| —— ᠮᠢᠨᠤ ᠦᠰᠦᠭᠰᠡᠨ ᠲᠤᠷᠭᠠᠨ ᠰᠢᠯᠢ | ᠠᠭᠤᠯᠠᠰ ᠠᠭᠤᠯᠠᠰ ᠢᠶᠠᠨ ᠲᠦᠰᠢᠨ ᠠᠶᠢᠯ ᠤᠳ ᠪᠠᠭᠤᠵᠤ | ᠤᠰᠤ ᠤᠰᠤ ᠪᠠᠨ ᠪᠠᠷᠠᠭᠠᠳᠠᠨ ᠮᠠᠯ ᠰᠦᠷᠦᠭ ᠬᠠᠨᠠᠷᠠᠵᠤ | ᠡᠭᠦᠯᠡ ᠡᠭᠦᠯᠡ ᠲᠡᠪᠬᠡᠷᠡᠯᠳᠤᠨ ᠬᠤᠷ᠎ᠠ ᠪᠤᠷᠤᠭ᠎ᠠ ᠱᠠᠭᠢᠵᠤ | ᠡᠪᠡᠰᠦ ᠡᠪᠡᠰᠦ ᠲᠦᠵᠢᠷᠡᠯᠳᠦᠨ ᠡᠨᠡ ᠰᠢᠯᠢ ᠶᠢᠨ ᠦᠩ ᠲᠠᠢ ᠶᠢ ᠶᠠᠭᠠᠬᠢᠨ᠎ᠠ︕ | ᠪᠦᠯᠢᠶᠡᠨ ᠵᠢᠪᠠᠷ ᠲᠤ ᠨᠤᠵᠢᠶᠠᠷᠠᠭᠰᠠᠨ ᠨᠠᠷᠠ ᠰᠡᠷᠡᠵᠤ | ᠴᠠᠩᠲᠤᠭᠰᠠᠨ ᠪᠤᠷᠤᠭ᠎ᠠ ᠶᠢ ᠭᠡᠷᠡᠯ ᠲᠦᠭᠡᠨᠡᠨ | ᠨᠢᠰᠦᠭᠰᠡᠨ ᠰᠢᠪᠠᠭᠤ ᠶᠢ ᠤᠮᠠᠷᠰᠢ ᠵᠠᠯᠠᠵᠤ | ᠬᠦᠷᠡᠩ ᠲᠤᠯᠤᠭᠠᠢ ᠳᠤ ᠬᠠᠪᠤᠷ ᠡᠷᠳᠡ ᠪᠠᠭᠤᠭᠰᠠᠨ ᠢ ᠶᠠᠭᠠᠬᠢᠨ᠎ᠠ︕ | ᠰᠢᠪᠠᠭᠤᠳ ᠬᠤᠷᠮᠤᠢ ᠳᠤ ᠨᠢ ᠠᠶᠢᠯᠰᠠᠨ ᠵᠤᠰᠠᠵᠤ | ᠪᠢᠳᠠ ᠲᠡᠭᠡᠪᠤᠷ ᠲᠤ ᠨᠢ ᠬᠤᠷᠭᠤᠳᠠᠨ ᠱᠤᠤᠭᠢᠯᠳᠤᠭᠰᠠᠭᠠᠷ | ᠵᠤᠨ ᠠᠴᠠ ᠵᠤᠨ ᠢ ᠤᠭᠲᠤᠨ ᠬᠤᠶᠢᠮᠤᠷ ᠢ ᠨᠢ ᠪᠦᠯᠢᠶᠡᠰᠬᠡᠵᠤ | ᠬᠦᠷᠡᠩ ᠲᠤᠯᠤᠭᠠᠢ ᠶᠢᠨ ᠰᠢᠯᠢ ᠳᠤ ᠵᠤᠨ ᠶᠠᠭᠠᠬᠢᠵᠤ ᠦᠲᠡᠯᠦᠨ᠎ᠡ︕ | ᠰᠠᠯᠬᠢ ᠬᠠᠭᠠᠷᠢᠵᠤ ᠨᠠᠪᠴᠢᠰ ᠡᠭᠦᠬᠦ ᠶᠤᠮ | ᠪᠤᠳᠤᠯ ᠲᠠᠪᠴᠢᠭᠤᠳᠠᠵᠤ ᠡᠨᠡ ᠰᠢᠯᠢ ᠲᠡᠨᠢᠢᠬᠦ ᠶᠤᠮ | ᠳᠤᠷᠠᠯᠠᠯ ᠰᠢᠷᠠᠯᠠᠨ ᠮᠤᠳᠤᠳ ᠤᠶᠢᠮᠡᠯᠳᠦᠬᠦ ᠶᠤᠮ | ᠨᠠᠮᠤᠷ ᠮᠠᠨᠠᠶᠢᠬᠢᠨ ᠢ ᠵᠦᠷᠢᠨ ᠠᠳᠡ ᠪᠠᠭᠤᠭᠰᠠᠨ ᠪᠠᠶᠢᠵᠡᠢ | ᠡᠭᠦᠯᠡᠨ ᠰᠡᠭᠦᠳᠡᠷ ᠲᠤ ᠨᠠᠷᠠ ᠠᠮᠤᠰᠬᠢᠵᠤ | ᠤᠰᠤᠨ ᠤ ᠴᠢᠮᠡᠭᠡᠨ ᠳᠤ ᠬᠠᠪᠤᠷ ᠠᠨᠢᠷᠯᠠᠵᠤ | ᠬᠠᠪᠤᠷ ᠢᠶᠠᠨ ᠰᠠᠷᠠᠪᠴᠢᠯᠠᠨ ᠲᠤᠯᠤᠭᠠᠳ ᠮᠡᠭᠰᠢᠬᠦ ᠶᠤᠮ | ᠰᠢᠯᠢ ᠪᠠᠨ ᠠᠷᠭᠠᠳᠠᠵᠤ ᠡᠪᠦᠯ ᠴᠠᠰᠤᠨ ᠠᠴᠠ ᠴᠤᠬᠤᠶᠢᠵᠤ ᠪᠠᠶᠢᠯ᠎ᠠ | ᠴᠡᠴᠡᠭᠡᠰ ᠦᠯᠮᠡᠢ ᠦᠯᠮᠡᠢ ᠪᠠᠨ ᠱᠠᠭᠠᠶᠢᠨ ᠶᠠᠶᠢᠷᠠᠵᠤ | ᠲᠠᠯ᠎ᠠ ᠴᠢᠯᠠᠭᠤ ᠴᠢᠯᠠᠭᠤ ᠪᠠᠨ ᠲᠦᠰᠢᠨ ᠲᠡᠨᠢᠢᠵᠤ | ᠲᠤᠯᠤᠭᠠᠳ ᠵᠢᠪᠠᠷ ᠵᠢᠪᠠᠷ ᠢᠶᠠᠨ ᠤᠭᠤᠴᠢᠨ ᠰᠦᠭᠯᠡᠶᠢᠵᠤ | ᠲᠤᠷᠭᠠᠨ ᠰᠢᠯᠢ ᠶᠢᠨ ᠤᠨ ᠤᠨ ᠳᠤ ᠪᠠᠨ ᠦᠩ ᠲᠠᠢ ᠶᠢ ᠶᠠᠭᠠᠬᠢᠨ᠎ᠠ︕ | ᠴᠠᠰᠤ ᠯᠠᠪᠰᠠᠯᠠᠨ ︿︿ᠡᠪᠦᠯ﹀﹀ ᠡᠨᠡᠭᠦᠷ ᠬᠠᠶᠠᠯᠵᠤ | ᠴᠡᠴᠡᠭᠡᠰ ᠨᠠᠬᠢᠶᠠᠯᠠᠨ ︿︿ᠬᠠᠪᠤᠷ﹀﹀ ᠡᠨᠡᠭᠦᠷ ᠲᠡᠯᠭᠡᠷᠡᠨ | ᠭᠤᠷᠤᠬ᠎ᠠ ᠤᠳ ᠬᠤᠷᠴᠢᠭᠢᠨᠠᠨ ︿︿ᠵᠤᠨ﹀﹀ ᠡᠨᠡᠭᠦᠷ ᠤᠷᠤᠰᠴᠤ | ᠰᠢᠪᠠᠭᠤᠳ ᠵᠡᠯᠡᠯᠡᠨ ︿︿ᠨᠠᠮᠤᠷ﹀﹀ ᠡᠨᠡᠭᠦᠷ ᠨᠡᠭᠦᠵᠤ | ᠬᠦᠮᠦᠰ ᠡᠨᠡᠭᠦᠷ ᠱᠤᠤᠭᠢᠯᠳᠤᠨ ᠪᠢ ᠲᠦᠷᠦᠭᠰᠡᠨ ᠡ︕ | ᠲᠡᠤᠬᠡ ᠦᠨᠡᠨ ᠬᠤᠶᠠᠷ ᠢ ᠬᠦᠦᠷᠨᠢᠭᠰᠡᠭᠡᠷ ᠁ | ᠬᠦᠷᠡᠩ ᠲᠤᠯᠤᠭᠠᠢ ᠶᠢᠨ ᠰᠢᠯᠢ ᠮᠠᠨᠢ ᠰᠡᠬᠦᠶᠢᠨ ᠰᠡᠬᠦᠶᠢᠭᠰᠡᠭᠡᠷ ᠁ |