᠣᠷ ᠣᠯᠠᠨ ᠢᠶᠠᠨ ᠳᠠᠭᠠᠭᠤᠯᠣᠨ ᠬᠤᠳᠳᠤᠭ | ᠮᠠᠯᠳᠠᠵᠡᠢ᠃ ᠳᠡᠳᠡ ᠡᠳᠣᠷ ᠰᠦᠨᠢ ᠪᠠᠷ ᠡᠭᠡᠯᠵᠢᠯᠡᠨ ᠨᠠᠶᠠᠨ ᠬᠤᠣᠰ ᠠᠯᠳᠠ ᠬᠦᠨ ᠮᠠᠯᠳᠠᠭᠰᠠᠨ ᠴᠦ ᠣᠰᠣ | ᠭᠠᠷᠤᠭᠰᠠᠨ ᠦᠭᠡᠢ ᠪᠤᠯᠬᠤᠷ ᠨᠢᠭᠡ ᠪᠤᠯ ᠬᠤᠳᠠ ᠪᠠᠨ ᠣᠷᠬᠢᠨ ᠪᠠᠭᠤᠵᠤ ᠦᠭᠬᠦ᠂ ᠨᠢᠭᠡ ᠪᠣᠯ ᠡᠰᠡᠷᠬᠦᠴᠡᠨ | ᠪᠠᠶᠢᠯᠳᠣᠵᠣ ᠦᠬᠦᠵᠤ ᠠᠮᠢᠳᠣᠷᠠᠬᠤ ᠪᠠᠨ ᠦᠵᠡᠯᠴᠡᠬᠦ ᠳᠤ ᠬᠦᠷᠪᠡ᠃ ᠡᠶᠢᠮᠤ ᠪᠠᠶᠢᠳᠠᠯ ᠤᠨ ᠳᠣᠣᠷ᠎ᠠ ᠬᠠᠷ᠎ᠠ ᠪᠠᠭᠠᠳᠣᠷ | ᠬᠢᠭᠡᠳ ᠠᠷᠠᠳ ᠣᠯᠠᠨ ᠴᠡᠷᠢᠭ ᠪᠦᠬᠦᠳᠡᠭᠡᠷ ᠣᠣᠭᠤᠭᠰᠠᠨ ᠣᠰᠣ ᠪᠠᠨ ᠣᠷᠬᠢᠨ᠂ ᠣᠨᠠᠭᠰᠠᠨ ᠰᠢᠷᠦᠢ ᠪᠠᠨ | ᠬᠤᠳᠠᠯᠳᠣᠬᠤ ᠦᠭᠡᠢ᠂ ᠦᠬᠦᠪᠡᠴᠣ ᠴᠢᠰᠣ ᠪᠠᠨ ᠰᠢᠷᠦᠢ ᠳᠠᠭᠠᠨ ᠰᠢᠩᠭᠡᠭᠡᠨ᠎ᠡ ᠭᠡᠵᠤ ᠠᠮᠠᠯᠠᠯᠳᠣᠭᠠᠳ ᠮᠢᠩ ᠤᠨ | ᠵᠠᠭᠤᠨ ᠳᠦᠮᠡᠨ ᠴᠡᠷᠢᠭ ᠢ ᠰᠢᠪᠳᠣᠯᠣᠨ ᠭᠠᠷᠬᠤ ᠪᠠᠷ ᠰᠢᠢᠳᠴᠡᠢ᠃ ᠬᠠᠷ᠎ᠠ ᠪᠠᠭᠠᠳᠣᠷ ᠪᠠᠶᠢᠯᠳᠣᠬᠤ ᠪᠡᠯᠡᠳᠭᠡᠯ ᠢᠶᠠᠨ | ᠬᠢᠴᠢᠭᠡᠭᠡᠳ ᠠᠯᠳᠠ ᠮᠦᠩᠭᠦ ᠡᠷᠳᠡᠨᠢᠰ ᠢᠶᠠᠨ ᠨᠠᠶᠠᠨ ᠬᠤᠣᠰ ᠠᠯᠳᠠ ᠬᠦᠨ ᠬᠤᠳᠳᠤᠭ ᠲᠤ ᠬᠢᠵᠣ ᠣᠷᠣᠭᠤᠯᠣᠭᠠᠳ | ᠂ ᠪᠦᠬᠦ ᠬᠤᠳᠠ ᠶᠢᠨ ᠬᠦᠮᠦᠨ ᠢ ᠴᠣᠭᠯᠠᠭᠤᠯᠤᠨ ︽ᠭᠡᠨ ᠡᠳᠡᠭᠡᠷ ᠡᠷᠳᠡᠨᠢᠰ ᠢ ᠰᠠᠬᠢᠨ ᠬᠠᠮᠠᠭᠠᠯᠠᠵᠤ ᠰᠠᠭᠤᠬᠤ ᠪᠤᠢ︕ | ︾ ᠭᠡᠰᠡᠨ ᠳᠤ ᠬᠠᠷ᠎ᠠ ᠪᠠᠭᠠᠳᠣᠷ ᠤᠨ ᠨᠠᠷᠠᠨ ᠰᠠᠷᠠᠨ ᠭᠡᠤᠭᠡᠨ ᠨᠢ ᠬᠠᠮᠤᠭ ᠤᠨ ᠡᠮᠤᠨ᠎ᠡ ᠭᠠᠷᠴᠣ ᠢᠷᠡᠭᠡᠳ ︽ | ᠠᠪᠤ ᠶᠢᠨ ᠨᠣᠳᠤᠭ᠂ ᠡᠵᠢ ᠶᠢᠨ ᠦᠮᠴᠢ ᠶᠢ ᠡᠭᠡᠴᠢ ᠳᠡᠬᠦᠣ ᠪᠢᠳᠠ ᠬᠤᠶᠠᠷ ᠰᠠᠬᠢᠶ᠎ᠠ︾ ᠭᠡᠳ ᠬᠤᠳᠳᠤᠭ ᠲᠤ | ᠦᠰᠦᠷᠦᠨ ᠣᠷᠣᠵᠡᠢ᠃ ᠬᠠᠷ᠎ᠠ ᠪᠠᠭᠠᠳᠣᠷ ᠪᠣᠷᠣᠭᠤ ᠬᠠᠨᠳᠣᠨ ᠣᠬᠢᠯᠠᠵᠣ᠂ ᠵᠦᠪ ᠬᠠᠨᠳᠣᠨ ᠵᠣᠷᠢᠭᠯᠠᠵᠤ᠂ ᠰᠠᠶᠢᠨ | ᠭᠡᠣᠭᠡᠨ ᠭᠡᠮᠡᠨ ᠢᠷᠦᠭᠡᠨ᠂ ᠶᠢᠰᠣᠨ ᠳᠡᠮᠣᠷ ᠳᠣᠭᠤᠭ᠎ᠠ ᠪᠠᠷ ᠳᠠᠷᠤᠭᠠᠳ ᠳᠡᠭᠡᠷ᠎ᠡ ᠠᠴᠠ ᠨᠢ ᠴᠢᠯᠠᠭᠤ ᠰᠢᠷᠦᠢ ᠪᠠᠷ | ᠪᠤᠯᠠᠵᠤ ᠳᠠᠯᠪᠢᠵᠣ ᠭᠡᠨ᠎ᠡ᠃ ᠳᠡᠬᠦᠨ ᠠᠴᠠ ᠬᠤᠶᠢᠰᠢ ᠭᠠᠳᠠᠭᠠᠳᠣ ᠳᠣᠳᠣᠭᠠᠳᠣ ᠶᠢᠨ ᠬᠦᠮᠦᠨ ᠭᠡᠴᠢᠨᠡᠨ ᠣᠳᠠᠭ᠎ᠠ | ᠢᠷᠡᠵᠣ ᠡᠨᠡᠬᠦ ᠬᠤᠳᠳᠤᠭ ᠢ ᠮᠠᠯᠳᠠᠨ ᠳᠡᠷᠡᠬᠦ ᠡᠷᠳᠡᠨᠢᠰ ᠢ ᠠᠪᠬᠤ ᠭᠡᠰᠡᠨ ᠳᠤ ᠬᠤᠷᠢᠨ ᠬᠤᠣᠰ ᠠᠯᠳᠠ ᠮᠠᠯᠳᠠᠬᠤ | ᠪᠦᠷᠢ ᠰᠢᠷ᠎ᠠ᠂ ᠨᠣᠭᠤᠭᠠᠨ ᠬᠤᠶᠠᠷ ᠮᠣᠭᠠᠢ ᠭᠠᠷᠴᠣ ᠢᠷᠡᠭᠡᠳ ᠬᠤᠣᠷᠳᠣ ᠭᠡᠢ ᠳᠠᠯᠪᠢᠬᠤ ᠳᠣᠯᠠ ᠮᠠᠯᠳᠠᠭᠰᠠᠨ | ᠬᠦᠮᠦᠨ ᠬᠤᠣᠷᠳᠠᠭᠳᠠᠬᠤ ᠠᠴᠠ ᠪᠢᠰᠢ ᠣᠷᠣᠵᠣ ᠴᠢᠳᠠᠬᠤ ᠦᠭᠡᠢ ᠶᠤᠮ ᠭᠡᠨ᠎ᠡ᠃ ᠡᠨᠡ ᠬᠤᠶᠠᠷ ᠮᠣᠭᠠᠢ ᠪᠣᠯ ᠳᠠᠷᠦᠢ | ᠬᠠᠷ᠎ᠠ ᠪᠠᠭᠠᠳᠣᠷ ᠤᠨ ᠬᠤᠶᠠᠷ ᠦᠬᠢᠨ ᠤ ᠪᠦᠷᠢᠯᠸ᠎ᠠ ᠭᠡᠵᠤ ᠬᠦᠮᠦᠰ ᠶᠠᠷᠢᠳᠠᠭ᠃ ᠡᠳ᠋ ᠡᠷᠳᠡᠨᠢᠰ ᠢᠶᠠᠨ ᠪᠤᠯᠠᠵᠤ | ᠳᠠᠯᠪᠢᠴᠢᠬᠠᠭᠠᠳ᠂ ᠬᠠᠷ᠎ᠠ ᠪᠠᠭᠠᠳᠣᠷ ᠴᠡᠷᠢᠭ ᠢᠶᠠᠨ ᠳᠠᠭᠠᠭᠤᠯᠣᠨ ᠮᠢᠩ ᠤᠨ ᠴᠡᠷᠢᠭ ᠲᠠᠢ ᠠᠰ ᠳᠣᠯᠣᠨ ᠰᠢᠪᠳᠣᠯᠣᠨ | ᠭᠠᠷᠤᠭᠰᠠᠨ ᠳᠤ ᠳᠠᠰᠣᠯᠣᠭᠳᠠᠭᠰᠠᠨ ᠭᠤᠣᠯ ᠤᠨ ᠣᠰᠣ ᠨᠢ ᠪᠣᠳᠣᠭᠤ ᠲᠠᠢ ᠢᠩᠭᠡ ᠰᠢᠭ ᠪᠤᠶᠢᠯᠠᠭᠰᠠᠭᠠᠷ᠂ | ᠭᠡᠤᠭᠡᠳ ᠲᠠᠢ ᠡᠭᠡᠨᠡᠷ ᠰᠢᠭ ᠣᠬᠢᠯᠠᠭᠰᠠᠭᠠᠷ ᠬᠠᠷ᠎ᠠ ᠪᠠᠭᠠᠳᠣᠷ ᠢᠶᠠᠨ ᠳᠠᠭᠠᠵᠣ ᠣᠷᠣᠰᠴᠣ᠂ ᠡᠵᠡᠨ᠎ᠡ ᠭᠤᠣᠯ ᠠᠴᠠ | ᠬᠠᠳᠣᠨ ᠮᠦᠷᠡᠨ᠎ᠡ ᠬᠦᠷᠴᠣ ᠭᠡᠨ᠎ᠡ᠃ ᠡᠶᠢᠮᠤ ᠠᠴᠠ ᠠᠭᠤᠯᠠ ᠪᠤᠯᠭᠠᠨ ᠣᠷᠣᠭᠰᠢ ᠪᠠᠨ ᠬᠠᠷᠠᠵᠣ᠂ ᠣᠰᠣ ᠪᠣᠯᠭᠠᠨ | ᠵᠡᠬᠦᠨ ᠡᠮᠣᠨᠡᠰᠢ ᠪᠠᠨ ᠣᠷᠣᠰᠬᠤ ᠪᠣᠯᠣᠭᠰᠠᠨ ᠨᠢ ᠨᠣᠳᠤᠭ ᠲᠠᠭᠠᠨ ᠬᠠᠶᠢᠷᠠᠳᠠᠢ ᠬᠠᠷ᠎ᠠ ᠪᠠᠭᠠᠳᠣᠷ ᠢ ᠳᠣᠷᠠᠰᠬᠠᠨ | ᠭᠠᠰᠢᠭᠤᠳᠠᠭᠰᠠᠨ ᠳᠠᠭᠠᠨ ᠡᠶᠢᠮᠤ ᠪᠣᠯᠣᠭᠰᠠᠨ ᠪᠦᠭᠡᠳ ᠳᠡᠬᠦᠨ ᠤ ᠪᠠᠶᠢᠭᠰᠠᠨ ᠬᠤᠳᠠ ᠳᠣᠭᠤᠷᠢᠭ ᠲᠠᠬᠢ ᠣᠢ | ᠰᠢᠭᠤᠢ ᠨᠢ ᠣᠰᠣ ᠦᠭᠡᠢ ᠭᠠᠩᠳᠠᠨ ᠬᠤᠪᠬᠠᠶᠢᠷᠠᠬᠤ ᠳᠠᠭᠠᠨ ᠪᠦᠷ ᠵᠡᠬᠦᠨ ᠡᠮᠣᠨᠡᠰᠢ ᠬᠠᠨᠳᠣᠨ ᠬᠠᠵᠡᠶᠢᠵᠤ | ᠣᠨᠠᠭᠰᠠᠨ ᠨᠢ ᠬᠠᠷ᠎ᠠ ᠪᠠᠭᠠᠳᠣᠷ ᠲᠤ ᠶᠣᠰᠣ ᠬᠢᠭᠡᠳ ᠣᠳᠣ ᠪᠣᠯᠳᠠᠯ᠎ᠠ ᠳᠣᠯᠣᠭᠠᠢ ᠪᠠᠨ ᠡᠷᠬᠦᠭᠡ ᠦᠭᠡᠢ ᠪᠠᠶᠢᠭ᠎ᠠ ᠶᠤᠮ | ᠭᠡᠨ᠎ᠡ᠃ ᠡᠨᠡᠬᠦ ᠬᠤᠳᠠ ᠶᠢ ᠳᠡᠬᠦᠨ ᠤ ᠬᠠᠮᠠᠭᠠᠯᠠᠨ ᠵᠠᠬᠢᠷᠤᠭᠴᠢ ᠡᠵᠡᠨ ᠤ ᠬᠢᠨᠢ ᠨᠡᠷ᠎ᠡ ᠪᠠᠷ ᠨᠡᠷᠡᠶᠢᠳᠴᠣ ︽ᠬᠠᠷ᠎ᠠ | ᠬᠤᠳᠠ︾ ᠭᠡᠵᠤ ᠳᠠᠭᠤᠳᠠᠳᠠᠭ ᠪᠣᠯᠣᠭᠰᠠᠨ ᠭᠡᠨ᠎ᠡ᠃ | ᠭᠤᠷᠪᠠ᠂ ︽ᠬᠠᠷ᠎ᠠ ᠬᠤᠳᠠ︾ ᠭᠡᠵᠤ ᠨᠠᠮᠠᠢᠢ ᠪᠠᠭ᠎ᠠ ᠪᠠᠶᠢᠬᠤ ᠳᠤ ᠬᠦᠭᠰᠢᠨ ᠬᠦᠮᠦᠨ ᠭᠡᠯᠡᠳᠡᠭ ᠪᠠᠶᠢᠭᠰᠠᠨ᠃ | ᠳᠡᠨᠳᠡ ᠡᠳ᠋ ᠡᠷᠳᠡᠨᠢᠰ ᠤᠨ ᠵᠦᠢᠯ ᠶᠡᠭᠡ ᠪᠠᠶᠢᠳᠠᠭ᠂ ᠠᠯᠳᠠ ᠮᠦᠩᠭᠦ ᠪᠠᠶᠢᠳᠠᠭ ᠴᠦ ᠠᠪᠴᠣ ᠪᠣᠯᠳᠠᠭ ᠦᠭᠡᠢ ᠭᠡᠵᠤ | ᠭᠡᠯᠡᠯᠴᠡᠳᠡᠭ᠃ ᠬᠠᠷ᠎ᠠ ᠬᠤᠳᠠ ᠠᠴᠠ ᠲᠦᠷᠤᠬᠦᠤ ᠪᠠᠰᠠ᠂ ᠣᠯᠠᠭᠠᠨ᠂ ᠨᠣᠭᠤᠭᠠᠨ᠂ ᠰᠢᠷ᠎ᠠ ᠬᠤᠳᠠ ᠪᠠᠶᠢᠭᠰᠠᠨ | ᠭᠡᠳᠡᠭ᠃ ᠳᠡᠷᠡ ᠪᠤᠯ ᠵᠢᠩᠭᠢᠨᠢ ᠬᠠᠭᠤᠴᠢᠨ ᠭᠤᠷᠪᠠᠨ ᠶᠡᠭᠡ ᠬᠤᠳᠠ ᠶᠤᠮ ᠭᠡᠨ᠎ᠡ᠃ ᠬᠠᠷ᠎ᠠ ᠬᠤᠳᠠ ᠭᠡᠳᠡᠭ ᠢ | ᠰᠡᠬᠦᠯ ᠳᠤᠨᠢ ᠬᠠᠷ᠎ᠠ ᠪᠠᠭᠠᠳᠣᠷ ᠢᠷᠡᠵᠣ ᠪᠠᠶᠢᠭᠤᠯᠣᠭᠰᠠᠨ ᠭᠡᠳᠡᠭ᠃ ᠳᠡᠭᠡᠭᠡᠳ ᠬᠠᠷ᠎ᠠ ᠬᠤᠳᠠ ᠭᠡᠵᠤ ᠨᠡᠷᠡᠯᠡᠭᠰᠡᠨ | ᠶᠤᠮ ᠭᠡᠳᠡᠭ ᠭᠡᠯᠡᠯᠭᠡ ᠪᠠᠶᠢᠳᠠᠭ᠃ ᠬᠠᠷ᠎ᠠ ᠬᠤᠳᠠ ᠶᠠᠭᠠᠬᠢᠭᠠᠳ ᠪᠠᠯᠠᠷᠠᠴᠢᠬᠠᠭᠰᠠᠨ ᠪᠤᠢ ᠭᠡᠪᠡᠯ ᠪᠠᠰᠠ ᠡᠶᠢᠮᠤ ᠨᠢᠭᠡ | ᠳᠣᠮᠤᠭ ᠭᠡᠯᠡᠯᠭᠡ ᠪᠠᠶᠢᠳᠠᠭ᠃ ᠬᠠᠷ᠎ᠠ ᠪᠠᠭᠠᠳᠣᠷ᠂ ᠬᠠᠭᠠᠨ ᠤ ᠭᠡᠤᠭᠡᠨ ᠠᠪᠤᠭᠰᠠᠨ ᠶᠤᠮ ᠪᠠᠶᠢᠵᠡᠢ ᠭᠡᠨ᠎ᠡ᠃ ᠪᠠᠰᠠ | ᠨᠢᠭᠡ ᠰᠣᠨᠣᠰᠬᠠᠯ ᠳᠤ ᠬᠤᠪᠢᠯᠠᠢ ᠰᠡᠴᠡᠨ ᠬᠠᠭᠠᠨ ᠳᠤ ᠴᠡᠷᠢᠭ ᠰᠠᠶᠢᠨ ᠣᠳᠣᠷᠢᠳᠴᠣ ᠵᠠᠷᠯᠢᠭ ᠢ ᠨᠢ ᠰᠠᠶᠢᠨ | ᠰᠣᠨᠣᠰᠳᠠᠭ ᠨᠢᠭᠡ ᠵᠠᠯᠠᠭᠤ ᠵᠠᠩᠵᠤᠨ ᠪᠠᠶᠢᠭᠰᠠᠨ ᠭᠡᠨ᠎ᠡ᠃ ᠬᠠᠭᠠᠨ ᠳᠡᠬᠦᠨ ᠢ ᠳᠣᠭᠤᠵᠣ ᠭᠡᠣᠭᠡᠨ ᠢᠶᠠᠨ ᠪᠣᠭᠳᠣᠯᠠᠵᠣ | ᠦᠭᠬᠦᠭᠡᠳ ᠡᠨᠡ ᠬᠤᠳᠠ ᠶᠢ ᠰᠠᠬᠢᠭᠤᠯᠵᠣ ᠬᠤᠳᠠ ᠶᠢᠨ ᠡᠵᠡᠨ ᠪᠣᠯᠭᠠᠵᠣ ᠳᠣᠮᠢᠯᠠᠭᠰᠠᠨ ᠭᠡᠨ᠎ᠡ᠃ ᠬᠤᠪᠢᠯᠠᠢ ᠰᠡᠴᠡᠨ | ᠬᠠᠭᠠᠨ ᠦᠷᠬᠦᠯᠵᠢ ᠭᠡᠳᠣᠨ ᠳᠦᠮᠡᠨ ᠠᠳᠣᠭᠤ ᠪᠠᠨ ᠳᠠᠭᠤᠵᠣ ᠬᠦᠷᠭᠡᠨ ᠳᠡᠭᠡᠨ ᠬᠦᠷᠭᠡᠵᠤ ᠢᠷᠡᠳᠡᠭ᠃ ᠭᠡᠤᠭᠡᠨ | ᠬᠦᠷᠭᠡᠨ ᠬᠤᠶᠠᠭᠤᠯᠠ ᠪᠠᠨ ᠪᠠᠶᠢᠷᠢ ᠪᠡᠯᠴᠢᠭᠡᠷ ᠳᠣᠬᠢᠷᠠᠭᠤᠯᠣᠭᠠᠳ᠂ ᠪᠠᠭ᠎ᠠ ᠪᠠᠭ᠎ᠠ ᠪᠠᠷ ᠨᠡᠬᠦᠳᠡᠯᠯᠡᠵᠤ ᠶᠠᠪᠤᠭᠠᠳ | ᠪᠣᠴᠠᠭᠠᠳ ᠬᠦᠷᠬᠦ ᠳᠤ ᠠᠳᠣᠭᠤ ᠨᠢ ᠬᠦᠴᠣ ᠳᠠᠷᠭᠤ ᠬᠦᠢᠴᠡᠭᠡᠳ ᠰᠠᠶᠢᠬᠠᠨ ᠪᠣᠯᠳᠠᠭ᠃ ᠡᠵᠡᠨ ᠬᠠᠭᠠᠨ ᠦᠪᠡᠷ ᠤᠨ | ᠠᠳᠣᠭᠤ ᠪᠠᠨ ᠦᠵᠡᠴᠢᠭᠡᠭᠡᠳ ᠮᠠᠨ ᠤ ᠬᠦᠷᠭᠡᠨ ᠶᠡᠭᠡ ᠰᠠᠶᠢᠨ ᠪᠠᠶᠢᠨ᠎ᠠ᠂ ᠠᠳᠣᠭᠤ ᠴᠦ ᠰᠠᠶᠢᠨ ᠪᠠᠶᠢᠨ᠎ᠠ ᠭᠡᠵᠤ ᠶᠡᠭᠡ | ᠪᠠᠶᠠᠷᠯᠠᠳᠠᠭ ᠪᠠᠶᠢᠵᠤ ᠭᠡᠨ᠎ᠡ᠃ ᠳᠡᠭᠡᠵᠤ ᠪᠠᠶᠢᠭᠠᠳ ᠬᠠᠷ᠎ᠠ ᠪᠠᠭᠠᠳᠣᠷ ᠬᠠᠳᠠᠮ ᠡᠴᠢᠭᠡ ᠶᠢᠨ ᠢᠶᠠᠨ ᠬᠠᠭᠠᠨ ᠳᠦᠷᠤ ᠶᠢ | ᠪᠤᠯᠢᠶᠠᠬᠤ ᠪᠣᠳᠣᠯ ᠣᠷᠣᠭᠠᠳ ᠬᠠᠳᠣᠨ ᠳᠠᠭᠠᠨ ᠮᠡᠳᠡᠬᠦᠯᠬᠦ ᠦᠭᠡᠢ ᠪᠠᠷ ᠨᠢᠭᠤᠴᠠ ᠪᠡᠯᠡᠳᠭᠡᠯ ᠬᠢᠵᠤ᠂ ᠨᠢᠭᠡ ᠯᠠ | ᠬᠦᠳᠡᠯᠪᠡᠯ ᠡᠷᠭᠡ ᠶᠢ ᠨᠢ ᠠᠪᠬᠤ ᠭᠡᠵᠤ ᠪᠣᠳᠣᠵᠡᠢ᠃ ᠬᠠᠭᠠᠨ ᠤ ᠬᠦᠩᠵᠣ ᠡᠬᠦᠨ ᠢ ᠨᠢ ᠰᠡᠷᠡᠵᠣ ᠮᠡᠳᠡᠭᠡᠳ ᠶᠡᠭᠡ | ᠰᠠᠨᠳᠣᠷᠴᠣ᠂ ᠬᠡᠯᠡ ᠴᠢᠮᠡᠭᠡ ᠶᠠᠪᠤᠭᠤᠯᠬᠤ ᠠᠷᠭ᠎ᠠ ᠪᠣᠳᠣᠵᠣ᠂ ᠬᠤᠯᠤᠰᠤᠨ ᠤ ᠬᠦᠨᠳᠡᠢ ᠳᠣᠳᠣᠷ᠎ᠠ ᠪᠢᠴᠢᠭ ᠬᠢᠵᠤ | ᠪᠦᠭᠯᠡᠭᠡᠳ ᠰᠢᠪᠠᠭᠤᠨ ᠤ ᠬᠦᠵᠦᠬᠦᠨ ᠳᠤ ᠣᠶᠠᠵᠤ ︽ᠬᠠᠭᠠᠨ ᠠᠪᠤ ᠳᠤ ᠠᠪᠠᠴᠢᠵᠣ ᠦᠭ︾ ᠭᠡᠳ ᠶᠠᠪᠤᠭᠤᠯᠵᠤ | ᠭᠡᠨ᠎ᠡ᠃ ᠨᠢᠭᠡ ᠡᠳᠣᠷ ᠬᠤᠪᠢᠯᠠᠢ ᠬᠠᠭᠠᠨ ᠤ ᠭᠡᠷ ᠤᠨ ᠦᠢᠷᠠᠬᠠᠨ ᠨᠢᠭᠡ ᠰᠢᠪᠠᠭᠤ ᠢᠷᠡᠭᠡᠳ ᠳᠣᠩᠭᠤᠳᠣᠭᠠᠳ | ᠪᠠᠶᠢᠨ᠎ᠠ ᠭᠡᠨ᠎ᠡ᠃ ︽ᠡᠨᠡ ᠰᠢᠪᠠᠭᠤ ᠶᠠᠭᠠᠬᠢᠭᠠᠳ ᠳᠣᠩᠭᠤᠳᠣᠭᠠᠳ ᠪᠠᠶᠢᠨ᠎ᠠ᠂ ᠬᠠᠷ᠎ᠠ︾ ᠭᠡᠵᠣ ᠬᠠᠭᠠᠨ ᠭᠡᠯᠡᠵᠡᠢ᠃ | ᠬᠠᠷᠠᠭᠰᠠᠨ ᠴᠢᠨᠢ ᠬᠦᠵᠦᠬᠦᠨ ᠳᠡᠭᠡᠨ ᠨᠢᠭᠡ ᠶᠠᠭᠤᠮ᠎ᠠ ᠵᠡᠬᠦᠭᠰᠡᠨ ᠶᠤᠮ ᠰᠢᠭ ᠬᠠᠷᠠᠭᠳᠠᠵᠣ ᠭᠡᠨ᠎ᠡ᠃ ︽ᠪᠠᠷᠢᠵᠤ | ᠠᠪᠤᠭᠠᠳ ᠢᠷ᠎ᠠ︾ ᠭᠡᠵᠤ ᠬᠠᠭᠠᠨ ᠭᠡᠯᠡᠬᠦ ᠪᠠᠷ ᠨᠢ ᠪᠠᠷᠢᠭᠰᠠᠨ ᠴᠢᠨᠢ ᠨᠤᠮᠤᠬᠠᠨ ᠰᠢᠪᠠᠭᠤ ᠪᠠᠶᠢᠵᠤ᠂ ᠦᠵᠡᠭᠰᠡᠨ | ᠴᠢᠨᠢ ᠬᠦᠵᠦᠬᠦᠨ ᠳᠤᠨᠢ ᠬᠤᠯᠣᠰᠣᠨ ᠪᠢᠴᠢᠭ ᠪᠠᠶᠢᠵᠤ᠂ ︽ᠬᠦᠷᠭᠡᠨ ᠴᠢᠨᠢ ᠳᠦᠷᠤ ᠶᠢ ᠴᠢᠨᠢ ᠠᠪᠬᠤ ᠭᠡᠵᠤ ᠪᠠᠶᠢᠨ᠎ᠠ | ᠂ ᠬᠠᠭᠠᠨ ᠠᠪᠤ ᠭᠡᠭᠡᠨ ᠳᠡᠭᠡᠨ ᠳᠣᠯᠢᠳᠠᠬᠤ ᠪᠣᠯᠪᠠ ᠤᠤ︾ ᠭᠡᠰᠡᠨ ᠭᠡᠳᠣᠨ ᠦᠰᠦᠭ ᠲᠠᠢ ᠭᠡᠣᠭᠡᠨ ᠤ ᠵᠠᠬᠢᠶ᠎ᠠ ᠪᠠᠶᠢᠨ᠎ᠠ | ᠭᠡᠨ᠎ᠡ᠃ ᠳᠡᠭᠡᠬᠦᠯᠡᠷ ᠬᠠᠭᠠᠨ ᠨᠦᠬᠦᠭᠡ ᠳᠣᠭᠤᠵᠣ ᠪᠠᠶᠢᠭᠰᠠᠨ ᠬᠦᠷᠭᠡᠨ ᠳᠡᠭᠡᠨ ᠠᠭᠤᠷᠯᠠᠵᠣ᠂ ᠴᠣᠬᠢᠭᠠᠳ | ᠬᠠᠶᠠᠴᠢᠬ᠎ᠠ ᠭᠡᠵᠤ ᠴᠡᠷᠢᠭ ᠳᠣᠮᠢᠯᠠᠭᠰᠠᠨ ᠣᠴᠢᠷ ᠪᠠᠶᠢᠳᠠᠭ ᠭᠡᠨ᠎ᠡ᠃ ᠳᠡᠭᠡᠭᠡᠳ ᠬᠠᠭᠠᠨ ᠤ ᠴᠡᠷᠢᠭ ᠴᠣᠬᠢᠬᠤ ᠳᠤ | ᠴᠣᠬᠢᠵᠣ ᠬᠦᠴᠦᠷᠡᠭᠳᠡᠬᠦ ᠦᠭᠡᠢ ᠪᠤᠯᠬᠤᠷ ᠰᠢᠨᠵᠢᠭᠡᠴᠢ ᠪᠠᠷ ᠰᠢᠨᠵᠢᠬᠦᠯᠦᠭᠡᠳ ᠣᠰᠣ ᠶᠢ ᠨᠢ ᠬᠠᠭᠠᠵᠤ ᠬᠠᠳᠠᠭᠠᠵᠤ | ᠬᠠᠶᠠᠭᠰᠠᠨ ᠭᠡᠳᠡᠭ ᠭᠡᠯᠡᠯᠭᠡ ᠪᠠᠶᠢᠳᠠᠭ᠃ ᠭᠤᠤᠯ ᠨᠢ ᠬᠠᠳᠠᠮ ᠠᠪᠤ ᠶᠢᠨ ᠢᠶᠠᠨ ᠳᠦᠷᠤ ᠶᠢ ᠠᠪᠬᠤ ᠭᠡᠵᠤ ᠪᠠᠶᠢᠵᠤ | ᠪᠠᠯᠠᠷᠠᠭᠰᠠᠨ ᠶᠤᠮ ᠭᠡᠨ᠎ᠡ᠃ | | |