ᠡᠬᠡ ᠶᠢᠨ ᠬᠠᠷᠠᠮᠵᠢ ᠨᠡᠬᠡᠬᠡᠬᠦ
ᠨᠡᠶᠢᠲᠡᠯᠡᠭᠰᠡᠨ ᠴᠠᠭ᠄
2019-11-27
ᠡᠷᠬᠢᠮ ᠲᠠ ᠪᠥᠬᠦᠨ ᠤ ᠡᠯᠢᠬᠡ ᠤᠷᠤᠭ ᠪᠤᠯᠤᠭᠰᠠᠨ ᠡᠬᠡ ᠪᠡᠷᠬᠡᠳ ᠤᠨ ᠵᠠᠷᠤᠯᠭ᠎ᠠ ᠪᠠᠷ ᠠᠳᠡᠬᠢ ᠶᠢᠨ ᠭᠠᠵᠠᠷ ᠪᠠᠷᠠᠭᠠᠯᠠᠯᠠᠬᠤ ᠢᠶᠠᠷ ᠢᠷᠡᠭᠰᠡᠨ ᠮᠢᠨᠤ ᠪᠡᠶ᠎ᠡ ᠤᠴᠢᠷ ᠲᠤᠬᠠᠢ ᠮᠡᠳᠡᠬᠦᠯᠥᠨ ᠰᠤᠨᠤᠰᠬᠠᠪᠠᠰᠤ᠄ ᠵᠠᠶᠠᠭᠠᠳᠤ ᠪᠡᠷᠢ ᠶᠢᠨ ᠴᠢᠨᠢ ᠡᠬᠡ ᠵᠠᠬᠢᠵᠤ ᠨᠠᠳᠠ ᠳᠤ ᠬᠡᠯᠡᠭᠰᠡᠨ ᠨᠢ ᠡᠷᠳᠡ ᠵᠠᠯᠠᠭᠤ ᠥᠶ᠎ᠡ ᠳᠤ ᠪᠢ ᠡᠷ᠎ᠡ ᠨᠥᠬᠦᠷ ᠢᠶᠠᠨ ᠲᠠᠭᠠᠵᠤ ᠡᠩ ᠤᠨ ᠬᠡᠪ ᠤᠨ ᠶᠠᠪᠤᠬᠤ ᠴᠠᠭ ᠲᠤ ᠪᠡᠶ᠎ᠡ ᠳᠤᠷ ᠬᠡᠨᠡᠳᠳᠡ ᠵᠢᠷᠥᠮᠰᠥᠯᠡᠭᠰᠡᠨ ᠪᠡᠯᠬᠡ ᠲᠡᠮᠳᠡᠭ ᠮᠡᠳᠡᠭᠳᠡᠨ ᠬᠥᠩᠬᠡᠨ ᠪᠡᠶ᠎ᠡ ᠮᠢᠨᠢ ᠬᠥᠨᠳᠥᠷᠴᠥ ᠬᠥᠳᠡᠯᠬᠦ ᠬᠥᠴᠥ ᠮᠢᠨᠢ ᠪᠠᠭᠤᠷᠠᠬᠤ ᠳᠤ ᠥᠳᠡᠯᠬᠦ ᠶᠢᠨ ᠴᠠᠭ ᠲᠤ ᠮᠢᠨᠢ ᠡᠷᠬᠦᠨ ᠲᠡᠳᠬᠦᠬᠦ ᠥᠷ᠎ᠡ ᠵᠠᠶᠠᠭᠠᠪᠠ ᠬᠡᠮᠡᠨ ᠪᠠᠶᠠᠷᠯᠠᠵᠤ ᠡᠪᠡᠢ ᠬᠤᠩᠭᠤᠷ ᠥᠷ᠎ᠡ ᠪᠠᠨ ᠡᠮᠳᠡᠨ ᠬᠡᠮᠳᠡᠬᠡᠵᠡᠢ ᠬᠡᠮᠡᠨ ᠡᠨᠡᠥᠯᠡᠨ ᠵᠤᠪᠠᠭ᠋ᠤ ᠶᠢ ᠬᠠᠳᠠᠭᠤᠵᠢᠨ ᠴᠢᠷᠮᠠᠶᠢᠵᠤ ᠠᠷᠠᠰᠤ ᠬᠥᠷᠥᠰᠥ ᠪᠠᠨ ᠨᠢᠮᠬᠡᠷᠡᠳᠡᠯ᠎ᠡ ᠡᠴᠡᠵᠥ ᠡᠷᠬᠦᠭᠰᠡᠬᠡᠷ ᠶᠠᠪᠤᠵᠤ ᠠᠷᠪᠠᠨ ᠰᠠᠷ᠎ᠠ ᠶᠢᠨ ᠤᠢ ᠬᠥᠷᠴᠥ ᠠᠷᠠᠢ ᠬᠡᠵᠤ ᠨᠢᠬᠡᠨ ᠲᠥᠷᠥᠬᠦᠯᠥᠭᠰᠡᠨ ᠠᠴᠠ ᠨᠠᠰᠢ ᠡᠬᠢᠯᠡᠨ ᠠᠩᠬᠢᠷ ᠰᠢᠷ᠎ᠠ ᠤᠭᠤᠷᠠᠭ ᠰᠥᠨ ᠴᠠᠭᠠᠨ ᠤ ᠰᠢᠮ᠎ᠡ ᠪᠠᠨ ᠰᠢᠮᠡᠬᠦᠯᠥᠨ ᠲᠡᠵᠢᠬᠡᠵᠥ ᠠᠯᠠᠭ ᠬᠤᠩᠭᠤᠷ ᠪᠡᠶ᠎ᠡ ᠶᠢ ᠨᠢ ᠠᠮᠠᠨ ᠳᠠᠭᠠᠨ ᠡᠮᠬᠦᠮ᠎ᠡ ᠪᠤᠶᠢᠵᠠᠭᠤᠯᠤᠨ ᠥᠰᠬᠡᠵᠥ ᠠᠷᠢᠭᠤᠨ ᠡᠷᠬᠢᠮᠰᠥᠭ ᠮᠠᠬᠠᠪᠤᠳ ᠢ ᠨᠢ ᠠᠮᠢᠳᠠᠢ ᠪᠠᠨ ᠬᠤᠯᠪᠤᠵᠤ ᠪᠤᠯᠪᠠᠰᠤᠷᠠᠭᠤᠯᠤᠨ ᠭᠠᠷᠭᠠᠵᠤ ᠠᠭᠠᠷ ᠤᠬᠠᠭᠠᠨ ᠢ ᠨᠢ ᠵᠠᠰᠠᠨ ᠪᠠᠶᠢᠵᠤ ᠠᠵᠤ ᠲᠥᠷᠥᠯ ᠳᠤ ᠰᠤᠷᠭᠠᠨ ᠪᠠᠶᠢᠳᠠᠯ᠎ᠠ ᠠᠴᠢᠳᠥ ᠡᠬᠡ ᠨᠢ ᠬᠡᠤᠬᠡᠨ ᠤ ᠪᠠᠨ ᠵᠠᠶᠠᠭᠠᠳᠤ ᠭᠠᠵᠠᠷ ᠢ ᠨᠢ ᠤᠯᠭᠤᠵᠤ ᠵᠢᠷᠭᠠᠭᠤᠯᠤᠶ᠎ᠠ ᠬᠡᠮᠡᠨ ᠵᠠᠬᠢᠨ ᠰᠤᠷᠭᠠᠭᠰᠠᠨ ᠢ ᠵᠥᠪᠰᠢᠶᠡᠷᠡᠵᠥ ᠬᠤᠶᠠᠷ ᠡᠳᠡᠬᠡᠳ ᠤᠨ ᠥᠷ᠎ᠡ ᠪᠤᠯᠭᠠᠨ ᠬᠤᠳᠠᠯᠨ ᠲᠡᠬᠦᠰ ᠤᠨ ᠰᠠᠭᠤᠷᠢ ᠪᠤᠯᠭᠠᠨ ᠲᠠᠯᠪᠢᠭᠰᠠᠨ ᠢ ᠠᠶᠢᠯᠠᠳᠬᠠᠮᠤᠢ︕ ᠰᠥᠯᠳᠡ ᠤᠩᠭᠤᠨ ᠮᠡᠳᠥ ᠪᠤᠳᠤᠵᠤ ᠰᠥᠨᠡᠰᠥ ᠰᠠᠬᠢᠭᠤᠰᠤ ᠮᠡᠳᠥ ᠰᠠᠨᠠᠵᠤ ᠰᠥᠷᠡᠬᠡᠢ ᠵᠥᠳᠡᠷᠡᠨ ᠬᠥᠴᠥᠯᠡᠭᠰᠡᠨ ᠮᠢᠨᠤ ᠰᠥᠨ ᠰᠢᠮ᠎ᠡ ᠶᠢᠨ ᠬᠠᠷᠠᠮᠵᠢᠨ ᠳᠤ ᠱᠠᠩᠨᠠᠬᠤ ᠡᠳ᠋ ᠤᠨ ᠬᠡᠰᠢᠭ ᠡᠯᠳᠡᠪ ᠵᠥᠢᠯ ᠪᠠᠶᠢᠬᠤ ᠲᠤᠯᠨ ᠡᠨᠡ ᠪᠥᠬᠦᠢ ᠵᠥᠢᠯ ᠬᠥᠯᠢᠶᠡᠨ ᠠᠪᠤᠭᠠᠳ ᠡᠷᠬᠢᠵᠤ ᠢᠷᠡᠮᠤ︕ ᠬᠡᠮᠡᠨ ᠨᠠᠮᠠᠢᠢ ᠶᠠᠪᠤᠭᠤᠯᠤᠭᠰᠠᠨ ᠪᠢᠯᠨ︕  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号