| | ᠴᠡᠯ ᠨᠤᠭᠤᠭᠠᠨ ᠭᠤᠤᠯ ᠤᠨ ᠳᠡᠨᠵᠢᠨᠡ ᠤᠨᠠᠭ᠎ᠠ ᠡᠵᠢ ᠲᠠᠢ ᠪᠠᠨ ᠬᠤᠶᠠᠭᠤᠯᠠ ᠠᠮᠢᠳᠤᠷᠠᠵᠤ ᠪᠠᠶᠢᠵᠠᠢ᠃ ᠡᠵᠢ ᠨᠢ | ᠭᠤᠤᠯ ᠤᠨ ᠴᠠᠭᠠᠲᠠᠢ ᠠᠶᠢᠯ ᠳᠤ ᠪᠤᠳᠠᠭ᠎ᠠ ᠬᠦᠷᠭᠡᠬᠦ ᠠᠴᠠ ᠪᠤᠰᠣᠳ ᠴᠠᠭ ᠲᠤ ᠤᠨᠠᠭ᠎ᠠ ᠡᠵᠢ ᠠᠴᠠ ᠪᠠᠨ ᠲᠦᠭᠡ | ᠰᠠᠯᠬᠤ ᠦᠬᠡᠢ ᠡᠷᠬᠡᠯᠡᠵᠤ ᠶᠠᠪᠤᠳᠠᠭ ᠪᠠᠶᠢᠪᠠ᠃ ᠠᠯᠢᠶ᠎ᠠ ᠲᠡᠭᠵᠢᠨ ᠤᠨᠠᠭ᠎ᠠ ᠪᠠᠶᠠᠷ ᠬᠦᠷ ᠲᠠᠢ ᠲᠤᠭᠯᠠᠨ ᠨᠠᠭᠠᠳᠴᠤ | ᠪᠠᠶᠢᠬᠤ ᠳᠤ ᠬᠤᠨᠤᠭ ᠡᠳᠦᠷ ᠬᠠᠷᠪᠤᠭᠰᠠᠨ ᠰᠣᠮᠣ ᠰᠢᠭ᠋ ᠦᠩᠭᠡᠷᠡᠵᠤ ᠪᠠᠶᠢᠯ᠎ᠠ᠃ | ᠨᠢᠭᠡ ᠡᠳᠦᠷ ᠡᠬᠡ ᠨᠢ ᠤᠨᠠᠭ᠎ᠠ ᠪᠠᠨ ᠳᠠᠭᠤᠳᠠᠵᠤ᠄ ︽ᠬᠦᠦ ᠮᠢᠨᠢ᠂ ᠴᠢ ᠲᠤᠮᠤ ᠪᠤᠯᠵᠠᠢ᠃ ᠡᠵᠢ ᠳᠡᠭᠡᠨ ᠬᠠᠮᠵᠢᠬᠤ | ᠴᠢᠳᠠᠯ ᠲᠠᠢ ᠪᠤᠯᠤᠭᠰᠠᠨ᠃ ᠤᠳᠤ ᠡᠨᠡ ᠤᠭᠤᠲᠠ ᠪᠤᠳᠠᠭ᠎ᠠ ᠶᠢ ᠭᠤᠤᠯ ᠤᠨ ᠴᠠᠭᠠᠲᠠᠢ ᠠᠶᠢᠯ ᠳᠤ ᠬᠦᠷᠭᠡᠵᠤ | ᠦᠭᠬᠦᠭᠡᠳ ᠢᠷᠡᠭᠡᠷᠡᠢ︕︾ ᠭᠡᠵᠤ ᠵᠠᠬᠢᠵᠠᠢ᠃ ᠤᠨᠠᠭ᠎ᠠ ᠲᠤᠩ ᠪᠠᠶᠠᠷ ᠲᠠᠢ ᠬᠦᠯᠢᠶᠡᠨ ᠠᠪᠴᠣ᠂ ᠤᠭᠤᠲᠠ ᠲᠠᠢ | ᠪᠤᠳᠠᠭ᠎ᠠ ᠶᠢ ᠠᠴᠢᠵᠤ ᠳᠠᠪᠬᠢᠭᠰᠠᠭᠠᠷ ᠭᠤᠤᠯ ᠤᠨ ᠬᠦᠪᠡᠭᠡᠨ ᠳᠤ ᠬᠦᠷᠴᠦ ᠢᠷᠡᠪᠡ᠃ ᠭᠤᠤᠯ ᠳᠡᠭᠡᠷ᠎ᠡ ᠨᠢ | ᠶᠡᠷᠦ ᠠᠴᠠ ᠬᠦᠬᠦᠷᠭᠡ ᠦᠬᠡᠢ ᠲᠤᠯᠠ ᠤᠨᠠᠭ᠎ᠠ ᠲᠤᠭᠤᠯᠵᠤ ᠭᠠᠷᠬᠤ ᠯᠡ ᠬᠡᠷᠡᠭᠲᠡᠢ ᠪᠠᠶᠢᠯ᠎ᠠ᠃ ᠭᠡᠪᠡᠴᠦ ᠭᠤᠤᠯ ᠤᠨ | ᠣᠰᠣ ᠨᠢ ᠬᠡᠳᠦᠢ ᠬᠦᠨ ᠢ ᠮᠡᠳᠡᠬᠦ ᠦᠬᠡᠢ ᠲᠡᠭᠡᠨᠡᠭᠡᠯᠵᠡᠵᠤ ᠨᠢᠭᠡ ᠬᠠᠷᠠᠪᠠᠯ ᠲᠡᠮᠡᠢ ᠬᠤᠯᠠ ᠦᠬᠡᠢ ᠦᠬᠡᠷ ᠠᠪᠠᠭ᠎ᠠ ᠨᠢ | ᠢᠳᠡᠰᠢᠯᠡᠵᠤ ᠪᠠᠶᠢᠨ᠎ᠠ᠃ ᠤᠨᠠᠭ᠎ᠠ ᠳᠠᠪᠬᠢᠵᠤ ᠬᠦᠷᠦᠭᠡᠳ᠄ ︽ᠦᠬᠡᠷ ᠠᠪᠠᠭ᠎ᠠ ᠡ᠂ ᠡᠨᠡ ᠭᠤᠤᠯ ᠬᠡᠳᠦᠢ ᠬᠦᠨ ᠢ | ᠲᠠ ᠮᠡᠳᠡᠨ᠎ᠡ ᠤᠤ︖︾ ᠭᠡᠵᠦ ᠠᠰᠠᠭᠤᠯᠡ᠃ ᠦᠬᠡᠷ ᠠᠪᠠᠭ᠎ᠠ ᠨᠢ ᠪᠦᠳᠦᠬᠦᠨ ᠲᠤᠯᠤᠭᠠᠢ ᠪᠠᠨ ᠡᠷᠬᠦᠵᠤ᠄ ︽ | ᠦᠬᠡᠢ᠂ ᠬᠦᠨ ᠪᠢᠰᠢ᠂ ᠮᠢᠨᠤ ᠰᠢᠬᠢᠷ᠎ᠠ ᠴᠢᠨᠡᠭᠡ ᠯᠡ ᠪᠠᠶᠢᠨ᠎ᠠ︕︾ ᠭᠡᠪᠡ᠃ ᠤᠨᠠᠭ᠎ᠠ ᠪᠠᠶᠠᠷᠲᠠᠶᠢᠬᠠᠨ ᠪᠤᠴᠠᠵᠤ | ᠭᠤᠤᠯ ᠭᠠᠷᠬᠤ ᠪᠠᠷ ᠪᠤᠯᠪᠠ᠃ ᠲᠡᠷᠡ ᠶᠠᠭ ᠣᠰᠣᠨ ᠳᠤ ᠤᠷᠤᠬᠤ ᠭᠡᠲᠡᠯ᠎ᠡ ᠨᠢ ︽ᠤᠨᠠᠭ᠎ᠠ ᠡ᠂ ᠤᠨᠠᠭ᠎ᠠ᠂ ᠪᠢᠲᠡᠭᠡᠢ | ᠤᠷᠤ ᠡ︕ ᠡᠨᠡ ᠭᠤᠤᠯ ᠠᠶᠤᠮᠠᠷ ᠬᠦᠨ ᠰᠢᠦ︕︾ ᠭᠡᠬᠦ ᠳᠠᠭᠤ ᠰᠣᠨᠣᠰᠳᠠᠪᠠ᠃ ᠤᠨᠠᠭ᠎ᠠ ᠲᠣᠭᠤᠭᠰᠢ ᠪᠠᠨ | ᠬᠠᠷᠠᠭᠰᠠᠨ ᠴᠢᠨᠢ ᠬᠠᠷᠢᠨ ᠨᠢᠭᠡ ᠬᠡᠷᠡᠮᠤ ᠪᠠᠶᠢᠪᠠ᠃ ᠬᠡᠷᠡᠮᠤ ᠰᠠᠭᠰᠠᠭᠠᠷ ᠰᠡᠬᠦᠯ ᠢᠶᠠᠨ ᠰᠠᠵᠢᠯᠠᠨ᠂ ᠪᠦᠯᠲᠡᠭᠡᠷ | ᠨᠢᠳᠤ ᠪᠠᠨ ᠲᠤᠷᠮᠤᠯᠵᠠᠭᠤᠯᠤᠨ᠄ ︽ᠬᠡᠳᠦᠨ ᠡᠳᠤᠷ ᠤᠨ ᠡᠮᠦᠨ᠎ᠡ᠂ ᠮᠢᠨᠤ ᠨᠢᠭᠡ ᠨᠠᠶᠢᠵᠠ ᠭᠤᠤᠯ ᠢ ᠭᠠᠲᠤᠯᠬᠤ | ᠭᠡᠰᠡᠨ ᠨᠢ ᠪᠠᠶᠢᠵᠤ ᠤᠤ ᠳ᠋ᠡ᠂ ᠣᠷᠣᠰᠣᠭᠠᠳ ᠶᠠᠪᠣᠴᠢᠬᠠᠭᠰᠠᠨ ᠶᠤᠮ︾ ᠭᠡᠵᠤ ᠦᠨᠡᠨ ᠤᠴᠠᠷᠠᠯ ᠢᠶᠠᠨ ᠶᠠᠷᠢᠨ᠎ᠠ᠃ | ᠡᠭᠦᠨ ᠢ ᠰᠣᠨᠣᠰᠣᠭᠰᠠᠨ ᠤᠨᠠᠭ᠎ᠠ ᠶᠠᠭᠠᠬᠢᠬᠤ ᠪᠠᠨ ᠤᠯᠬᠤ ᠦᠬᠡᠢ ᠪᠤᠯᠪᠠ᠃ ᠦᠬᠡᠷ ᠠᠪᠠᠭ᠎ᠠ ᠤᠰᠣ ᠶᠢ ᠬᠦᠢᠬᠡᠨ | ᠭᠡᠬᠦᠯᠡᠷ᠂ ᠬᠡᠷᠡᠮᠤ ᠬᠦᠨ ᠭᠡᠨ᠎ᠡ᠂ ᠤᠳᠤ ᠶᠠᠭᠠᠬᠢᠳᠠᠭ ᠪᠢᠯᠡ︖ ᠡᠵᠢ ᠠᠴᠠ ᠪᠠᠨ ᠠᠰᠠᠭᠤᠬᠤ ᠠᠴᠠ ᠳ᠋ᠡ ᠭᠡᠳ | ᠪᠤᠴᠠᠵᠤ ᠶᠠᠪᠤᠯ᠎ᠠ᠃ ᠬᠦᠦ ᠨᠢ ᠲᠤᠯᠤᠭᠠᠢ ᠪᠠᠨ ᠭᠠᠨᠵᠤᠭᠠᠯᠠᠭᠠᠳ ᠢᠷᠡᠬᠦ ᠶᠢ ᠬᠤᠯᠠ ᠠᠴᠠ ᠬᠠᠷᠠᠭᠰᠠᠨ ᠡᠵᠢ ᠨᠢ ︽ | ᠬᠦᠦ ᠮᠢᠨᠢ ᠶᠠᠭᠤ ᠨᠢᠭᠡᠨ ᠳᠤ ᠲᠦᠪᠡᠭᠳᠡᠵᠤ ᠳ᠋ᠡ︾ ᠭᠡᠵᠤ ᠪᠤᠳᠤᠭᠰᠠᠭᠠᠷ ᠲᠣᠰᠴᠤ ᠢᠷᠡᠭᠡᠳ ᠠᠰᠠᠭᠤᠯ᠎ᠠ᠃ ᠤᠨᠠᠭ᠎ᠠ | ᠤᠬᠢᠯᠠᠩ ᠠᠯᠳᠠᠭᠰᠠᠭᠠᠷ ᠦᠬᠡᠷ ᠠᠪᠠᠭ᠎ᠠ ᠪᠠ ᠬᠡᠷᠡᠮᠤ ᠶᠢᠨ ᠶᠠᠷᠢᠭᠰᠠᠨ ᠢ ᠬᠡᠯᠡᠵᠤ ᠦᠭᠪᠡ᠃ ᠡᠵᠢ ᠨᠢ ᠬᠦᠦ ᠪᠠᠨ | ᠦᠬᠦᠭᠡᠷᠳᠡᠨ᠄ ︽ᠬᠦᠦ ᠮᠢᠨᠢ᠂ ᠬᠠᠮᠢᠶ᠎ᠠ ᠦᠬᠡᠢ᠂ ᠡᠵᠢ ᠲᠠᠢ ᠪᠠᠨ ᠶᠠᠪᠤᠵᠤ ᠦᠵᠡᠶ᠎ᠡ︾ ᠭᠡᠯᠡ᠃ | ᠡᠬᠡ ᠤᠨᠠᠭ᠎ᠠ ᠬᠤᠶᠠᠷ ᠭᠤᠤᠯ ᠳᠡᠭᠡᠷ᠎ᠡ ᠢᠷᠡᠪᠡ᠃ ᠡᠵᠢ ᠨᠢ᠄ ︽ᠬᠦᠦ ᠮᠢᠨᠢ᠂ ᠣᠰᠣ ᠴᠤᠬᠤᠮ ᠬᠡᠳᠦᠢ ᠬᠦᠨ ᠪᠤᠯ | ︖ ᠴᠢ ᠶᠠᠭᠠᠬᠢᠭᠠᠳ ᠦᠪᠡᠷ ᠢᠶᠠᠨ ᠲᠤᠭᠤᠯᠵᠤ ᠦᠵᠡᠬᠦ ᠦᠬᠡᠢ ᠤᠤ︖︾ ᠭᠡᠬᠦ ᠳᠤ᠂ ᠤᠨᠠᠭ᠎ᠠ ᠲᠡᠭᠡᠶ᠎ᠡ ᠭᠡᠳ | ᠬᠦᠯ ᠢᠶᠠᠨ ᠨᠢᠭᠡ ᠨᠢᠭᠡ ᠪᠠᠷ ᠵᠦᠭᠡᠭᠡᠵᠤ ᠶᠠᠪᠣᠭᠰᠠᠭᠠᠷ ᠁ ᠭᠤᠤᠯ ᠢ ᠭᠠᠲᠤᠯᠴᠢᠬᠠᠪᠠ᠃ ᠭᠤᠤᠯ ᠤᠨ ᠣᠰᠣ | ᠦᠬᠡᠷ ᠠᠪᠠᠭ᠎ᠠ ᠶᠢᠨ ᠬᠢᠨᠢ ᠬᠡᠯᠡᠭᠰᠡᠨ ᠰᠢᠭ ᠬᠦᠢᠬᠡᠨ ᠪᠢᠰᠢ᠂ ᠬᠡᠷᠡᠮᠤ ᠶᠢᠨ ᠬᠡᠯᠡᠭᠰᠡᠨ ᠰᠢᠭ ᠬᠦᠨ ᠴᠤ ᠪᠢᠰᠢ ᠪᠠᠶᠢᠯ᠎ᠠ | ᠃ ᠠ︕ ᠶᠠᠭᠤ ᠪᠦᠬᠦᠨ ᠢ ᠦᠪᠡᠷ ᠢᠶᠠᠨ ᠬᠢᠮᠠᠨᠵᠢᠨ ᠰᠠᠶ᠋ᠢ ᠮᠡᠳᠡᠳᠡᠭ ᠢ ᠲᠡᠷᠡ ᠤᠳᠤ ᠯᠠ ᠰᠠᠶ᠋ᠢ ᠤᠬᠠᠭᠠᠷᠠᠪᠠ᠃ | ᠤᠨᠠᠭ᠎ᠠ᠂ ᠭᠤᠤᠯ ᠤᠨ ᠴᠠᠭᠠᠨᠠᠬᠢ ᠡᠵᠢ ᠤᠷᠤᠭᠤ ᠪᠠᠨ ᠤᠳᠠᠲᠠᠯ᠎ᠠ ᠬᠠᠷᠠᠭᠰᠠᠨ ᠢᠶᠠᠨ ︽ᠡᠵᠢ ᠡ᠂ ᠬᠦᠦ ᠨᠢ | ᠲᠠᠨ ᠳᠠᠭᠠᠨ ᠪᠠᠶᠠᠷᠯᠠᠭᠰᠠᠨ ᠰᠢᠦ︾ ᠭᠡᠵᠤ ᠵᠢᠷᠦᠬᠡᠨ ᠳᠡᠭᠡᠨ ᠰᠡᠮᠬᠡᠨ ᠰᠢᠪᠡᠨᠡᠵᠡᠢ᠃ ᠲᠡᠭᠡᠭᠰᠡᠨ ᠢᠶᠠᠨ ᠴᠠᠭᠠᠲᠤ ᠠᠶᠢᠯ | ᠤᠷᠤᠭᠤ ᠬᠤᠷᠳᠤᠯᠠᠨ ᠳᠠᠪᠬᠢᠯ᠎ᠠ᠃ ᠰᠡᠳᠬᠢᠯ ᠵᠢᠷᠦᠬᠡ ᠨᠢ ᠦᠨᠦᠳᠦᠷ ᠤᠨ ᠬᠢ ᠰᠢᠭ ᠶᠡᠷᠦ ᠪᠣᠰᠣ ᠪᠠᠷ ᠬᠦᠭᠰᠡᠨ | ᠳᠤᠭᠳᠤᠯᠵᠤ ᠦᠵᠡᠭᠡ ᠦᠬᠡᠢ᠃ ᠴᠤᠬᠤᠮ ᠶᠠᠭᠤᠨ ᠠᠴᠠ ᠪᠤᠯᠪᠠ ᠭᠡᠳᠡᠭ ᠢ ᠲᠠ ᠮᠡᠳᠡᠨ᠎ᠡ ᠤᠤ | | |