ᠭᠤᠶᠢᠷᠠᠨᠴᠢ ᠶᠢᠨ ᠦᠯᠢᠭᠡᠷ
ᠨᠡᠶᠢᠲᠡᠯᠡᠭᠰᠡᠨ ᠴᠠᠭ᠄
2019-11-26
ᠡᠷᠳᠡ ᠤᠷᠢᠳᠤ ᠶᠢᠨ ᠴᠠᠭ ᠲᠤ ᠨᠢᠭᠡ ᠭᠤᠶᠢᠷᠠᠨᠴᠢ᠂ ᠡᠳᠦᠷᠵᠢᠨ ᠭᠤᠶᠢᠷᠠᠨᠴᠢᠯᠠᠵᠤ ᠠᠮᠢᠳᠤᠷᠠᠳᠠᠭ ᠪᠠᠶᠢᠵᠠᠢ᠃ ᠳᠠᠷᠡ ᠪᠠᠰᠠ ᠪᠤᠰᠤᠳ ᠬᠦᠮᠦᠨ ᠲᠠᠢ ᠠᠳᠠᠯᠢ ᠵᠢᠷ ᠤᠨ ᠠᠮᠢᠳᠤᠷᠠᠯ ᠡᠳ᠋ᠯᠡᠬᠦ ᠶᠢ ᠬᠦᠰᠡᠵᠤ ᠦᠪᠡᠷ ᠤᠨ ᠭᠤᠶᠢᠷᠠᠨᠴᠢᠯᠠᠵᠤ ᠤᠯᠤᠭᠰᠠᠨ ᠠᠮᠤ ᠪᠤᠳᠠᠭ᠎ᠠ ᠪᠠᠨ ᠴᠤᠭᠯᠠᠭᠤᠯᠵᠤ ᠡᠬᠢᠯᠡᠵᠠᠢ᠃ ᠭᠡᠳᠡᠯ᠎ᠠ ᠬᠡᠴᠢᠨᠡᠭᠡᠨ ᠤᠯᠡᠨ ᠵᠢᠯ ᠴᠤᠭᠯᠠᠭᠤᠯᠤᠭᠰᠠᠨ ᠴᠤ ᠳᠡᠭᠦᠨ ᠤ ᠪᠤᠳᠠᠭᠠᠨ ᠤ ᠬᠦᠮᠦᠷᠭᠡ ᠳᠤᠨᠢ ᠪᠠᠭ᠎ᠠ ᠯᠠ ᠪᠤᠳᠠᠭ᠎ᠠ ᠪᠠᠶᠢᠭᠰᠠᠭᠠᠷ ᠁ ᠨᠢᠭᠡᠨ ᠰᠦᠨᠢ᠂ ᠲᠠᠷᠡ ᠰᠡᠮᠡᠭᠡᠷᠬᠡᠨ ᠭᠡᠷᠡᠮ ᠤᠨ ᠪᠤᠯᠤᠩ ᠳᠤ ᠨᠢᠭᠤᠵᠤ ᠪᠠᠶᠢᠬᠤ ᠳᠤ᠂ ᠨᠢᠭᠡ ᠬᠤᠯᠤᠭᠠᠨ᠎ᠠ ᠳᠡᠭᠦᠨ ᠤ ᠴᠤᠭᠯᠠᠭᠤᠯᠤᠭᠰᠠᠨ ᠪᠤᠳᠠᠭ᠎ᠠ ᠶᠢ ᠬᠤᠯᠠᠭᠠᠢᠢᠯᠠᠵᠤ ᠪᠠᠶᠢᠬᠤ ᠶᠢ ᠬᠠᠷᠠᠯ᠎ᠠ᠃ ᠲᠠᠷᠠ ᠶᠡᠭᠡ ᠪᠠᠷ ᠠᠭᠤᠷᠯᠠᠨ᠄ ︽ᠪᠠᠶᠠᠨ ᠠᠶᠢᠯ ᠳᠤ ᠳᠡᠶᠢᠮᠤ ᠤᠯᠠᠨ ᠠᠮᠤ ᠪᠤᠳᠠᠭ᠎ᠠ ᠪᠠᠶᠢᠬᠤ ᠳᠤ ᠴᠢ ᠤᠴᠢᠵᠤ ᠢᠳᠡᠬᠦ ᠦᠭᠡᠢ᠂ ᠶᠠᠭᠤᠨ ᠳᠤ ᠮᠢᠨᠤ ᠦᠢᠯᠡ ᠪᠠᠨ ᠪᠠᠷᠠᠵᠤ ᠴᠤᠭᠯᠠᠭᠤᠯᠤᠭᠰᠠᠨ ᠠᠮᠤ ᠪᠤᠳᠠᠭ᠎ᠠ ᠶᠢ ᠬᠤᠯᠠᠭᠠᠢᠢᠯᠠᠵᠤ ᠢᠳᠡᠭᠦ ᠪᠤᠢ︖︾ ᠭᠡᠰᠡᠨ ᠳᠤ ᠬᠤᠯᠤᠭᠠᠨ᠎ᠠ᠄ ︽ᠴᠢ ᠡᠨᠡ ᠨᠠᠰᠤᠨ ᠳᠠᠭᠠᠨ ᠨᠠᠢᠮᠠᠬᠠᠨ ᠬᠤᠪᠢ ᠶᠢᠨ ᠪᠤᠳᠠᠭ᠎ᠠ ᠤᠯᠬᠤ ᠬᠤᠪᠢ ᠲᠠᠢ᠂ ᠳᠠᠶᠠᠩ ᠳᠡᠯᠡᠬᠡᠢ ᠶᠢ ᠳᠤᠭᠤᠷᠢᠭᠰᠠᠨ ᠴᠤ ᠨᠡᠮᠡᠭᠳᠡᠬᠦ ᠦᠭᠡᠢ︾ ᠭᠡᠵᠠᠢ᠃ ᠭᠤᠶᠢᠷᠠᠨᠴᠢ ᠬᠤᠯᠤᠭᠠᠨ᠎ᠠ ᠠᠴᠠ᠄ ︽ᠡᠨᠡ ᠶᠠᠭᠤᠨ ᠤ ᠤᠴᠢᠷ ᠪᠤᠢ︖︾ ᠬᠡᠭᠦ ᠳᠤᠨᠢ ᠬᠤᠯᠤᠭᠠᠨ᠎ᠠ᠄ ︽ᠪᠢ ᠪᠠᠰᠠ ᠮᠡᠳᠡᠬᠦ ᠦᠭᠡᠢ᠂ ᠴᠢ ᠦᠪᠡᠷ ᠢᠶᠠᠨ ᠪᠤᠷᠬᠠᠨ ᠠᠴᠠ ᠤᠴᠢᠵᠤ ᠠᠰᠠᠭᠤᠭᠠᠴᠢ ︾ ᠭᠡᠵᠤ ᠭᠤᠶᠢᠷᠡᠨᠴᠢ ᠳᠤ ᠬᠡᠯᠡᠵᠠᠢ᠃ ᠳᠡᠭᠡᠭᠡᠳ ᠭᠤᠶᠢᠷᠠᠨᠴᠢ ᠪᠤᠷᠬᠠᠨ ᠤ ᠤᠷᠤᠨ ᠳᠤ ᠤᠴᠢᠵᠤ ᠪᠤᠷᠬᠠᠨ ᠪᠠᠭᠰᠢ ᠶᠢ ᠡᠷᠢᠬᠦ ᠪᠠᠷ ᠵᠤᠷᠢᠭ ᠰᠢᠭᠤᠳᠴᠤ᠂ ᠶᠠᠭᠤᠨ ᠤ ᠤᠴᠢᠷ ᠠᠴᠠ ᠡᠶᠢᠮᠦᠷᠬᠦ ᠬᠤᠪᠢ ᠵᠠᠶᠠᠭ᠎ᠠ ᠲᠠᠢ ᠪᠠᠶᠢᠬᠤ ᠪᠠᠨ ᠠᠰᠠᠭᠤᠬᠤ ᠪᠠᠷ ᠪᠤᠯᠵᠠᠢ᠃ ᠬᠤᠶᠠᠳᠤᠭᠠᠷ ᠡᠳᠦᠷ ᠨᠢ ᠭᠤᠶᠢᠷᠠᠨᠴᠢ ᠪᠤᠷᠬᠠᠨ ᠪᠠᠭᠰᠢ ᠶᠢ ᠡᠷᠢᠵᠤ ᠤᠴᠢᠬᠤ ᠠᠶᠠᠨ ᠢᠶᠠᠨ ᠡᠬᠢᠯᠡᠭᠦᠯᠵᠤ᠂ ᠪᠠᠰᠠ ᠵᠠᠮ ᠲᠤᠵᠢ ᠪᠤᠳᠠᠭ᠎ᠠ ᠭᠤᠶᠤᠭᠰᠠᠭᠠᠷ ᠪᠠᠶᠢᠵᠤ᠂ ᠨᠠᠷᠠ ᠰᠢᠩᠭᠡᠬᠦ ᠦᠶ᠎ᠠ ᠪᠠᠷ ᠨᠢᠭᠡ ᠠᠶᠢᠯ ᠤᠨ ᠪᠠᠷ᠎ᠠ ᠶᠢ ᠬᠠᠷᠠᠯ᠎ᠠ᠃ ᠲᠠᠷᠡ ᠡᠭᠦᠳᠠ ᠶᠢ ᠨᠢ ᠲᠤᠭᠰᠢᠬᠤ ᠳᠤ ᠨᠢᠭᠡᠨ ᠬᠠᠮᠢᠶᠠᠷᠤᠭᠴᠢ ᠭᠠᠷᠴᠤ ᠢᠷᠡᠨ ᠳᠡᠭᠦᠨ ᠠᠴᠠ ᠶᠠᠮᠠᠷ ᠤᠴᠢᠷ ᠲᠠᠢ ᠶᠢ ᠠᠰᠠᠭᠤᠭᠰᠠᠨ ᠳᠤ ᠳᠡᠷᠡ ᠵᠢᠭᠠᠬᠠᠨ ᠬᠤᠭᠤᠯᠠ ᠭᠤᠶᠤᠵᠤ ᠢᠳᠡᠶ᠎ᠠ ᠭᠡᠯ᠎ᠡ᠃ ᠶᠠᠭ ᠡᠨᠡ ᠦᠶ᠎ᠠ ᠳᠤ ᠭᠡᠷ ᠤᠨ ᠡᠵᠡᠨ ᠤᠯᠵᠤ ᠦᠵᠡᠭᠡᠳ ᠭᠤᠶᠢᠷᠨᠨᠴᠢ ᠶᠢ ᠶᠠᠭᠤᠨ ᠳᠤ ᠡᠶᠢᠮᠤ ᠤᠷᠤᠢ ᠪᠠᠰᠠ ᠵᠠᠮ ᠬᠦᠭᠡᠭᠡᠵᠤ ᠪᠠᠶᠢᠭ᠎ᠠ ᠤᠴᠢᠷ ᠢ ᠨᠢ ᠠᠰᠠᠭᠤᠬᠤ ᠳᠤ ᠭᠤᠶᠢᠷᠠᠨᠴᠢ ᠦᠪᠡᠷ ᠤᠨ ᠬᠤᠪᠢ ᠵᠠᠶᠠᠭ᠎ᠠ ᠪᠠᠨ ᠪᠤᠷᠬᠠᠨ ᠠᠴᠠ ᠤᠴᠢᠵᠤ ᠠᠰᠠᠭᠤᠬᠤ ᠭᠡᠵᠤ ᠪᠠᠶᠢᠭ᠎ᠠ ᠪᠠᠨ ᠶᠠᠷᠢᠵᠤ ᠦᠭᠴᠠᠢ᠃ ᠡᠭᠦᠨ ᠢ ᠰᠤᠨᠤᠰᠤᠭᠰᠠᠨ ᠭᠡᠷ ᠤᠨ ᠡᠵᠡᠨ ᠳᠡᠭᠦᠨ ᠢ ᠭᠡᠷ ᠲᠡᠭᠡᠨ ᠵᠠᠯᠠᠵᠤ᠂ ᠶᠡᠭᠡᠭᠡᠨ ᠬᠦᠨᠡᠰᠦ ᠵᠢᠴᠢ ᠮᠦᠩᠭᠦ ᠦᠭᠭᠦᠭᠰᠡᠨ ᠳᠤ ᠭᠤᠶᠢᠷᠠᠨᠴᠢ ᠲᠤᠩ ᠭᠠᠶᠢᠬᠠᠰᠢ ᠠᠯᠳᠠᠯ᠎ᠠ᠃ ᠭᠡᠷ ᠤᠨ ᠡᠵᠡᠨ ᠳᠡᠭᠦᠨ ᠳᠤ ᠳᠡᠳᠡᠨ ᠤ 16 ᠬᠦᠷᠦᠭᠰᠡᠨ ᠦᠬᠢᠨ ᠨᠢ ᠤᠳᠤ ᠪᠤᠯᠳᠠᠯ᠎ᠠ ᠦᠭᠡ ᠶᠠᠷᠢᠵᠤ ᠴᠢᠳᠠᠬᠤ ᠦᠭᠡᠢ ᠪᠠᠶᠢᠭ᠎ᠠ ᠶᠢᠨ ᠰᠢᠯᠳᠠᠭᠠᠨ ᠢ ᠪᠤᠷᠬᠠᠨ ᠪᠠᠭᠰᠢ ᠠᠴᠠ ᠠᠰᠠᠭᠤᠵᠤ ᠦᠭᠬᠦ ᠶᠢ ᠭᠤᠶᠤᠵᠠᠢ᠃ ᠶᠠᠭᠠᠬᠢᠭᠰᠠᠨ ᠴᠤ ᠪᠤᠷᠬᠠᠨ ᠤ ᠤᠷᠤᠨ ᠳᠤ ᠶᠠᠪᠤᠬᠤ ᠤᠴᠢᠷ ᠠᠴᠠ ᠭᠤᠶᠢᠷᠠᠨᠴᠢ ᠳᠡᠭᠦᠨ ᠤ ᠭᠤᠶᠤᠴᠢᠯᠠᠯ ᠢ ᠵᠦᠪᠰᠢᠶᠠᠷᠠᠵᠠᠢ᠃ ᠠᠬᠢᠭᠠᠳ ᠲᠤᠩ ᠤᠯᠠᠨ ᠠᠭᠤᠯᠠᠨ ᠬᠠᠪᠴᠢᠯ ᠢ ᠳᠠᠪᠠᠵᠤ ᠨᠢᠭᠡ ᠰᠦᠮ᠎ᠠ ᠳᠤ ᠤᠴᠢᠵᠤ ᠠᠶᠠᠭ᠎ᠠ ᠤᠰᠤ ᠭᠤᠶᠤᠵᠤ ᠪᠠᠷ ᠤᠷᠤᠬᠤ ᠳᠤ ᠨᠢᠭᠡ ᠯᠠᠮᠠ ᠪᠠᠭᠰᠢ ᠮᠦᠡᠭᠬᠦᠨ ᠲᠠᠶᠠᠭ ᠲᠤᠯᠤᠨ ᠪᠠᠶᠢᠵᠤ᠂ ᠬᠡᠳᠦ᠋ᠢᠪᠡᠷ ᠨᠠᠰᠤ ᠠᠬᠢᠭᠰᠠᠨ ᠴᠤ ᠵᠢᠪᠬᠤᠭᠠᠯᠢᠭ ᠪᠠᠶᠢᠭ᠎ᠠ ᠶᠢ ᠬᠠᠷᠠᠯ᠎ᠠ᠃ ᠯᠠᠮᠠ ᠪᠠᠭᠰᠢ ᠳᠡᠭᠦᠨ ᠳᠤ ᠤᠰᠤ ᠦᠭᠴᠤ ᠤᠤᠭᠤᠯᠭᠠᠭᠠᠳ᠂ ᠳᠡᠭᠦᠨ ᠤ ᠬᠠᠮᠢᠭ᠎ᠠ ᠶᠠᠪᠤᠵᠤ ᠪᠠᠶᠢᠭ᠎ᠠ ᠶᠢ ᠨᠢ ᠠᠰᠠᠭᠤᠭᠰᠠᠨ ᠳᠤ ᠭᠤᠶᠢᠷᠠᠨᠴᠢ ᠦᠪᠡᠷ ᠤᠨ ᠤᠴᠢᠷ ᠶᠠᠪᠤᠳᠠᠯ ᠢᠶᠠᠨ ᠳᠡᠭᠦᠨ ᠳᠤ ᠬᠡᠯᠡᠵᠠᠢ᠃ ᠳᠡᠭᠡᠬᠦ ᠳᠤ ᠯᠠᠮᠠ ᠪᠠᠭᠰᠢ ᠳᠡᠭᠦᠨ ᠤ ᠭᠠᠷ ᠠᠴᠠ ᠠᠳᠬᠤᠨ᠄ ︽ᠴᠢ ᠪᠤᠷᠬᠠᠨ ᠪᠠᠭᠰᠢ ᠠᠴᠠ ᠨᠠᠮᠠᠢᠢ ᠬᠡᠵᠢᠶ᠎ᠠ ᠳᠡᠭᠷᠢ ᠳᠤ ᠭᠠᠷᠴᠤ ᠬᠤᠪᠢᠯᠭᠠᠨ ᠪᠤᠯᠬᠤ ᠶᠢ ᠠᠰᠠᠭᠤᠭᠠᠳ ᠥᠭᠭᠦᠭᠡᠴᠢ᠂ ᠪᠢ 500 ᠵᠢᠯ ᠪᠢᠰᠢᠯᠭᠠᠯ ᠬᠢᠴᠢᠬᠡᠭᠰᠡᠨ ᠰᠢᠤ︾ ᠬᠡᠭᠦ ᠳᠤ ᠭᠤᠶᠢᠷᠠᠨᠴᠢ ᠳᠡᠭᠦᠨ ᠤ ᠭᠤᠶᠤᠴᠢᠯᠡᠯ ᠢ ᠮᠦᠨ ᠬᠦᠯᠢᠶᠠᠨ ᠠᠪᠴᠠᠢ᠃ ᠪᠠᠰᠠ ᠵᠠᠯᠭᠠᠭᠠᠳ ᠵᠠᠮ ᠢᠶᠠᠨ ᠬᠦᠭᠡᠭᠡᠵᠤ᠂ ᠤᠯᠠᠨ ᠠᠷᠪᠢᠨ ᠬᠠᠪᠴᠢᠯ ᠵᠢᠯᠠᠭ᠎ᠠ ᠶᠢ ᠳᠤᠭᠤᠯᠵᠤ᠂ ᠨᠢᠭᠡ ᠮᠦᠷᠡᠨ ᠤ ᠳᠡᠷᠭᠡᠳᠠ ᠬᠦᠷᠴᠤ ᠢᠷᠡᠭᠡᠳ ᠠᠵᠢᠭᠯᠠᠭᠰᠠᠨ ᠳᠤ ᠨᠢᠭᠡ ᠴᠤ ᠤᠡᠭᠭᠤᠴᠠᠨ ᠤ ᠪᠠᠷ᠎ᠠ ᠬᠠᠷᠠᠭᠳᠠᠬᠤ ᠦᠭᠡᠢ ᠪᠤᠯᠬᠤᠷ᠂ ᠭᠤᠶᠢᠷᠠᠨᠴᠢ ᠮᠦᠷᠡᠨ ᠢ ᠶᠠᠭᠠᠬᠢᠵᠤ ᠬᠡᠳᠦᠯᠬᠦ ᠪᠠᠨ ᠤᠯᠵᠤ ᠶᠠᠳᠠᠨ᠂ ᠠᠷᠭ᠎ᠠ ᠪᠠᠨ ᠪᠠᠷᠠᠵᠤ ᠤᠬᠢᠯᠠᠨ ᠪᠢ ᠦᠨᠡᠬᠡᠷ ᠡᠶᠢᠮᠤ ᠮᠠᠭᠤ ᠬᠤᠪᠢ ᠵᠠᠶᠠᠭ᠎ᠠ ᠲᠠᠢ ᠭᠡᠵᠤ ᠤᠤ ᠭᠡᠮᠡᠨ ᠵᠤᠪᠠᠵᠤ ᠰᠠᠭᠤᠵᠤ ᠪᠠᠶᠢᠳᠠᠯ᠎ᠠ ᠮᠦᠷᠡᠨ ᠠᠴᠠ ᠨᠢᠭᠡ ᠶᠠᠰᠤᠳᠤ ᠮᠡᠯᠡᠬᠡᠢ ᠭᠠᠷᠴᠤ ᠢᠷᠡᠨ ᠶᠠᠭᠤᠨ ᠳᠤ ᠠᠳᠡ ᠤᠬᠢᠯᠠᠵᠤ ᠰᠠᠭᠤᠭ᠎ᠠ ᠤᠴᠢᠷ ᠢ ᠨᠢ ᠠᠰᠠᠭᠤᠬᠤ ᠳᠤ ᠭᠤᠶᠢᠷᠠᠨᠴᠢ ᠦᠪᠡᠷ ᠤᠨ ᠦᠡᠭᠭᠡᠷᠡᠯᠳᠠ᠂ ᠤᠴᠢᠷ ᠶᠠᠪᠤᠳᠠᠯ ᠢᠶᠠᠨ ᠬᠡᠯᠡᠵᠤ ᠦᠭᠴᠠᠢ᠃ ᠶᠠᠰᠤᠳᠤ ᠮᠡᠯᠡᠬᠡᠢ᠄ ︽ᠪᠢ 1000 ᠵᠢᠯ ᠪᠢᠰᠢᠯᠭᠠᠯ ᠬᠢᠴᠢᠬᠡᠭᠰᠡᠨ ᠰᠢᠤ᠂ ᠶᠤᠰᠤᠨ ᠳᠠᠭᠠᠨ ᠪᠤᠯ ᠠᠯᠢ ᠬᠡᠳᠦ᠋ᠢᠨ ᠯᠤᠤ ᠪᠤᠯᠤᠨ ᠨᠢᠰᠦᠴᠢᠬᠡᠭᠰᠠᠨ ᠪᠠᠶᠢᠪᠠᠯ ᠲᠠᠭᠠᠷᠠᠨ᠎ᠠ᠃ ᠴᠢ ᠬᠡᠷᠪᠠ ᠡᠨᠡ ᠶᠠᠪᠤᠳᠠᠯ ᠢ ᠪᠤᠷᠬᠠᠠ ᠪᠠᠭᠰᠢ ᠠᠴᠠ ᠨᠠᠳᠠ ᠳᠤ ᠠᠰᠠᠭᠤᠵᠤ ᠦᠭᠪᠠᠯ᠂ ᠪᠢ ᠴᠢᠮᠠᠢᠢ ᠮᠦᠷᠡᠨ ᠤ ᠴᠠᠭᠠᠳᠤ ᠡᠷᠭᠢ ᠳᠤ ᠠᠪᠠᠴᠢᠵᠤ ᠦᠭᠭᠦᠶ᠎ᠠ︾ ᠭᠡᠬᠦ ᠳᠤ ᠭᠤᠶᠢᠷᠠᠨᠴᠢ ᠪᠠᠶᠠᠷᠲᠠᠢ ᠵᠦᠪᠰᠢᠶᠠᠷᠠᠯ᠎ᠠ᠃ ᠬᠡᠴᠢᠨᠡᠭᠡᠨ ᠤᠯᠠᠨ ᠡᠳᠦᠷ ᠠᠶᠠᠯᠠᠭᠰᠠᠨ ᠴᠤ ᠪᠤᠷᠬᠠᠨ ᠤ ᠤᠷᠤᠨ ᠤ ᠪᠠᠷ᠎ᠠ ᠨᠢ ᠴᠤ ᠬᠠᠷᠠᠭᠳᠠᠬᠤ ᠦᠭᠡᠢ ᠪᠤᠯᠬᠤᠷ ᠭᠤᠶᠢᠷᠠᠨᠴᠢ ᠲᠤᠩ ᠵᠤᠪᠠᠵᠤ ᠪᠤᠷᠬᠠᠨ ᠴᠤᠬᠤᠮ ᠬᠠᠮᠢᠭ᠎ᠠ ᠪᠠᠶᠢᠭ᠎ᠠ ᠪᠤᠯ᠂ ᠤᠳᠤ ᠪᠤᠷᠬᠠᠠ ᠤ ᠤᠷᠤᠨ ᠬᠦᠷᠦᠴᠢᠬᠡᠭᠰᠡᠨ ᠪᠠᠶᠢᠬᠤ ᠶᠤᠰᠤᠲᠠᠢ ᠭᠡᠵᠤ ᠪᠤᠳᠤᠭᠰᠠᠭᠠᠷ ᠪᠠᠶᠢᠵᠤ ᠵᠡᠭᠦᠷᠮᠡᠭᠯᠡᠨ ᠤᠨᠳᠠᠵᠠᠢ᠃ ᠳᠡᠭᠦᠨ ᠤ ᠵᠠᠭᠦᠳᠤᠨ ᠳᠤᠮᠳᠠ ᠨᠢ ᠪᠤᠷᠬᠠᠠ ᠪᠠᠭᠰᠢ ᠢᠯᠡᠷᠡᠨ ᠳᠡᠭᠦᠨ ᠠᠴᠠ᠄ ︽ᠴᠢ ᠲᠠᠷᠡ ᠬᠤᠯᠠ ᠠᠴᠠ ᠠᠳᠡ ᠢᠷᠡᠭᠰᠡᠨ ᠨᠢ ᠯᠠᠪ ᠴᠢᠬᠤᠯᠠ ᠶᠠᠪᠤᠳᠠᠯ ᠲᠠᠢ ᠪᠠᠶᠢᠬ᠎ᠠ︾ ᠬᠡᠬᠦ ᠳᠤ ᠭᠤᠶᠢᠷᠠᠨᠴᠢ᠄ ︽ᠳᠡᠶᠢᠮᠤ ᠡ᠂ ᠪᠤᠷᠬᠠᠨ ᠪᠠᠭᠰᠢ ᠡ ᠂ ᠪᠢ ᠬᠡᠳᠦᠨ ᠠᠰᠠᠭᠤᠯᠳᠠ ᠲᠠᠨ ᠠᠴᠠ ᠠᠰᠠᠭᠤᠬᠤ ᠭᠡᠰᠡᠨ ᠶᠤᠮ ᠡ︾ ᠬᠡᠭᠦ ᠳᠤ ᠪᠤᠷᠬᠠᠨ᠄ ︽ᠪᠤᠯᠤᠨ᠎ᠠ᠂ ᠭᠡᠪᠡᠴᠤ ᠨᠦᠭᠦᠴᠡᠯ ᠲᠠᠢ᠂ ᠴᠢ ᠬᠠᠮᠤᠭ ᠠᠷᠪᠢᠨ ᠳᠠᠭᠠᠨ ᠭᠤᠷᠪᠠᠨ ᠠᠰᠠᠭᠤᠯᠳᠠ ᠠᠰᠠᠭᠤᠵᠤ ᠪᠤᠯᠤᠨ᠎ᠠ︾ ᠭᠡᠵᠠᠢ᠃ ᠭᠤᠶᠢᠷᠠᠨᠴᠢ ᠪᠤᠷᠬᠠᠨ ᠪᠠᠭᠰᠢ ᠶᠢᠨ ᠬᠡᠯᠡᠭᠰᠡᠨ ᠢ ᠵᠦᠪᠰᠢᠶᠠᠷᠠᠨ ᠪᠢ ᠴᠤᠬᠤᠮ ᠠᠯᠢ ᠬᠡᠳᠤᠨ ᠠᠰᠠᠭᠤᠯᠳᠠ ᠶᠢ ᠨᠢ ᠠᠰᠠᠭᠤᠳᠠᠭ ᠪᠢᠯᠡ ᠭᠡᠵᠤ ᠪᠤᠳᠤᠯᠭᠠᠰᠢᠷᠠᠨ᠂ ᠶᠠᠰᠤᠳᠤ ᠮᠡᠯᠡᠬᠡᠢ 1000 ᠵᠢᠯ ᠪᠢᠰᠢᠯᠭᠠᠯ ᠬᠢᠭᠰᠡᠨ ᠪᠤᠯᠬᠤᠷ ᠠᠮᠠᠷ ᠦᠭᠡᠢ᠂ ᠳᠡᠭᠦᠨ ᠤ ᠠᠰᠠᠭᠤᠯᠳᠠ ᠶᠢ ᠤᠷᠢᠳᠠᠪᠡᠷ ᠠᠰᠠᠭᠤᠶ᠎ᠠ ᠬᠡᠮᠡᠨ ᠪᠤᠷᠬᠠᠨ ᠪᠠᠭᠰᠢ ᠠᠴᠠ᠄ ︽ᠪᠤᠷᠬᠠᠨ ᠪᠠᠭᠰᠢ ᠡ᠂ ᠶᠠᠰᠤᠳᠤ ᠮᠡᠯᠡᠬᠡᠢ 1000 ᠵᠢᠯ ᠪᠢᠰᠢᠯᠭᠠᠯ ᠬᠢᠴᠢᠬᠡᠭᠰᠡᠨ ᠪᠠᠶᠢᠬᠤ ᠳᠤ ᠶᠠᠭᠠᠬᠢᠭᠠᠳ ᠯᠤᠤ ᠪᠤᠯᠤᠨ ᠬᠤᠪᠢᠷᠠᠭ᠎ᠠ ᠦᠭᠡᠢ ᠪᠤᠢ︖︾ ᠬᠡᠭᠦ ᠳᠤ ᠶᠠᠰᠤᠳᠤ ᠮᠡᠯᠡᠭᠡᠢ ᠳᠡᠭᠦᠨ ᠤ ᠬᠤᠶᠠᠭ ᠠᠴᠠ ᠪᠠᠨ ᠰᠠᠯᠵᠤ ᠶᠠᠳᠠᠭᠰᠠᠨ ᠠᠴᠠ ᠪᠤᠯᠵᠠᠢ ᠭᠡᠵᠤ ᠪᠤᠷᠬᠠᠨ ᠪᠠᠭᠰᠢ ᠳᠡᠭᠦᠨ ᠳᠤ ᠬᠡᠯᠠᠵᠠᠢ᠃ ᠭᠤᠶᠢᠷᠠᠨᠴᠢ ᠠᠬᠢᠨ ᠪᠤᠳᠤᠯᠬᠢᠯᠠᠨ ᠯᠠᠮᠠ ᠪᠠᠭᠰᠢ 500 ᠵᠢᠯ ᠪᠢᠰᠢᠯᠭᠠᠯ ᠬᠢᠭᠰᠡᠨ ᠨᠢ ᠪᠠᠰᠠ ᠠᠮᠠᠷ ᠦᠭᠡᠢ᠂ ᠳᠡᠭᠦᠨ ᠤ ᠠᠰᠠᠭᠤᠯᠳᠠ ᠶᠢ ᠪᠠᠰᠠ ᠠᠰᠠᠭᠤᠬᠤ ᠶᠤᠰᠤᠲᠠᠢ ᠭᠡᠵᠤ ᠪᠤᠷᠬᠠᠨ ᠪᠠᠭᠰᠢ ᠠᠴᠠ᠄ ︽ᠯᠠᠮᠠ ᠪᠠᠭᠰᠢ 500 ᠵᠢᠯ ᠪᠢᠰᠢᠯᠭᠠᠯ ᠬᠢᠴᠢᠬᠡᠭᠰᠡᠨ ᠪᠠᠶᠢᠬᠤ ᠳᠤ ᠶᠠᠭᠠᠬᠢᠭᠠᠳ ᠳᠡᠭᠷᠢ ᠳᠤ ᠭᠠᠷᠴᠤ ᠬᠤᠪᠢᠯᠭᠠᠨ ᠪᠤᠯᠵᠤ ᠳᠡᠶᠢᠯᠦᠭᠡ ᠦᠭᠡᠢ ᠪᠤᠢ︖︾ ᠬᠡᠭᠦ ᠳᠤ ᠪᠤᠷᠬᠠᠨ ᠪᠠᠭᠰᠢ᠄ ︽ᠪᠠᠭᠰᠢ ᠯᠠᠮᠠ ᠳᠡᠭᠦᠨ ᠤ ᠳᠡᠷᠡ ᠬᠦ ᠲᠠᠶᠠᠭ ᠲᠠᠭᠠᠨ ᠬᠤᠷᠭᠤᠳᠠᠭᠰᠠᠠ ᠠᠴᠠ ᠪᠤᠯᠵᠠᠢ︾ ᠭᠡᠵᠠᠢ᠃ ᠭᠤᠶᠢᠷᠠᠨᠴᠢ ᠭᠡᠷ ᠤᠨ ᠡᠵᠡᠨ ᠤ ᠦᠬᠢᠨ ᠦᠭᠡ ᠶᠠᠷᠢᠵᠤ ᠴᠢᠳᠠᠬᠤ ᠦᠭᠡᠢ᠂ ᠬᠤᠵᠢᠮ ᠶᠠᠭᠠᠬᠢᠵᠤ ᠬᠦᠮᠦᠨ ᠳᠤ ᠮᠤᠷᠳᠠᠬᠤ ᠪᠤᠢ᠂ ᠬᠦᠭᠡᠷᠦᠭᠦ᠋ᠢᠯᠡᠯᠲᠠᠢ ᠬᠡᠮᠡᠨ ᠪᠤᠳᠤᠵᠤ᠂ ᠭᠤᠷᠪᠠᠳᠤᠭᠠᠷ ᠠᠰᠠᠭᠤᠯᠳᠠ ᠪᠠᠨ ᠪᠤᠷᠬᠠᠨ ᠪᠠᠭᠰᠢ ᠠᠴᠠ᠄ ︽ᠭᠡᠷ ᠤᠨ ᠡᠵᠡᠨ ᠤ ᠦᠬᠢᠨ ᠶᠠᠭᠠᠬᠢᠭᠠᠳ ᠦᠭᠡ ᠶᠠᠷᠢᠵᠤ ᠴᠢᠳᠠᠬᠤ ᠦᠭᠡᠢ ᠪᠤᠢ︾ ᠬᠡᠬᠦ ᠳᠤ ᠪᠤᠷᠬᠠᠨ ᠪᠠᠭᠰᠢ᠄ ︽ᠳᠡᠷᠠ ᠬᠠᠶᠢᠷᠠᠲᠠᠢ ᠬᠦᠮᠦᠨ ᠲᠠᠢ ᠪᠠᠨ ᠤᠴᠠᠷᠠᠪᠠᠯ ᠦᠭᠡ ᠶᠠᠷᠢᠴᠢᠬᠠᠨ᠎ᠠ︾ ᠭᠡᠵᠠᠢ᠃ ᠭᠡᠨᠡᠳᠳᠠ ᠪᠤᠷᠬᠠᠨ ᠪᠠᠭᠰᠢ ᠠᠯᠠᠭ᠎ᠠ ᠪᠤᠯᠪᠠ᠃ ᠭᠤᠶᠢᠷᠠᠨᠴᠢ ᠡᠨᠡ ᠦᠶ᠎ᠠ ᠳᠤ ᠰᠠᠶ᠋ᠢ ᠦᠪᠡᠷ ᠤᠨ ᠢᠶᠠᠨ ᠠᠰᠠᠭᠤᠯᠳᠠ ᠶᠢ ᠠᠰᠠᠭᠤᠭᠰᠠᠨ ᠦᠭᠡᠢ ᠪᠠᠨ ᠰᠡᠷᠠᠵᠤ ᠮᠡᠳᠡᠵᠠᠢ᠃ ᠳᠡᠭᠡᠭᠡᠳ ᠳᠡᠷᠡ ᠳᠤᠳᠤᠷ᠎ᠠ ᠪᠠᠨ᠄ ︽ᠵᠠ᠂ ᠪᠤᠯᠢᠶ᠎ᠠ᠂ ᠬᠠᠰᠢ ᠯᠠ ᠭᠤᠶᠢᠷᠠᠨᠴᠢ ᠠᠮᠢᠳᠤᠷᠠᠯ ᠢᠶᠠᠨ ᠬᠢᠶ᠎ᠠ︾ ᠭᠡᠳ ᠪᠤᠴᠠᠬᠤ ᠵᠠᠮ ᠢᠶᠠᠨ ᠡᠯᠭᠦᠵᠠᠢ᠃ ᠭᠤᠶᠢᠷᠠᠨᠴᠢ ᠮᠦᠷᠠᠨ ᠤ ᠬᠦᠪᠡᠭᠡᠨ ᠳᠤ ᠢᠷᠡᠵᠤ ᠶᠠᠰᠤᠳᠤ ᠮᠡᠯᠡᠬᠡᠢ ᠲᠠᠢ ᠤᠴᠠᠷᠠᠨ᠄ ︽ᠴᠢ ᠨᠠᠮᠠᠢᠢ ᠮᠦᠷᠡᠨ ᠤ ᠴᠠᠭᠠᠳᠤ ᠡᠷᠭᠢ ᠳᠤ ᠭᠠᠷᠭᠠᠵᠤ ᠦᠭᠭᠦᠭᠰᠡᠨ ᠤ ᠳᠠᠷᠠᠭ᠎ᠠ ᠪᠢ ᠳᠠᠬᠢᠨ ᠴᠢᠮ᠎ᠠ ᠳᠤ ᠶᠠᠷᠢᠵᠤ ᠦᠭᠭᠦᠶ᠎ᠠ ︾ ᠬᠡᠭᠦ ᠳᠤ ᠶᠠᠰᠤᠳᠤ ᠮᠡᠯᠡᠬᠡᠢ ᠳᠡᠬᠦᠨ ᠢ ᠮᠦᠷᠡᠨ ᠤ ᠴᠠᠭᠠᠳᠤ ᠡᠷᠭᠢ ᠳᠤ ᠭᠠᠷᠭᠠᠨ ᠦᠭᠴᠠᠢ᠃ ᠭᠤᠶᠢᠷᠠᠨᠴᠢ ᠳᠡᠭᠦᠨ ᠠᠴᠠ᠄ ︽ᠴᠢ ᠦᠪᠡᠷ ᠤᠨ ᠢᠶᠠᠨ ᠬᠤᠶᠠᠭ ᠠᠴᠠ ᠪᠠᠨ ᠰᠠᠯᠵᠤ ᠶᠠᠳᠠᠵᠤ ᠪᠠᠶᠢᠭ᠎ᠠ ᠶᠤᠮ ᠤᠤ︖︾ ᠭᠡᠬᠦ ᠳᠤ ᠶᠠᠰᠤᠳᠤ ᠮᠡᠯᠡᠬᠡᠢ ᠬᠡᠰᠡᠭ ᠪᠤᠳᠤᠯᠭᠠᠰᠢᠷᠠᠭᠰᠠᠨ ᠢᠶᠠᠨ ᠦᠪᠡᠷ ᠤᠨ ᠬᠤᠶᠠᠭ ᠢᠶᠠᠨ ᠭᠤᠶᠢᠷᠠᠨᠴᠢ ᠳᠤ ᠳᠠᠶᠢᠯᠵᠤ ᠦᠭᠭᠦᠭᠰᠡᠨ ᠢᠶᠠᠨ ᠳᠡᠭᠦᠨ ᠳᠤ᠄ ︽ᠡᠭᠦᠨ ᠤ ᠳᠤᠲᠤᠷ᠎ᠠ 24 ᠰᠤᠪᠤᠳ ᠪᠠᠶᠢᠨ᠎ᠠ᠂ ᠦᠨᠡᠯᠡᠰᠢ ᠦᠭᠡᠢ ᠡᠷᠳᠡᠨᠢ ᠰᠢᠤ᠂ ᠬᠡᠪᠠᠴᠤ ᠤᠳᠤ ᠨᠠᠳᠠ ᠳᠤ ᠶᠠᠮᠠᠷ ᠴᠤ ᠬᠡᠷᠡᠭᠴᠡᠭᠡ ‍ᠦᠭᠡᠢ ᠪᠤᠯᠤᠭᠰᠠᠨ᠂ ᠴᠢᠮ᠎ᠠ ᠳᠤ ᠪᠡᠯᠡᠭᠯᠡᠶ᠎ᠠ᠂ ᠨᠠᠳᠠ ᠳᠤ ᠲᠤᠰᠠᠯᠠᠭᠰᠠᠨ ᠳᠤ ᠪᠠᠶᠠᠷᠯᠠᠯ᠎ᠠ︾ ᠭᠡᠵᠤ ᠬᠡᠯᠡᠭᠡᠳ ᠯᠤᠤ ᠪᠤᠯᠤᠨ ᠨᠢᠰᠤᠨ ᠤᠳᠴᠠᠢ᠃ ᠭᠤᠶᠢᠷᠠᠨᠴᠢ 24 ᠰᠤᠪᠤᠳ ᠢᠶᠠᠨ ᠠᠪᠴᠤ ᠪᠤᠴᠠᠬᠤ ᠠᠶᠠᠨ ᠳᠠᠭᠠᠨ ᠳᠡᠬᠢᠨ ᠮᠤᠷᠳᠡᠯ᠎ᠠ᠃ ᠠᠭᠤᠯᠠᠨ ᠳᠤ ᠢᠷᠡᠭᠰᠡᠨ ᠤ ᠳᠠᠷᠠᠭ᠎ᠠ ᠭᠤᠶᠢᠷᠠᠨᠴᠢ᠂ ᠯᠠᠮᠠ ᠪᠠᠭᠰᠢ ᠶᠢᠨ ᠲᠡᠰᠴᠤ ᠶᠠᠳᠡᠨ ᠬᠦᠯᠢᠶᠡᠭᠰᠡᠨ ᠪᠠᠶᠢᠳᠠᠯ ᠢ ᠦᠵᠡᠭᠡᠳ ᠳᠡᠭᠦᠨ ᠠᠴᠠ᠄ ︽ᠲᠠ ᠭᠠᠷ ᠲᠠᠭᠠᠨ ᠪᠠᠷᠢᠵᠤ ᠪᠠᠶᠢᠭ᠎ᠠ ᠡᠨᠡ ᠮᠦᠡᠭᠭᠦᠨ ᠲᠠᠶᠠᠭ ᠳᠠᠭᠠᠨ ᠬᠤᠷᠭᠤᠳᠠᠵᠤ ᠪᠠᠶᠢᠨ᠎ᠠ ᠤᠤ︖︾ ᠬᠡᠭᠦ ᠳᠤ ᠯᠠᠮᠠ ᠪᠠᠭᠰᠢ ᠰᠡᠬᠦᠰᠬᠢᠨ ᠤᠬᠠᠭᠠᠷᠠᠨ ᠲᠠᠷᠡ ᠳᠤᠤᠷ᠎ᠠ ᠨᠢ ᠮᠦᠡᠭᠭᠦᠨ ᠳᠠᠶᠠᠭ ᠢᠶᠠᠨ ᠭᠤᠶᠢᠷᠨᠨᠴᠢ ᠳᠤ ᠪᠡᠯᠡᠭ ᠪᠤᠯᠭᠠᠨ ᠭᠦᠷᠭᠡᠭᠡᠳ ᠡᠭᠦᠯᠡ ᠬᠦᠯᠦᠭᠯᠡᠨ ᠨᠢᠰᠴᠤ ᠤᠳᠪᠠ᠃ ᠭᠤᠶᠢᠷᠠᠨᠴᠢ ᠳᠠᠬᠢᠨ ᠭᠡᠷ ᠤᠨ ᠡᠵᠡᠨ ᠤ ᠡᠭᠦᠳᠡᠡ ᠳᠤ ᠬᠦᠷᠴᠤ ᠢᠷᠡᠬᠦ ᠳᠤ ᠳᠡᠭᠦᠨ ᠤ ᠦᠬᠢᠨ ᠬᠡᠨᠡᠳᠳᠡ ᠶᠡᠭᠡ ᠳᠠᠭᠤᠨ ᠢᠶᠠᠷ᠄ ︽ᠪᠤᠷᠬᠠᠨ ᠪᠠᠭᠰᠢ ᠲᠠᠢ ᠵᠤᠯᠭᠠᠬᠤ ᠪᠠᠷ ᠶᠠᠪᠤᠭᠰᠠᠨ ᠬᠦᠮᠦᠨ ᠬᠠᠷᠢᠭᠠᠳ ᠢᠷᠡᠴᠢᠬᠡᠯ᠎ᠠ︾ ᠭᠡᠵᠤ ᠬᠠᠰᠬᠢᠷᠪᠠ᠃ ᠡᠭᠦᠨ ᠢ ᠦᠵᠡᠭᠰᠡᠨ ᠭᠡᠷ ᠤᠨ ᠡᠵᠡᠨ ᠲᠤᠩ ᠪᠠᠶᠠᠷᠯᠠᠨ ᠬᠡᠤᠬᠡᠨ ᠢᠶᠠᠨ ᠭᠤᠶᠢᠷᠠᠨᠴᠢ ᠳᠤ ᠪᠡᠷᠢ ᠪᠤᠯᠭᠠᠨ ᠦᠭᠭᠦᠭᠰᠡᠨ ᠪᠠᠶᠢᠨ᠎ᠠ᠃ ᠦᠯᠢᠭᠡᠷ ᠢᠩᠭᠢᠭᠡᠳ ᠳᠠᠭᠤᠰᠤᠯ᠎ᠠ᠂ ᠬᠡᠳᠦ᠋ᠢᠪᠡᠷ ᠶᠠᠭᠤ ᠴᠤ ᠦᠭᠡᠢ ᠭᠤᠶᠢᠷᠠᠨᠴᠢ ᠮᠠᠨᠢ ᠪᠤᠷᠬᠠᠨ ᠪᠠᠭᠰᠢ ᠠᠴᠠ ᠦᠪᠡᠷ ᠤᠨ ᠬᠤᠪᠢ ᠵᠠᠶᠠᠭ᠎ᠠ ᠪᠠᠨ ᠠᠰᠠᠭᠤᠵᠤ ᠳᠡᠶᠢᠯᠦᠭᠰᠡᠨ ᠦᠭᠡᠢ ᠴᠤ ᠳᠡᠭᠦᠨ ᠤ ᠠᠪᠤᠶ᠎ᠠ ᠭᠡᠰᠡᠨ ᠬᠠᠷᠢᠭᠤᠯᠳᠠ ᠬᠠᠷᠢᠨ ᠡᠳᠡᠭᠡᠷ ᠶᠠᠪᠤᠳᠠᠯ ᠤᠨ ᠪᠦᠬᠦ᠋ᠢᠯᠡ ᠶᠠᠪᠤᠴᠠ ᠳᠤᠮᠳᠠ ᠪᠠᠶᠢᠵᠠᠢ᠃ ᠦᠨᠡᠬᠡᠷ ᠬᠦᠮᠦᠨ ᠤ ᠠᠮᠢᠳᠤᠷᠠᠯ ᠭᠡᠭᠴᠢ ᠡᠶᠢᠮᠤ ᠯᠠ ᠪᠠᠶᠢᠳᠠᠭ ᠶᠤᠮ᠂ ᠬᠦᠮᠦᠨ ᠢ ᠬᠠᠶᠢᠷᠠᠯᠠᠳᠠᠭ ᠬᠦᠮᠦᠨ᠂ ᠪᠤᠰᠤᠳ ᠤᠨ ᠬᠠᠶᠢᠷ᠎ᠠ ᠶᠢ ᠤᠯᠵᠤ᠂ ᠬᠦᠮᠦᠨ ᠢ ᠬᠦᠨᠳᠦᠯᠡᠳᠡᠭ ᠬᠦᠮᠦᠨ᠂ ᠪᠤᠰᠤᠳ ᠤᠨ ᠬᠦᠨᠳᠦᠳᠬᠡᠯ ᠢ ᠤᠯᠬᠤ ᠨᠢ ᠯᠠᠪᠳᠠᠢ᠃ ᠬᠦᠮᠦᠨ ᠪᠤᠯᠵᠤ ᠲᠦᠷᠦᠭᠰᠡᠨ ᠤ ᠬᠤᠪᠢ ᠳᠤ ᠪᠢᠳᠠ ᠶᠠᠮᠠᠷᠪᠠ ᠶᠠᠪᠤᠳᠠᠯ ᠢ ᠬᠢᠬᠦ ᠳᠤ ᠵᠤᠷᠢᠭᠤᠯᠤᠯᠳᠠ ᠪᠠᠶᠢᠪᠠᠯ ᠤᠯᠤᠯᠳᠠ ᠪᠠᠶᠢᠳᠠᠭ ᠶᠤᠰᠤ ᠶᠢ ᠤᠬᠠᠭᠠᠷᠠᠬᠤ ᠬᠡᠷᠡᠭᠲᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号