ᠰᠢᠯᠥᠭ᠂ ᠠᠭᠠᠷᠤᠤᠯ
ᠨᠡᠶᠢᠲᠡᠯᠡᠭᠰᠡᠨ ᠴᠠᠭ᠄
2019-11-26
ᠳᠡᠭᠡᠳᠦ ᠲᠡᠭᠷᠢ ᠠᠴᠠ ᠵᠠᠶᠠᠭᠠᠭᠰᠠᠨ ᠪᠤᠯᠬᠤᠷ ᠢᠷᠠᠭᠤ ᠨᠠᠶᠢᠷᠠᠭᠴᠢ ᠰᠢᠭᠦᠳᠡᠷᠢ ᠶᠢᠨ ᠳᠤᠰᠤᠯ ᠳᠤ ᠤᠷᠴᠢᠯᠠᠩ ᠤᠶᠠᠰᠳᠠᠭ ᠢ ᠦᠵᠤᠭ᠌ ᠤᠨ ᠳᠤᠤᠷ᠎ᠠ ᠪᠦᠵᠢᠭᠦᠯᠵᠤ ᠪᠠᠯ ᠵᠦᠭᠡᠢ ᠬᠤᠶᠠᠷ ᠢᠬᠢᠷ᠎ᠡ ᠵᠠᠶᠠᠭ᠎ᠠ ᠲᠠᠢ ᠢ ᠰᠡᠳᠭᠢᠯ ᠤᠨ ᠵᠦᠩ ᠪᠠᠷ ᠢᠶᠠᠨ ᠬᠡᠯᠬᠢᠵᠤ ᠨᠠᠷᠠᠨ ᠤ ᠮᠦᠰᠢᠶᠡᠯ ᠢ ᠵᠢᠷᠦᠬᠡ ᠪᠠᠷ ᠢᠶᠠᠨ ᠮᠡᠳᠡᠷᠡᠵᠤ ᠤᠶᠠᠩᠭᠠᠯᠠᠳᠠᠭ ᠶᠢᠨ ᠤᠴᠢᠷ ᠲᠤ ᠰᠢᠯᠥᠭ᠂ ᠠᠭᠠᠷᠤᠤᠯ ᠮᠡᠲᠦ ᠠᠮᠲᠠᠲᠠᠢ ᠪᠤᠷᠬᠠᠨ ᠬᠠᠷᠠᠵᠤ ᠶᠠᠪᠤᠳᠠᠭ ᠪᠤᠯᠬᠤᠷ ᠢᠷᠠᠭᠤ ᠨᠠᠶᠢᠷᠠᠭᠴᠢ ᠰᠠᠷᠠᠨ ᠤ ᠭᠡᠷᠡᠯ ᠢ ᠤᠨᠢᠨ ᠳᠡᠭᠡᠷ᠎ᠡ ᠵᠡᠭᠡᠭᠯᠡᠨ ᠰᠠᠭᠠᠯᠢᠨ ᠤ ᠦᠨᠦᠷ ᠲᠤ ᠰᠠᠷᠠ ᠢᠩᠬᠢᠵᠤ ᠲᠤᠭᠤᠨᠤᠨ ᠳᠡᠭᠡᠷ᠎ᠡ ᠬᠤᠨᠤᠳᠠᠭ ᠦᠷᠯᠦᠭᠡ ᠲᠤᠭᠤᠨᠤᠨ ᠳᠡᠭᠡᠷ᠎ᠡ ᠠᠴᠠ ᠰᠢᠯᠥᠭ ᠤᠨ ᠭᠡᠭᠡ ᠪᠠᠷ ᠰᠡᠷᠡᠭᠡᠳᠡᠭ ᠶᠢᠨ ᠤᠴᠢᠷ ᠲᠤ ᠰᠢᠯᠥᠭ᠂ ᠠᠭᠠᠷᠤᠤᠯ ᠮᠡᠲᠦ ᠠᠮᠲᠠᠲᠠᠢ ᠲᠡᠭᠷᠢ ᠶᠢᠨ ᠬᠡᠯᠡ ᠪᠠᠷ ᠰᠢᠯᠥᠭ ᠪᠢᠴᠢᠳᠡᠭ ᠪᠤᠯᠬᠤᠷ ᠢᠷᠠᠭᠤ ᠨᠠᠶᠢᠷᠠᠭᠴᠢ ᠴᠠᠰᠤᠨ ᠰᠢᠷᠬᠡᠭ ᠰᠡᠳᠭᠢᠯ ᠤᠨ ᠵᠤᠯᠠᠢ ᠢ ᠲᠠᠭᠠᠯᠠᠨ ᠬᠠᠶᠠᠯᠠᠬᠤ ᠢ ᠤᠩᠭᠤᠳ ᠤᠨ ᠤᠭᠲᠠᠷᠭᠤᠢ ᠳᠤ ᠪᠠᠨ ᠬᠦᠪᠦᠭᠦᠯᠵᠤ ᠴᠠᠰᠤᠨ ᠴᠡᠴᠡᠭ ᠪᠤᠯᠤᠨ ᠠᠯᠠᠭᠠᠨ ᠳᠤ ᠴᠢᠨᠢ ᠳᠡᠯᠭᠡᠷᠡᠬᠦ ᠢ ᠮᠦᠷᠦᠭᠡᠳᠦᠯ ᠤᠨ ᠬᠠᠷᠠᠴᠠ ᠪᠠᠷ ᠠᠵᠢᠵᠤ ᠴᠠᠭᠠᠨ ᠦᠩᠭᠡ ᠢ ᠮᠦᠷᠦᠭᠡᠰᠦᠭᠰᠡᠨ ᠬᠦᠭᠡᠷᠦᠯ ᠳᠤ ᠨᠢ ᠵᠢᠪᠪᠦᠳᠡᠭ ᠤᠨ ᠤᠴᠢᠷ ᠲᠤ ᠰᠢᠯᠥᠭ᠂ ᠠᠭᠠᠷᠤᠤᠯ ᠮᠡᠲᠦ ᠠᠮᠲᠠᠲᠠᠢ ᠡᠶᠢᠮᠤ ᠤᠳᠤᠨ ᠳᠤ ᠲᠦᠷᠦᠭᠰᠡᠨ ᠪᠤᠯᠬᠤᠷ ᠢᠷᠠᠭᠤ ᠨᠠᠶᠢᠷᠠᠭᠴᠢ ᠪᠤᠲᠤᠭᠤᠨ ᠨᠢᠳᠤ ᠪᠠᠷ ᠪᠠᠶᠢᠭᠠᠯᠢ ᠤᠬᠢᠯᠠᠭᠰᠠᠨ ᠢ ᠵᠠᠭ ᠤᠨ ᠬᠦᠬᠡ ᠨᠠᠶᠢᠯᠵᠠᠭ ᠲᠠᠢ ᠬᠠᠮᠲᠤ ᠭᠤᠨᠢᠵᠤ ᠪᠤᠷᠴᠠ ᠲᠠᠢ ᠠᠶᠠᠭᠠᠨ ᠳᠤ ᠴᠠᠶᠢᠨ ᠤ ᠮᠤᠳᠤ ᠬᠦᠪᠦᠭᠰᠡᠨ ᠢ ᠪᠤᠷᠤ ᠪᠤᠯᠵᠤᠮᠤᠷ ᠲᠠᠢ ᠨᠢ ᠬᠠᠮᠲᠤ ᠵᠤᠴᠢᠨ ᠢᠷᠡᠬᠦ ᠨᠧ ᠭᠡᠵᠤ ᠰᠤᠪᠢᠩᠲᠠᠨ ᠪᠠᠳᠠᠭ ᠪᠠᠳᠠᠭ ᠰᠢᠯᠥᠭ ᠪᠠᠨ ᠬᠤᠯᠪᠤᠵᠤ ᠦᠵᠤᠭ᠌ ᠤᠨ ᠲᠤᠭᠤᠰᠤᠨ ᠳᠤ ᠨᠢ ᠳᠡᠯᠡᠬᠡᠢ ᠪᠦᠷᠲᠦᠯᠵᠡᠵᠤ ᠪᠢᠴᠢᠭᠰᠡᠨ ᠨᠢ ᠲᠡᠭᠷᠢ ᠶᠢᠨ ᠰᠠᠨᠠᠭ᠎ᠠ ᠮᠡᠲᠤ ᠵᠤᠶᠢᠲᠠᠢ ᠰᠢᠯᠥᠭ ᠢ ᠨᠢ ᠤᠩᠰᠢᠬᠤ ᠳᠤ ᠠᠭᠠᠷᠤᠤᠯ ᠬᠦᠯᠬᠦᠬᠦ ᠮᠡᠲᠦ ᠠᠮᠲᠠᠲᠠᠢ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号