ᠨᠠᠮᠤᠷ ᠤᠨ ᠦᠩᠭᠡ
ᠨᠡᠶᠢᠲᠡᠯᠡᠭᠰᠡᠨ ᠴᠠᠭ᠄
2019-11-27
ᠰᠦᠯ ᠤᠨ ᠰᠢᠷᠭᠠᠯ ᠵᠢᠷᠠᠨ ᠨᠢ ᠨᠠᠷᠠᠨ ᠤ ᠮᠢᠩᠭᠠᠨ ᠴᠤᠬᠢᠶ᠎ᠠ ᠲᠠᠢ ᠰᠦᠨ ᠴᠠᠭᠠᠨ ᠨᠠᠭᠤᠷ ᠤᠳ ᠨᠢ ᠰᠠᠷᠠᠨ ᠤ ᠮᠦᠩᠬᠦᠨ ᠲᠤᠯᠬᠢᠶ᠎ᠠ ᠲᠠᠢ ᠬᠤᠯᠠᠨ ᠤ ᠲᠤᠭᠤᠰᠤ ᠲᠠᠢ ᠭᠤᠪᠢ ᠨᠢ ᠲᠦᠮᠡᠨ ᠪᠠᠷ᠎ᠠ ᠪᠠᠷ ᠲᠤᠨᠢᠶᠠᠷᠳᠤᠨ᠎ᠠ ᠬᠤᠰᠢᠭᠤᠷᠠᠨ ᠪᠡᠯᠴᠢᠬᠦ ᠲᠡᠮᠡᠭᠡᠳ ᠨᠢ ᠲᠡᠭᠦᠨ ᠤ ᠨᠠᠭᠠᠭᠤᠷ ᠪᠠᠷᠠᠭᠠᠨᠳᠤᠨ᠎ᠠ ᠤᠰᠤᠨ ᠲᠡᠯᠡᠮᠡᠨ ᠵᠡᠷᠭᠡᠯᠭᠡᠨ ᠳᠤᠨᠢ ᠠᠭᠤᠯᠠᠰ ᠲᠠᠰᠤᠷᠠᠨ ᠲᠤᠯᠬᠢᠶᠠᠯᠠᠨ᠎ᠠ ᠦᠲᠡ ᠶᠢᠨ ᠴᠡᠯᠮᠡᠬᠦᠨ ᠠᠭᠠᠷ ᠳᠤᠨᠢ ᠡᠭᠦᠯᠡᠰ ᠰᠡᠮᠡᠷᠡᠨ ᠭᠡᠯᠬᠢᠶᠡᠷᠡᠨ᠎ᠡ ᠲᠤᠤᠷᠠᠢ ᠶᠢᠨ ᠰᠢᠷᠭᠠᠯ ᠨᠠᠪᠴᠢ ᠨᠢ ᠰᠠᠯᠬᠢᠨ ᠤ ᠠᠶ᠎ᠠ ᠪᠠᠷ ᠬᠡᠶᠢᠰᠤᠨ᠎ᠠ ᠲᠤᠳᠤᠬᠠᠨ ᠪᠠᠭ᠎ᠠ ᠶᠢᠨ ᠠᠮᠠᠷᠠᠭ ᠨᠠᠰᠤᠨ ᠤ ᠬᠤᠰᠢ ᠳᠤ ᠲᠤᠷᠠᠰᠤᠭᠳᠠᠨ᠎ᠠ  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号