ᠠᠯᠳᠡᠨ ᠭᠠᠳᠠᠰᠤ ᠶᠢᠨ ᠲᠤᠬᠠᠢ ᠲᠤᠮᠤᠭ
ᠨᠡᠶᠢᠲᠡᠯᠡᠭᠰᠡᠨ ᠴᠠᠭ᠄
2019-11-20
     ᠴᠢᠩᠬᠢᠰ ᠬᠠᠭᠠᠨ ᠠᠪᠠ ᠲᠠᠶᠢᠨ ᠳᠤ ᠬᠠᠮᠢᠭ᠎ᠠ ᠰᠠᠶᠢᠨ ᠡᠪᠡᠰᠤ ᠲᠠᠢ ᠭᠠᠵᠠᠷ ᠪᠠᠶᠢᠪᠠᠯ ᠲᠡᠨᠳᠡᠭᠡᠷ᠎ᠠ ︵ᠲᠡᠷᠨ ᠭᠠᠵᠠᠷ︶ ᠪᠠᠭᠤᠵᠤ ᠰᠦᠨᠢ ᠬᠤᠨᠤᠬᠤ ᠳᠤ ᠪᠠᠨ ᠮᠤᠷᠢ ᠪᠠᠨ ᠴᠢᠳᠦᠷᠯᠡᠭᠡᠳ ᠲᠠᠯᠪᠢᠳᠠᠭ ᠦᠭᠡᠢ᠂ ᠬᠠᠷᠢᠨ ᠭᠠᠵᠠᠷ ᠤᠷᠤᠭᠤ ᠠᠯᠳᠡᠨ ᠭᠠᠳᠠᠰᠤ ᠰᠢᠭᠠᠵᠤ ᠲᠠᠯᠪᠢᠭᠠᠳ ᠭᠠᠳᠠᠰᠤᠨ ᠰᠠᠨᠵᠢᠨ ᠠᠴᠠ ᠤᠷᠳᠤ ᠠᠷᠭᠠᠮᠵᠢᠶ᠎ᠠ ᠶᠢᠨ ᠦᠵᠦᠭᠦᠷ ᠢ ᠤᠶᠠᠭᠠᠳ ᠮᠤᠷᠢ ᠪᠠᠨ ᠲᠠᠯᠪᠢᠵᠤ ᠢᠳᠡᠭᠦᠯᠳᠡᠭ᠃ ᠲᠡᠷᠨ ᠭᠠᠳᠠᠰᠤ ᠶᠢ ᠨᠢᠭᠡ ᠮᠠᠭᠤ ᠰᠠᠨᠠᠭᠠᠳᠠᠢ ᠬᠦᠮᠤᠨ ᠤᠯᠵᠤ ᠮᠡᠳᠡᠭᠡᠳ ᠨᠢᠭᠡ ᠰᠦᠨᠢ ᠢᠷᠡᠵᠤ ᠬᠤᠯᠠᠭᠠᠢ ᠬᠢᠵᠤ ᠠᠪᠤᠭᠠᠳ ᠲᠤᠳᠠᠭᠠᠭᠠᠳ ᠶᠠᠪᠤᠬᠤᠯ᠎ᠠ ᠬᠤᠶᠢᠨ᠎ᠠ ᠠᠴᠠ ᠨᠢ ᠬᠦᠭᠡᠭᠡᠵᠤ ᠪᠠᠷᠢᠵᠤ ᠠᠪᠴᠢᠷᠠᠭᠠᠳ ᠠᠷᠭᠠᠮᠵᠶ᠋ᠶ᠎ᠠ ᠶᠢᠨ ᠦᠵᠦᠭᠦᠷ ᠢ ᠲᠡᠷᠨ ᠬᠦᠮᠤᠨ ᠤ ᠪᠡᠶ᠎ᠠ ᠠᠴᠠ ᠤᠶᠠᠭᠠᠳ ᠠᠯᠳᠡᠨ ᠭᠠᠳᠠᠰᠤᠨ ᠤ ᠤᠷᠤᠨ ᠳᠤ ᠵᠤᠭᠰᠤᠭᠠᠬᠤ ᠪᠤᠯᠵᠠᠢ᠃ ᠡᠭᠦᠨ ᠠᠴᠠ ᠬᠤᠶᠢᠰᠢ ᠵᠢᠯ ᠪᠦᠷᠢ ᠶᠢᠨ ᠵᠢᠷᠭᠤᠭᠠᠨ ᠰᠠᠷ᠎ᠠ ︵ᠪᠢᠯᠢᠭ ᠤᠨ ᠤᠯᠠᠷᠢᠯ ᠤᠨ ᠭᠤᠷᠪᠠᠳᠤᠭᠠᠷ ᠰᠠᠷ᠎ᠠ︶᠎ ᠶᠢᠨ ᠬᠤᠷᠢᠨ ᠨᠢᠭᠡᠨ ᠳᠤ ᠡᠵᠡᠨ ᠤ ᠵᠤᠯᠠᠭ ᠵᠤᠯᠠᠬᠯᠠᠬᠤ ᠳᠤ ᠦᠨᠤᠬᠢ ᠭᠠᠳᠠᠰᠤ ᠬᠤᠯᠠᠭᠠᠢ ᠬᠢᠳᠡᠭ ᠬᠦᠮᠤᠨ ᠤ ᠤᠳᠤᠮ ᠠᠴᠠ ᠨᠢᠭᠡ ᠬᠦᠮᠤᠨ ᠢ ᠭᠠᠵᠠᠷ ᠲᠤ ᠨᠦᠭᠡ ᠮᠠᠯᠳᠠᠵᠤ᠂ ᠬᠤᠶᠠᠷ ᠬᠦᠯ ᠢ ᠨᠢ ᠪᠤᠯᠠᠭᠠᠳ ᠲᠡᠭᠡᠭᠦᠷ ᠨᠢ ᠰᠢᠷᠤᠢ ᠪᠠᠷ ᠪᠦᠳᠡᠭᠡᠵᠤ᠂ ᠲᠡᠭᠡᠷ᠎ᠠ ᠨᠢ ᠪᠢᠴᠢᠭ ᠪᠢᠴᠢᠵᠤ ᠲᠠᠯᠪᠢᠳᠠᠭ ᠵᠢᠷᠤᠮ ᠲᠠᠢ ᠪᠤᠯᠵᠠᠢ᠃ ᠵᠢᠯ ᠪᠦᠷᠢ ᠠᠯᠳᠡᠨ ᠭᠠᠳᠠᠰᠤ ᠪᠤᠯᠳᠠᠭ ᠬᠦᠮᠤᠨ ᠤ ᠬᠤᠰᠢᠭᠤ ᠨᠤᠳᠤᠭ ᠪᠤᠯ ᠤᠷᠳᠤᠰ ᠤᠨ ᠤᠳᠤᠭ ᠬᠤᠰᠢᠭᠤ ᠶᠤᠮ᠃    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号