ᠨᠤᠲᠤᠭ ᠪᠡᠯᠴᠢᠭᠡᠷ ᠤᠨ ᠲᠤᠬᠠᠢ ᠴᠡᠭᠡᠷ ᠶᠣᠰᠣᠨ
ᠨᠡᠶᠢᠲᠡᠯᠡᠭᠰᠡᠨ ᠴᠠᠭ᠄
2019/11/25
  ᠮᠣᠩᠭᠤᠯᠴᠣᠳ ᠲᠦᠮᠡᠨ ᠪᠤᠳᠠᠰ ᠪᠦᠬᠦᠨ ᠴᠦᠮ ᠣᠩᠭᠤᠳ ᠰᠠᠬᠢᠭᠤᠰᠣ ᠲᠠᠢ ᠭᠡᠵᠦ ᠦᠵᠡᠳᠡᠭ ᠲᠣᠯᠠ ᠠᠭᠤᠯᠠ ᠣᠰᠣ ᠪᠠᠨ ᠳᠣᠷ᠎ᠠ ᠲᠠᠪᠠ ᠪᠠᠷ ᠢᠶᠠᠨ ᠡᠪᠳᠡᠨ ᠰᠦᠢᠳᠭᠡᠪᠡᠯ ᠣᠩᠭᠤᠳ ᠰᠠᠬᠢᠭᠤᠰᠣ ᠶᠢ ᠨᠢ ᠬᠢᠯᠢᠩᠯᠡᠬᠦᠯᠵᠦ᠂ ᠡᠭᠦᠨ  ᠠᠴᠠ ᠪᠣᠯᠵᠦ ᠭᠠᠢ ᠪᠠᠷᠴᠢᠳ ᠲᠤ ᠣᠴᠠᠷᠠᠬᠤ ᠪᠣᠯᠣᠨ᠎ᠠ ᠬᠡᠵᠦ ᠢᠲᠡᠭᠡᠳᠡᠭ ᠠᠴᠠ ᠠᠭᠤᠯᠠ ᠣᠰᠣ ᠶᠢ ᠣᠩᠭᠤᠯᠠᠨ ᠲᠠᠬᠢᠵᠦ ᠮᠦᠷᠭᠦᠳᠡᠭ᠃ ᠡᠪᠡᠰᠣ ᠪᠡᠯᠴᠢᠭᠡᠷ᠂ ᠣᠢ ᠮᠣᠳᠣ᠂ ᠠᠷᠢᠶᠠᠲᠡᠨ ᠵᠢᠭᠦᠷᠲᠡᠨ ᠵᠡᠷᠭᠡ ᠪᠣᠯ ᠴᠦᠮ ᠠᠭᠤᠯᠠ ᠣᠰᠣᠨ ᠤ ᠣᠩᠭᠤᠳ ᠰᠠᠬᠢᠭᠤᠰᠣ ᠶᠢᠨ ᠬᠢ ᠪᠦᠭᠡᠳ ᠠᠷᠢᠶᠠᠲᠡᠨ ᠵᠢᠭᠦᠷᠲᠡᠨ ᠨᠢ ᠠᠭᠤᠯᠠ ᠣᠰᠣᠨ ᠤ ᠰᠠᠬᠢᠭᠤᠰᠣ ᠶᠢᠨ ᠰᠣᠶᠣᠷᠬᠠᠯ ᠭᠡᠵᠦ ᠦᠵᠡᠳᠡᠭ᠃ ᠡᠶᠢᠮᠦ ᠠᠴᠠ ᠲᠠᠬᠢᠯᠭ᠎ᠠ ᠲᠠᠢ ᠣᠪᠣᠭᠠᠨ ᠤ ᠣᠶᠢᠷ᠎ᠠ ᠬᠠᠪᠢ ᠳᠠᠬᠢ ᠬᠦᠷᠣᠰᠣ ᠰᠢᠷᠣᠢ ᠶᠢ ᠮᠠᠯᠲᠠᠬᠤ᠂ ᠡᠪᠡᠰᠣ ᠮᠣᠳᠣ ᠶᠢ ᠬᠦᠠᠳᠡᠬᠦ᠂ ᠠᠷᠢᠶᠠᠲᠡᠨ ᠵᠢᠭᠦᠷᠲᠡᠨ ᠢ ᠠᠩᠨᠠᠵᠦ ᠭᠦᠷᠣᠭᠡᠯᠡᠬᠦ ᠶᠢ ᠴᠡᠭᠡᠷᠯᠡᠳᠡᠭ᠃ ᠣᠪᠣᠭᠠᠨ ᠳᠡᠭᠡᠷᠡᠬᠢ ᠡᠪᠡᠰᠣ ᠮᠣᠳᠣ ᠶᠢ ᠳᠣᠷ᠎ᠠ ᠪᠠᠷ ᠪᠠᠨ ᠬᠦᠳᠡᠯᠭᠡᠬᠦ᠂ ᠲᠠᠬᠢᠯᠠᠭ᠎ᠠ ᠲᠠᠢ ᠣᠪᠣᠭᠠᠨ ᠤ ᠣᠶᠢᠷᠠᠯᠴᠠᠬᠢ ᠨᠠᠭᠤᠷ ᠪᠦᠷᠢᠳᠦ ᠳᠠᠬᠢ ᠵᠢᠭᠠᠰᠣ ᠵᠢᠷᠠᠭᠠᠬᠠᠢ ᠶᠢ ᠱᠦᠭᠦᠬᠦ ᠶᠢ ᠴᠡᠭᠡᠷᠯᠡᠳᠡᠭ᠃ ᠣᠢ ᠮᠣᠳᠣ ᠶᠢ ᠰᠦᠨᠡᠰᠣ ᠲᠠᠢ ᠠᠮᠢ ᠭᠤᠣᠯ ᠲᠠᠢ ᠭᠡᠵᠦ ᠦᠵᠡᠵᠦ ᠰᠢᠲᠦᠨ ᠪᠢᠰᠢᠷᠡᠳᠡᠭ ᠠᠴᠠ ᠲᠠᠯ᠎ᠠ ᠨᠣᠲᠤᠭ᠂ ᠪᠡᠯᠴᠢᠭᠡᠷ ᠬᠠᠳᠣᠯᠠᠩ ᠳᠠᠬᠢ ᠣᠢ ᠮᠣᠳᠣ ᠶᠢ ᠬᠠᠶᠢᠷᠠᠯᠠᠨ ᠬᠠᠮᠠᠭᠠᠯᠠᠬᠤ ᠶᠢ ᠣᠨᠴᠠ ᠠᠩᠬᠠᠷᠣᠨ ᠮᠣᠳᠣ ᠶᠢ ᠣᠭᠲᠣᠯᠬᠤ᠂ ᠦᠷ᠎ᠡ ᠵᠢᠮᠢᠰ ᠲᠡᠭᠦᠬᠦ᠂ ᠲᠦᠯᠡᠭᠡ ᠲᠡᠭᠦᠬᠦ ᠴᠡᠭᠡᠷ ᠶᠣᠰᠣ ᠣᠯᠠᠨ ᠪᠠᠶᠢᠳᠠᠭ᠃ ᠲᠣᠬᠠᠶᠢᠯᠠᠪᠡᠯ ᠭᠠᠭᠴᠠ ᠮᠣᠳᠣ ᠶᠢ ᠣᠭᠲᠣᠯᠬᠤ ᠶᠢ ᠴᠡᠭᠡᠷᠯᠡᠳᠡᠭ᠃ ᠭᠤᠣ ᠶᠢᠨ ᠠᠮᠠ᠂ ᠦᠶᠡᠷ ᠤᠨ ᠵᠠᠮ᠂ ᠮᠠᠩᠬᠠᠨ ᠲᠣᠬᠤ᠂ ᠵᠣ ᠬᠦᠳᠣᠯ ᠳᠡᠭᠡᠷ᠎ᠡ ᠣᠷᠭᠤᠭᠰᠠᠨ ᠮᠣᠳᠣ ᠶᠢ ᠣᠭᠲᠣᠯᠬᠤ ᠶᠢ ᠴᠡᠭᠡᠷᠯᠡᠳᠡᠭ᠃ ᠦᠷ᠎ᠡ ᠵᠢᠮᠢᠰ ᠲᠡᠭᠦᠬᠦ ᠳᠤ ᠮᠣᠳᠣᠨ ᠤ ᠰᠠᠯᠠᠭ᠎ᠠ ᠮᠦᠴᠢᠷ ᠢ ᠬᠤᠭᠤᠯᠵᠣ ᠪᠣᠯᠬᠤ ᠦᠭᠡᠢ᠃ ᠲᠦᠯᠡᠰᠢ ᠰᠢᠲᠠᠭᠠᠯᠭ᠎ᠠ ᠲᠡᠭᠦᠬᠦ ᠳᠤ ᠵᠦᠪᠬᠡᠨ ᠬᠠᠲᠠᠵᠣ ᠬᠤᠪᠠᠭ᠋ᠠᠶᠢᠷᠠᠭᠰᠠᠨ ᠰᠠᠯᠠᠭ᠎ᠠ ᠮᠦᠴᠢᠷ ᠢ ᠯᠠ ᠲᠡᠭᠦᠳᠡᠭ᠃ ᠱᠠᠩᠰᠢ ᠮᠣᠳᠣ ᠶᠢ ᠣᠭᠳᠣᠯᠵᠦ ᠰᠦᠢᠳᠭᠡᠪᠡᠯ ᠠᠭᠤᠯᠠ ᠣᠰᠣᠨ ᠤ ᠣᠩᠭᠤᠳ ᠰᠠᠬᠢᠭᠤᠰᠣ ᠶᠢ ᠬᠢᠯᠢᠩᠯᠡᠭᠦᠯᠣᠨ᠎ᠡ ᠭᠡᠳᠡᠭ᠃ ᠨᠡᠭᠦᠳᠡᠯᠯᠡᠬᠦ ᠳᠡᠭᠡᠨ ᠪᠠᠭᠤᠷᠢ ᠰᠠᠭᠤᠷᠢ ᠪᠠᠨ ᠰᠠᠶᠢᠳᠣᠷ ᠴᠡᠪᠡᠷᠯᠡᠵᠦ᠂ ᠬᠤᠭ ᠨᠣᠪᠰᠢ ᠪᠠᠨ ᠭᠠᠵᠠᠷ ᠲᠤ ᠭᠦᠨ ᠪᠣᠯᠠᠨ᠎ᠠ᠂ ᠡᠰᠡ ᠲᠡᠭᠡᠪᠡᠯ ᠭᠠᠵᠠᠷ ᠤᠨ ᠰᠠᠬᠢᠭᠤᠰᠣ ᠶᠢ ᠠᠭᠤᠷᠯᠠᠭᠤᠯᠣᠨ᠎ᠠ ᠭᠡᠳᠡᠭ᠃ ᠭᠠᠯ ᠳᠤ ᠣᠰᠣ ᠬᠢᠬᠦ ᠦᠭᠡᠢ᠃ ᠭᠠᠯ ᠳᠤ ᠪᠣᠵᠠᠷ ᠵᠦᠢᠯᠡᠰ ᠪᠠ ᠬᠤᠭ ᠰᠢᠲᠠᠭᠠᠬᠤ ᠦᠭᠡᠢ᠃ ᠬᠡᠭᠦᠷ ᠣᠷᠣᠰᠢᠭᠤᠯᠭ᠎ᠠ ᠳᠤ ᠣᠷᠣᠯᠴᠠᠭᠰᠠᠨ ᠬᠦᠮᠦᠨ ᠡᠭᠦᠳᠡᠨ᠎ᠡ ᠭᠠᠳᠠᠨ᠎ᠠ ᠭᠠᠯ ᠲᠡᠭᠡᠭᠦᠷ ᠠᠯᠬᠤᠵᠦ ᠭᠠᠷᠪᠠᠯ ᠴᠢᠳᠬᠦᠷ ᠰᠢᠮᠨᠣ ᠨᠢ ᠵᠠᠶᠢᠯᠠᠨ᠎ᠠ ᠭᠡᠳᠡᠭ︔ ᠭᠡᠷ ᠤᠨ ᠲᠣᠳᠣᠷᠠᠬᠢ ᠭᠠᠯ ᠲᠣᠯᠭ᠎ᠠ ᠲᠡᠭᠡᠭᠦᠷ ᠠᠯᠬᠤᠵᠦ ᠭᠠᠷᠬᠤ ᠶᠢ ᠴᠡᠭᠡᠷᠯᠡᠨ᠎ᠡ᠃ ᠰᠣᠩᠬᠢᠨ᠎ᠠ ᠰᠠᠷᠢᠮᠰᠠᠭ ᠤᠨ ᠬᠠᠯᠢᠰᠦ ᠶᠢ ᠵᠣᠣᠬᠠᠨ ᠳᠤ ᠬᠢᠬᠦ ᠶᠢ ᠴᠡᠭᠡᠷᠯᠡᠨ᠎ᠡ᠃ ᠭᠠᠯ ᠤᠨ ᠦᠨᠡᠰᠣᠨ ᠲᠡᠭᠡᠷ᠎ᠡ ᠰᠢᠭᠡᠬᠦ ᠶᠢ ᠴᠡᠭᠡᠷᠯᠡᠨ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号