| | ᠮᠤᠩᠭᠤᠯ ᠮᠤᠷᠢ ᠪᠤᠯ ᠡᠩ ᠵᠢᠷ ᠤᠨ ᠠᠮᠢᠳᠠᠨ᠂ ᠡᠯᠢᠬᠡᠰᠡᠭ ᠲᠤᠳᠤᠨᠤ ᠰᠡᠳᠬᠢᠯᠬᠡ ᠲᠠᠢ ᠠᠮᠢᠳᠠᠨ᠂ | ᠬᠦᠮᠦᠨ ᠤᠷᠴᠢᠨ ᠲᠠᠢ ᠪᠠᠨ ᠵᠤᠬᠢᠴᠠᠨ ᠲᠤᠬᠢᠷᠠᠯᠴᠠᠵᠦ ᠴᠢᠳᠠᠳᠠᠭ ᠰᠡᠴᠡᠨ ᠰᠡᠷᠬᠦᠯᠡᠩ᠂ ᠬᠠᠳᠠᠨ ᠳᠠᠭᠠᠭᠠᠮᠠᠭᠠᠢ | ᠬᠠᠶᠢᠷᠠᠯᠠᠯᠳᠠᠢ ᠠᠮᠢᠳᠠᠨ ᠰᠠᠨ᠃ ᠬᠡᠷ ᠤᠨ ᠲᠡᠵᠢᠬᠡᠪᠤᠷᠢ ᠬᠡᠬᠡᠷ᠎ᠠ ᠶᠢᠨ ᠠᠷᠢᠶᠠᠳᠠᠨ ᠤ ᠵᠦᠢᠯ ᠬᠡᠳᠦᠢ ᠤᠯᠠᠨ ᠲᠦᠷᠦᠯ | ᠪᠠᠶᠢᠪᠠᠴᠤ ᠮᠤᠷᠢ ᠲᠠᠢ ᠠᠳᠠᠯᠢ ᠴᠤᠭ ᠵᠢᠪᠬᠤᠯᠠᠩᠳᠤ ᠰᠢᠨᠵᠢᠳᠠᠢ᠂ ᠴᠤᠪᠤᠭᠤ ᠳᠡᠭᠵᠢᠨ ᠵᠠᠩ ᠲᠠᠢ᠂ ᠰᠡᠷᠬᠡᠭ | ᠠᠪᠢᠶᠠᠰᠤᠳᠠᠢ᠂ ᠰᠦᠷᠯᠢᠭ ᠳᠦᠷᠦᠭᠰᠡᠨ ᠠᠮᠢᠳᠠᠨ ᠬᠡᠵᠦ ᠬᠡᠳᠦ ᠯᠨ ᠪᠠᠶᠢᠬᠤ ᠠᠵᠢ︕ | ᠮᠤᠩᠭᠤᠯ ᠮᠤᠷᠢᠨ ᠤ ᠰᠠᠶᠢᠬᠠᠨ ᠢ ᠠᠯᠳᠠᠷᠳᠤ ᠵᠤᠬᠢᠶᠠᠯᠴᠢ ᠠ᠊ · ᠤᠳᠽᠠᠷ ︽ᠮᠤᠩᠭᠤᠯ ᠮᠤᠷᠢ︾ ᠬᠡᠳᠡᠭ | ᠨᠠᠶᠢᠷᠠᠭᠤᠯᠤᠯ ᠳᠠᠭᠠᠨ ᠢᠩᠬᠢᠵᠦ ᠳᠦᠷᠰᠦᠯᠠᠵᠠᠢ᠄ ︽ᠮᠤᠷᠢᠨ ᠤ ᠪᠡᠶ᠎ᠡ ᠨᠢ ᠦᠨᠳᠦᠷ᠂ ᠬᠦᠯ ᠨᠢ ᠤᠷᠳᠤ᠂ | ᠨᠢᠷᠤᠭᠤ ᠨᠢ ᠰᠤᠪᠤᠭᠤᠬᠠᠨ᠂ ᠬᠡᠳᠡᠰᠤ ᠨᠢ ᠨᠠᠷᠢᠨ᠂ ᠲᠤᠯᠤᠭᠠᠢ ᠨᠢ ᠶᠡᠭᠡ ᠴᠤ ᠪᠢᠰᠢ ᠪᠠᠭ᠎ᠠ ᠴᠤ ᠪᠢᠰᠢ᠂ | ᠬᠦᠵᠦᠬᠦᠦ ᠨᠢ ᠤᠷᠳᠤ ᠴᠤ ᠪᠢᠰᠢ ᠤᠬᠤᠷ ᠴᠤ ᠪᠢᠰᠢ ᠶᠠᠭ ᠯᠨ ᠬᠡᠪ ᠲᠡᠭᠡᠨ ᠵᠤᠬᠢᠴᠠᠬᠰᠠᠨ ᠪᠠᠶᠢᠳᠠᠭ᠃ | ᠮᠡᠯᠳᠡᠬᠡᠨᠡᠭᠰᠡᠨ ᠬᠤᠶᠠᠷ ᠨᠢᠳᠤ ᠨᠢ ᠬᠡᠵᠢᠶ᠎ᠡ ᠡᠬᠦᠷᠢᠳᠡ ᠴᠤᠭ ᠪᠠᠳᠠᠷᠠᠨ ᠬᠡᠷᠡᠯᠳᠦᠵᠦ᠂ ᠲᠡᠬᠦᠨ ᠤ ᠰᠡᠷᠬᠡᠭ ᠰᠡᠴᠡᠨ | ᠠᠪᠢᠶᠠᠰ ᠢ ᠢᠯᠡᠷᠡᠬᠦᠯᠵᠦ ᠪᠠᠶᠢᠳᠠᠭ᠃ ᠮᠤᠷᠢᠨ ᠤ ᠴᠢᠬᠢ ᠨᠢ ᠤᠬᠤᠷ ᠱᠤᠪᠤᠭᠤᠷ᠂ ᠡᠬᠦᠷᠢᠳᠡ ᠰᠡᠷᠳᠡᠯᠵᠡᠨ ᠬᠦᠳᠡᠯᠵᠦ | ᠂ ᠵᠠᠷᠢᠮ ᠳᠠᠭᠠᠨ ᠰᠤᠯᠪᠢᠴᠠᠨ ᠬᠠᠶᠢᠴᠢᠯᠠᠵᠦ᠂ ᠬᠤᠷᠴᠠ ᠰᠡᠷᠬᠦᠯᠡᠩ ᠲᠤᠳᠤᠭᠠᠳᠤ ᠰᠡᠳᠬᠢᠯᠬᠡ ᠪᠠᠨ ᠢᠯᠡᠷᠡᠬᠦᠯᠵᠦ | ᠪᠠᠶᠢᠳᠠᠭ᠃ ᠮᠤᠷᠢᠨ ᠤ ᠤᠷᠤᠭᠤᠯ ᠨᠢ ᠨᠢᠮᠬᠡᠨ᠂ ᠰᠢᠳᠤ ᠨᠢ ᠬᠤᠷᠴᠠ ᠲᠤᠯᠨ ᠰᠡᠶᠢᠷᠡᠭ ᠪᠡᠯᠴᠢᠬᠡᠷ ᠨᠠᠷᠢᠨ ᠡᠪᠡᠰᠤ ᠶᠢ | ᠪᠦᠷ ᠬᠡᠬᠡᠭᠳᠡᠬᠦᠯᠦᠯ ᠦᠬᠡᠢ ᠲᠡᠬᠦᠵᠦ ᠢᠳᠡᠵᠦ ᠴᠢᠳᠠᠳᠠᠭ᠃ ᠮᠤᠷᠢᠨ ᠤ ᠳᠡᠯ ᠨᠢ ᠵᠤᠵᠠᠭᠠᠨ ᠬᠡᠷᠡᠭᠰᠡᠯ ᠨᠢ ᠤᠯᠠᠨ᠂ | ᠵᠠᠷᠢᠮ ᠳᠠᠭᠠᠨ ᠬᠤᠶᠠᠷ ᠲᠠᠯ᠎ᠠ ᠵᠦᠭ ᠢᠶᠠᠨ ᠬᠠᠭᠠᠷᠠᠵᠦ ᠪᠠᠭᠤᠭᠠᠳ ᠬᠡᠥᠬᠡᠨ ᠬᠥᠮᠦᠨ ᠤ ᠰᠠᠮᠨᠠᠬᠰᠠᠨ ᠬᠡᠵᠢᠬᠡ ᠰᠢᠭ | ᠬᠡᠶᠢᠰᠴᠤ ᠪᠠᠶᠢᠳᠠᠭ᠃ ᠳᠡᠯ ᠢ ᠨᠢ ᠬᠢᠷᠭᠠᠵᠦ ᠵᠠᠰᠠᠪᠠᠯ ᠤᠯᠠᠮ ᠰᠠᠶᠢᠬᠠᠨ ᠪᠤᠯᠵᠦ᠂ ᠡᠬᠡᠬᠡ ᠯᠨ ᠰᠠᠶ᠋ᠢᠬᠠᠨ ᠦᠰᠦ ᠪᠠᠨ | ᠵᠠᠰᠠᠭᠤᠯᠤᠬᠰᠠᠨ ᠢᠳᠡᠷ ᠵᠠᠯᠠᠭᠤ ᠰᠢᠭ᠋ ᠴᠡᠪᠡᠷ ᠭᠤᠶᠤᠬᠠᠨ ᠬᠠᠷᠠᠬᠳᠠᠳᠠᠭ᠃ ᠰᠡᠬᠦᠯ ᠨᠢ ᠵᠤᠵᠠᠭᠠᠨ ᠪᠦᠬᠡᠳ ᠤᠷᠳᠤ᠂ | ᠶᠠᠭ ᠯᠨ ᠬᠥᠮᠦᠨ ᠤ ᠬᠤᠪᠴᠠᠰᠤᠨ ᠤ ᠡᠩᠬᠡᠷ ᠬᠤᠷᠮᠤᠢ ᠠᠳᠠᠯᠢ ᠳᠠᠯᠳᠠᠯᠠᠪᠠᠯ ᠵᠤᠬᠢᠬᠤ ᠭᠠᠵᠠᠷ ᠢᠶᠠᠨ ᠳᠠᠯᠳᠠᠯᠠᠵᠦ᠂ | ᠢᠴᠢᠬᠦᠷᠢ ᠶᠢ ᠮᠡᠳᠡᠬᠦ ᠠᠮᠢᠳᠠᠨ ᠰᠢᠭ᠋ ᠪᠤᠯᠪᠠᠰᠤᠨ ᠶᠤᠰᠤᠷᠬᠠᠭ ᠪᠠᠶᠢᠳᠠᠭ᠃ ᠮᠤᠷᠢᠨ ᠤ ᠳᠠᠭᠤ ᠨᠢ ᠨᠠᠷᠢᠨ᠂ ᠴᠤᠤᠷᠢᠶ᠎ᠠ | ᠰᠠᠶᠢᠳᠠᠢ ᠮᠥᠷᠳᠡᠬᠡᠨ ᠳᠠᠭᠤᠴᠢᠨ ᠬᠥᠮᠦᠨ ᠤ ᠬᠤᠭᠤᠯᠠᠢ ᠰᠢᠭ᠋ ᠥ ᠰᠡᠪ ᠦᠬᠡᠢ ᠳᠤᠯᠨ ᠬᠤᠯᠨ ᠬᠡᠭᠴᠢ ᠬᠠᠩᠬᠢᠨᠠᠨ | ᠰᠤᠨᠤᠰᠳᠠᠵᠦ᠂ ᠬᠠᠷᠢᠯᠴᠠᠨ ᠴᠢᠮᠡᠭᠡ ᠠᠪᠤᠯᠴᠠᠨ ᠬᠤᠭᠤᠷᠤᠨᠳᠤ ᠪᠠᠨ ᠨᠡᠪᠳᠡᠷᠡᠯᠴᠡᠳᠡᠭ︾ ᠭᠡᠵᠡᠢ᠃ | ᠮᠤᠩᠭᠤᠯ ᠮᠤᠷᠢ ᠪᠤᠯ ᠮᠤᠩᠭᠤᠯ ᠬᠥᠮᠦᠨ ᠤ ᠰᠦᠷ ᠰᠦᠯᠳᠡ ᠪᠡ ᠬᠡᠶᠢᠮᠤᠷᠢ ᠶᠢᠨ ᠮᠦᠩᠬᠡ ᠶᠢᠨ ᠳᠡᠬᠡᠳᠦ | ᠪᠡᠯᠬᠡ ᠲᠡᠮᠳᠡᠭ ᠪᠤᠯᠤᠨ᠎ᠠ᠃ ᠮᠤᠩᠭᠤᠯ ᠬᠥᠮᠦᠨ ᠪᠤᠯᠤᠨ ᠮᠤᠩᠭᠤᠯ ᠮᠤᠷᠢ ᠬᠤᠭᠤᠷᠤᠨᠳᠤ ᠪᠠᠨ ᠰᠠᠯᠤᠰᠢ ᠦᠬᠡᠢ | ᠨᠢᠬᠳᠠ ᠬᠠᠷᠢᠴᠠᠭ᠎ᠠ ᠲᠠᠢ᠃ ᠮᠤᠩᠭᠤᠯ ᠬᠥᠮᠦᠨ ᠡᠷᠳᠡ ᠳᠡᠬᠡᠳᠦ ᠦᠶ᠎ᠡ ᠠᠴᠠ ᠪᠠᠨ ᠮᠤᠩᠭᠤᠯ ᠮᠤᠷᠢ ᠲᠠᠢ ᠪᠠᠨ ᠵᠠᠢ | ᠦᠬᠡᠢ ᠬᠠᠨᠢᠰᠴᠤ᠂ ᠮᠤᠷᠢᠨ ᠤ ᠪᠠᠨ ᠭᠠᠶᠢᠬᠠᠯᠳᠠᠢ ᠷᠢᠲᠢ ᠰᠢᠲᠢ ᠳᠤ ᠮᠠᠨᠳᠤᠵᠦ ︽ᠮᠤᠷᠢᠨ ᠨᠢᠷᠤᠭᠤᠨ ᠳᠡᠬᠡᠷᠡᠬᠢ | ᠪᠠᠭᠠᠳᠤᠷ ᠦᠨᠳᠦᠰᠦᠳᠡᠨ︾ ᠬᠡᠮᠡᠭᠳᠡᠭᠰᠡᠨ᠃ ᠮᠤᠩᠭᠤᠯ ᠬᠥᠮᠦᠨ ᠡᠷᠢᠶᠠᠨ ᠠᠯᠠᠭ ᠪᠦᠮᠪᠦᠷᠴᠡᠭ ᠤᠨ ᠲᠤᠮᠤᠬᠳᠤ | ᠪᠤᠭᠤᠷᠤᠯ ᠥᠨᠳᠦᠷᠯᠢᠭ᠂ ᠳᠡᠯᠬᠡᠷ ᠠᠭᠤᠳᠠᠮ ᠲᠠᠯ᠎ᠠ ᠳᠠᠭᠠᠨ ᠠᠮᠢ ᠨᠠᠰᠤᠨ ᠤ ᠮᠥᠩᠬᠡ ᠶᠢᠨ ᠪᠡᠯᠬᠡᠳᠡᠯ ᠬᠤᠷᠦ᠋ᠢᠯᠠᠵᠦ᠂ | ᠮᠤᠩᠭᠤᠯ ᠮᠤᠷᠢ ᠲᠠᠢ ᠪᠠᠨ ᠬᠤᠪᠢ ᠵᠠᠶᠠᠭ᠎ᠠ ᠪᠠᠨ ᠬᠤᠯᠪᠤᠵᠦ ᠶᠠᠪᠤᠬᠰᠠᠨ ᠶᠤᠮ᠃ ᠮᠤᠩᠭᠤᠯ ᠬᠥᠮᠦᠨ ᠮᠤᠷᠢᠨ ᠳᠠᠭᠠᠨ | ᠬᠠᠶᠢᠷᠠᠳᠠᠢ ᠪᠠᠶᠢᠳᠠᠭ ᠤᠨ ᠤᠴᠢᠷ ᠮᠤᠷᠢ ᠪᠠᠨ ᠬᠠᠮᠤᠭ ᠤᠨ ᠡᠷᠬᠢᠮ ᠰᠠᠶᠢᠬᠠᠨ ᠤ ᠪᠡᠯᠬᠡᠳᠡᠯ ᠪᠤᠯᠭᠠᠵᠦ᠂ ᠬᠤᠪᠢ | ᠵᠠᠶᠠᠭ᠎ᠠ ᠪᠠᠨ ᠮᠤᠷᠢᠨ ᠳᠠᠭᠠᠨ ᠳᠠᠭᠠᠳᠬᠠᠵᠦ ︽ᠬᠡᠶᠢᠮᠤᠷᠢ︾ ᠬᠡᠵᠦ ᠨᠡᠷᠡᠯᠡᠭᠰᠡᠨ ᠶᠤᠮ᠃ ᠮᠤᠩᠭᠤᠯᠴᠤᠳ ᠮᠤᠷᠢ ᠪᠠᠨ | ᠬᠠᠶᠢᠷᠠᠯᠠᠨ ᠰᠢᠳᠤᠵᠦ᠂ ᠮᠤᠷᠢ ᠪᠠᠷ ᠢᠶᠠᠨ ᠪᠠᠶᠠᠰᠳᠠᠭ ᠪᠠᠶᠢᠵᠠᠢ᠃ ᠲᠡᠬᠡᠬᠦ ᠳᠡᠭᠡᠨ ᠰᠠᠶᠢᠨ ᠰᠠᠶᠢᠬᠠᠨ ᠪᠦᠬᠦᠨ ᠤ ᠪᠠᠨ | ᠵᠦᠭ ᠬᠡᠶᠢᠮᠤᠷᠢ ᠬᠡᠶᠢᠰᠬᠡᠨ ᠦᠯᠵᠡᠶᠢᠳᠠᠢ ᠶᠠᠪᠤᠬᠤ ᠪᠤᠯᠳᠤᠭᠠᠢ ᠬᠡᠵᠦ ᠡᠪᠦᠬᠡᠳ ᠨᠠᠰᠤᠳᠠᠳ ᠮᠠᠨᠢ ᠵᠢᠯ ᠵᠢᠯ ᠤᠨ | ᠡᠬᠢᠨ ᠳᠡᠭᠡᠨ ᠪᠡᠯᠬᠡ ᠲᠠᠢ ᠢᠷᠥᠬᠡᠯ ᠬᠠᠶᠢᠷᠠᠯᠠᠳᠠᠭ ᠰᠠᠨ᠃ ᠮᠤᠷᠢ ᠮᠦᠨ ᠬᠥᠮᠦᠨ ᠰᠢᠭ ᠤᠬᠠᠭᠠᠨ ᠮᠡᠳᠡᠯ ᠬᠠᠶᠢᠷ᠎ᠠ | ᠰᠡᠳᠬᠢᠯᠬᠡ ᠲᠠᠢ ᠬᠡᠵᠦ ᠳᠡᠬᠡᠳᠦᠰ ᠮᠢᠨᠢ ᠰᠡᠴᠡᠯᠡᠭᠰᠡᠨ ᠪᠠᠶᠢᠳᠠᠭ᠃ ᠲᠠᠶᠢᠮᠤ ᠴᠤ ᠤᠴᠢᠷ ᠠᠴᠠ ᠮᠤᠷᠢ ᠲᠠᠢ ᠪᠠᠨ | ᠬᠠᠮᠢᠶ᠎ᠠ ᠲᠠᠢ ᠮᠤᠩᠭᠤᠯ ᠵᠦᠢᠷ ᠰᠡᠴᠡᠨ ᠦᠬᠡ ᠤᠯᠠᠨ ᠪᠠᠶᠢᠳᠠᠭ᠃ ︽ᠬᠦᠯᠦᠭ ᠪᠤᠯᠬᠤ ᠤᠨᠠᠭᠠᠨ ᠠᠴᠠ ᠪᠠᠨ᠂ | ᠬᠥᠮᠦᠨ ᠪᠤᠯᠬᠤ ᠪᠠᠭ᠎ᠠ ᠠᠴᠠ ᠪᠠᠨ︾᠂ ︽ᠡᠷ᠎ᠠ ᠬᠦᠮᠦᠨ ᠵᠤᠷᠢᠬᠰᠠᠨ ᠳᠠᠭᠠᠨ᠂ ᠡᠷ᠎ᠠ ᠮᠤᠷᠢ ᠬᠠᠷᠠᠶᠢᠬᠰᠠᠨ ᠳᠠᠭᠠᠨ︾ | ᠂ ︽ᠠᠳᠤᠭᠤᠨ ᠤ ᠠᠯᠠᠭ ᠰᠠᠶᠢᠬᠠᠨ᠂ ᠠᠶᠠᠭᠠᠨ ᠤ ᠠᠯᠠᠭ ᠮᠠᠭᠤᠬᠠᠢ︾᠂ ︽ᠰᠦᠳᠦ ᠬᠡᠬᠦᠦ ᠶᠢᠨ ᠤᠨᠠᠭ᠎ᠠ᠂ ᠰᠠᠶᠢᠨ | ᠬᠥᠮᠦᠨ ᠤ ᠦᠷ᠎ᠡ︾ ᠬᠡᠬᠦ ᠮᠡᠳᠦ ᠪᠠᠷ ᠥᠷᠬᠡᠨ ᠳᠡᠯᠬᠡᠷ ᠠᠭᠤᠯᠭ᠎ᠠ ᠶᠢ ᠲᠤᠰᠬᠠᠬᠰᠠᠨ ᠮᠥᠷᠳᠡᠬᠡᠨ ᠤᠳᠬ᠎ᠠ | ᠰᠠᠨᠠᠭ᠎ᠠ ᠨᠢ ᠮᠠᠰᠢ ᠬᠦᠨ ᠬᠦᠨᠵᠡᠬᠡᠢ ᠪᠠᠶᠢᠳᠠᠭ᠃ | ᠮᠤᠩᠭᠤᠯ ᠳᠠᠭᠤᠤ ᠪᠦᠵᠢᠭ ᠤᠨ ᠲᠤᠳᠤᠷ᠎ᠠ ᠮᠤᠩᠭᠤᠯ ᠮᠤᠷᠢ ᠪᠠᠨ ᠬᠠᠶᠢᠷᠠᠯᠠᠬᠤ ᠰᠡᠳᠬᠢᠯ ᠪᠢᠯᠬᠠᠮ᠎ᠠ ᠴᠠᠯᠬᠢᠮ᠎ᠠ | ᠪᠢᠯᠡ᠃ ᠮᠤᠩᠭᠤᠯ ᠮᠤᠷᠢ ᠪᠠᠨ ᠬᠠᠶᠢᠷᠠᠯᠠᠨ ᠪᠠᠭ᠋ᠠᠷᠬᠠᠵᠦ ᠮᠠᠬᠳᠠᠨ ᠳᠠᠭᠤᠯᠠᠬᠰᠠᠨ ᠠᠷᠠᠳ ᠤᠨ ᠳᠠᠭᠤᠤ ᠮᠢᠩᠭ᠎ᠠ | ᠭᠠᠷᠤᠢ ᠪᠠᠳᠠᠭ ᠪᠠᠶᠢᠳᠠᠭ᠃ ︽ᠡᠬᠦᠯᠡᠨ ᠬᠥᠬᠡ ᠮᠤᠷᠢ︾ ᠬᠡᠳᠡᠭ ᠳᠠᠭᠤᠤ ᠪᠠᠷ ᠵᠢᠱᠢᠶᠡᠯᠡᠬᠦ ᠳᠤ᠄ ︽ᠡᠬᠦᠯᠡᠨ ᠬᠦᠬᠡ | ᠮᠤᠷᠢ ᠮᠢᠨᠢ ᠡᠬᠦᠯᠨ ᠲᠡᠳᠠᠮᠠᠷ ᠬᠦᠶᠦᠳᠡᠯ ᠲᠠᠢ ᠦᠪᠦᠷ ᠳᠦᠴᠢ ᠶᠢᠰᠦᠨ ᠬᠤᠰᠢᠭᠤᠨ ᠳᠠᠭᠠᠨ ᠠᠯᠳᠠᠷ ᠭᠠᠷᠤᠬᠰᠠᠨ | ᠮᠤᠷᠢ ᠮᠢᠨᠢ ᠰᠠᠮᠰᠠᠭᠠ ᠶᠢᠨ ᠢᠶᠠᠨ ᠳᠤᠮᠳᠠ ᠨᠢ ᠰᠠᠷᠠᠨ ᠪᠢᠨᠳᠤᠷᠢᠶᠠᠨ ᠲᠡᠮᠳᠡᠭ ᠲᠠᠢ ᠰᠠᠯᠠᠭ᠎ᠠ ᠳᠦᠷᠪᠡᠨ ᠳᠤᠭᠤᠷᠠᠢ ᠨᠢ | ᠰᠠᠯᠬᠢ ᠲᠠᠳᠠᠮᠠᠷ ᠬᠦᠶᠦᠳᠡᠯ ᠲᠠᠢ︾ ᠭᠡᠵᠦ ᠶᠠᠮᠠᠷ ᠰᠠᠶᠢᠬᠠᠨ ᠤᠶᠠᠩᠭ᠎ᠠ ᠰᠡᠳᠬᠢᠯᠬᠡ ᠲᠠᠢ ᠮᠠᠬᠳᠠᠨ ᠳᠠᠭᠤᠯᠠᠬᠰᠠᠨ | ᠠᠵᠢ᠃ ᠮᠣᠩᠭᠤᠯ ᠠᠷᠠᠳ ᠤᠨ ᠳᠠᠭᠤᠤ ᠳᠤ ᠮᠤᠩᠭᠤᠯ ᠮᠤᠷᠢᠨ ᠤ ᠤᠮᠤᠭ᠂ ᠵᠤᠷᠢᠭ᠂ ᠰᠦᠷ ᠰᠦᠯᠳᠡ ᠶᠢ ᠪᠠᠭ᠋ᠠᠳᠤᠨ | ᠵᠤᠷᠢᠬᠵᠢᠳᠠᠯᠠ ᠤᠶᠠᠩᠭᠠᠯᠠᠨ ᠳᠠᠭᠤᠯᠠᠬᠰᠠᠨ ᠪᠠᠶᠢᠨ᠎ᠠ᠃ ᠮᠤᠩᠭᠤᠯ ᠪᠦᠵᠢᠭ ᠤᠨ ᠲᠤᠳᠤᠷᠠᠬᠢ ᠮᠠᠰᠢ ᠤᠯᠠᠨ | ᠬᠦᠳᠡᠯᠦᠯ ᠨᠢ ᠴᠤ ᠮᠤᠩᠭᠤᠯ ᠮᠤᠷᠢᠨ ᠠᠴᠠ ᠢᠷᠡᠯᠳᠠᠢ ᠪᠠᠶᠢᠳᠠᠭ᠃ ᠮᠤᠩᠭᠤᠯ ᠡᠷᠳᠡᠨ ᠤ ᠰᠤᠩᠭᠤᠳᠠᠭ ᠵᠤᠬᠢᠶᠠᠯ ︽ | ᠭᠡᠰᠡᠷ︾᠂ ︽ᠵᠠᠩᠭᠠᠷ︾ ᠲᠤ ᠮᠤᠷᠢ ᠶᠢ ᠮᠠᠬᠳᠠᠵᠦ ᠰᠢᠯᠦᠭᠯᠡᠭᠰᠡᠨ ᠨᠢ ᠴᠦᠬᠡᠨ ᠪᠤᠰᠤ ᠬᠠᠭᠤᠳᠠᠰᠤ ᠡᠵᠡᠯᠡᠳᠡᠭ᠃ | ᠢᠯᠠᠩᠭᠤᠶ᠎ᠠ ᠮᠤᠩᠭᠤᠯ ᠦᠨᠳᠦᠰᠦᠳᠡᠨ ᠤ ᠠᠪᠢᠶᠠᠰᠳᠤ ᠢᠷᠠᠭᠤ ᠨᠠᠶᠢᠷᠠᠬᠴᠢᠳ ᠮᠤᠩᠭᠤᠯ ᠮᠤᠷᠢ ᠪᠠᠨ ᠮᠠᠬᠳᠠᠨ | ᠲᠠᠭᠤᠯᠠᠬᠰᠠᠨ ᠭᠠᠶᠢᠬᠠᠮᠰᠢᠬᠳᠤ ᠮᠦᠷ ᠪᠠᠳᠠᠭ ᠤᠳ ᠢ ᠮᠠᠰᠢ ᠤᠯᠠᠨ ᠲᠤᠭᠤᠷᠪᠢᠬᠰᠠᠨ᠃ ︽ᠮᠤᠷᠢ ᠮᠢᠨᠢ︕ | ᠮᠣᠩᠭᠤᠯ ᠰᠠᠯᠬᠢ ᠮᠢᠨᠢ︕ ᠮᠥᠩᠭᠡ ᠭᠤᠣᠯ ᠮᠢᠨᠢ︕ ᠴᠢᠮᠠᠢᠢ ᠪᠢᠴᠢᠬᠦ ᠳᠤ ᠤᠰᠤ ᠪᠦᠯᠢᠶᠡᠰᠦᠨᠡ ᠴᠢᠮᠠᠢᠢ | ᠤᠩᠰᠢᠬᠤ ᠳᠤ ᠠᠭᠤᠯᠨ ᠳᠣᠸᠠᠯᠠᠰᠬᠢᠨᠠ ᠴᠡᠬᠡᠵᠢ ᠪᠠᠨ ᠰᠦᠪᠯᠡᠭᠦᠯᠦᠭᠰᠡᠨ ᠡᠵᠡᠨ ᠢᠶᠠᠨ ᠦᠰᠢᠶᠡᠲᠡᠨ ᠤ ᠭᠠᠷ ᠲᠤ | ᠦᠭᠭᠦᠭᠡ ᠦᠭᠡᠢ ᠴᠢ ᠴᠡᠬᠡᠵᠢ ᠪᠠᠨ ᠬᠠᠭᠤ ᠲᠠᠲᠠᠭᠤᠯᠴᠢᠬᠠᠭᠠᠳ ᠰᠦᠷᠦᠭ ᠴᠢᠨ᠋ᠸ᠎ᠠ ᠠᠴᠠ ᠰᠦᠭᠡᠮ ᠤᠬᠤᠷᠢᠭ᠎ᠠ | ᠦᠭᠡᠢ ᠴᠢ ᠴᠢᠬᠢ ᠨᠢᠳᠦ ᠶᠢ ᠨᠢ ᠪᠤᠭᠤᠴᠢᠬᠠᠭᠠᠳ ᠳᠡᠭᠡᠰᠦ ᠪᠠᠷ ᠬᠦᠲᠦᠯᠦᠭᠡᠳ ᠬᠦᠶᠦᠭᠰᠡᠨ ᠴᠤ ᠲᠦᠮᠡᠨ | ᠭᠠᠵᠠᠷ ᠤᠨ ᠬᠤᠯᠨ ᠠᠴᠠ ᠲᠦᠷᠦᠭᠰᠡᠨ ᠨᠤᠲᠤᠭ ᠢᠶᠠᠨ ᠠᠨᠳᠠᠳᠠᠭ ᠦᠭᠡᠢ ᠴᠢ︾᠃ ᠡᠨᠡ ᠪᠣᠯ ᠠᠪᠢᠶᠠᠰᠲᠤ | ᠰᠢᠯᠦᠭᠴᠢᠨ ᠠᠷᠲᠠᠢ ᠶᠢᠨ ᠰᠢᠲᠢᠳᠦ ᠪᠢᠷ ᠢᠶᠠᠷ ᠤᠶᠠᠩᠭᠠᠷᠠᠭᠰᠠᠨ ︽ᠮᠣᠷᠢ︾ ᠬᠡᠳᠡᠭ ᠰᠢᠯᠦᠭ᠃ ᠪᠠᠰᠠ ᠨᠢᠭᠡᠨ | ᠰᠢᠯᠦᠭᠴᠢ ᠮᠣᠩᠭᠤᠯ ᠮᠣᠷᠢ ᠶᠢ ᠢᠩᠬᠢᠵᠦ ᠰᠢᠯᠦᠭᠯᠡᠵᠡᠢ᠄ ︽ᠨᠠᠷᠠ ᠶᠢ ᠳᠡᠯ ᠳᠡᠭᠡᠷ᠎ᠡ ᠪᠠᠨ ᠮᠠᠨᠳᠤᠭᠤᠯᠤᠨ ᠨᠠᠳᠬᠤᠨ | ᠦᠷᠬᠦᠨ ᠵᠢᠷᠢᠯᠵᠡᠲᠡᠯᠡ ᠲᠣᠭᠯᠠᠵᠤ ᠨᠠᠪᠴᠢᠲᠤ ᠲᠠᠯ᠎ᠠ ᠶᠢᠨ ᠦᠷᠦᠴᠨ ᠵᠦᠰᠦᠵᠦ ᠨᠠᠭᠠᠳᠤᠨ ᠠᠯᠢᠶᠠᠷᠬᠠᠨ | ᠵᠢᠷᠪᠢᠯᠵᠡᠲᠡᠯᠡ ᠲᠠᠪᠬᠢᠬᠤ ᠳᠤ ᠲᠣᠭᠤᠰᠤ ᠨᠢ ᠲᠡᠭᠷᠢ ᠪᠦᠷᠬᠦᠨ ᠮᠠᠨᠠᠨᠳᠠᠵᠤ ᠬᠠᠷᠠᠭᠳᠠᠳᠠᠭ ᠰᠢᠭᠤᠷᠭ᠎ᠠ ᠲᠤᠭᠤᠷᠠᠢ ᠨᠢ | ᠳᠡᠯᠡᠬᠡᠢ ᠳᠣᠷᠬᠢᠭᠤᠯᠤᠨ ᠲᠠᠴᠢᠬᠢᠨᠠᠵᠤ ᠰᠣᠨᠣᠰᠳᠠᠳᠠᠭ ᠠᠶᠤᠩᠭ᠎ᠠ︾᠃ ᠡᠳᠡᠭᠡᠷ ᠮᠣᠩᠭᠤᠯ ᠮᠣᠷᠢ ᠪᠠᠨ ᠮᠠᠭᠲᠠᠭᠰᠠᠨ | ᠣᠷᠠᠨ ᠭᠤᠶᠢᠲᠠ᠂ ᠬᠠᠶᠢᠷ᠎ᠠ ᠳᠦᠷᠡᠯᠵᠡᠭᠰᠡᠨ ᠤᠶᠠᠩᠭᠠᠳᠤ ᠨᠠᠶᠢᠷᠠᠭ ᠮᠤᠩᠭᠤᠯ ᠬᠥᠮᠦᠨ ᠤ ᠵᠤᠷᠢᠭ ᠬᠦᠰᠡᠯ ᠤᠨ | ᠮᠦᠩᠬᠡ ᠶᠢᠨ ᠭᠠᠯ ᠪᠤᠯᠤᠨ ᠠᠰᠠᠵᠦ ᠪᠠᠶᠢᠳᠠᠭ᠃ | ᠡᠶᠢᠮᠤ ᠰᠠᠶᠢᠬᠠᠨ ᠮᠤᠩᠭᠤᠯ ᠮᠤᠷᠢᠨ ᠤ ᠪᠠᠨ ᠨᠢᠷᠤᠭᠤᠨ ᠳᠡᠬᠡᠷ᠎ᠡ ᠭᠠᠷᠤᠮᠠᠬᠴᠠ ᠮᠤᠩᠭᠤᠯ ᠬᠥᠮᠦᠨ ᠢᠯᠠᠬᠳᠠᠰᠢ | ᠦᠬᠡᠢ ᠬᠦᠴᠦᠨ ᠲᠠᠢ ᠪᠤᠯᠵᠦ ᠠᠯᠢᠪᠠ ᠬᠦᠰᠡᠯ ᠦᠢᠯᠡᠰ ᠤᠨ ᠢᠶᠠᠨ ᠲᠤᠶᠠᠭᠠᠳᠤ ᠤᠷᠬᠢᠯ ᠵᠦᠭ ᠬᠢᠯᠠᠯᠵᠠᠨ ᠳᠡᠬᠦᠯᠢᠳᠡᠭ | ᠶᠤᠮᠰᠠᠨ᠃ ᠳᠡᠬᠡᠬᠦ ᠳᠡᠭᠡᠨ ᠡᠪᠦᠭᠡ ᠳᠡᠬᠡᠳᠦᠰ ᠮᠢᠨᠢ ᠮᠤᠷᠢ ᠪᠠᠨ ᠤᠬᠠᠭᠠᠨ ᠰᠡᠳᠬᠢᠯ ᠳᠡᠭᠡᠨ ᠬᠦᠨ ᠰᠢᠩᠬᠡᠬᠡᠵᠦ | ᠮᠤᠷᠢᠨ ᠲᠤᠯᠤᠭᠠᠢ ᠶᠢᠨ ᠬᠡᠯᠪᠡᠷᠢᠳᠠᠢ ᠬᠦᠭᠵᠢᠮ ᠬᠢᠵᠦ ᠮᠤᠷᠢᠨ ᠤ ᠳᠡᠯ ᠰᠡᠬᠦᠯ ᠢᠶᠠᠷ ᠬᠤᠭᠤᠷ ᠤᠨ ᠬᠦᠪᠴᠢ ᠪᠤᠯᠭᠠᠨ | ᠂ ᠮᠤᠩᠭᠤᠯ ᠮᠤᠷᠢ ᠪᠠᠨ ᠮᠠᠬᠳᠠᠨ ᠳᠠᠭᠤᠯᠠᠵᠦ ᠬᠢᠯᠭᠠᠰᠤᠨ ᠬᠤᠶᠠᠷ ᠴᠢᠪᠬᠠᠳᠠᠰᠤᠨ ᠤ ᠮᠤᠩᠭᠤᠯ ᠠᠶᠠᠯᠭᠤᠨ ᠳᠤ | ᠬᠠᠶᠢᠷ᠎ᠠ ᠰᠡᠳᠬᠢᠯᠬᠡ ᠪᠠᠨ ᠰᠢᠩᠬᠡᠬᠡᠭᠰᠡᠨ ᠪᠠᠶᠢᠳᠠᠭ᠃ ᠮᠤᠩᠭᠤᠯ ᠤᠷᠠᠯᠢᠬᠴᠢᠨ᠂ ᠵᠢᠷᠤᠬᠴᠢᠨ᠂ ᠰᠡᠶᠢᠯᠪᠤᠷᠢᠴᠢᠨ ᠨᠠᠷ | ᠮᠤᠩᠭᠤᠯ ᠮᠤᠷᠢ ᠪᠠᠷ ᠰᠡᠳᠦᠪ ᠪᠤᠯᠭᠠᠵᠦ᠂ ᠵᠦᠢᠯ ᠵᠦᠯ ᠤᠨ ᠤᠷᠠᠨ ᠪᠦᠳᠦᠬᠡᠯ ᠪᠦᠳᠦᠬᠡᠭᠰᠡᠨ ᠢ ᠨᠢ ᠨᠡᠩᠳᠡ | ᠲᠤᠭᠠᠯᠠᠬᠤᠶ᠎ᠠ ᠪᠡᠷᠬᠡ ᠪᠢᠯᠨ᠃ ᠡᠳᠡᠬᠡᠷ ᠤᠷᠠᠨ ᠪᠦᠳᠦᠬᠡᠯ ᠨᠢ ᠤᠳᠤ ᠴᠤ ᠭᠡᠰᠡᠨ ᠬᠦᠮᠦᠰ ᠤᠨ ᠳᠤᠷ᠎ᠠ ᠰᠤᠨᠢᠷᠬᠠᠯ ᠢ | ᠲᠠᠳᠠᠬᠰᠠᠭᠠᠷ ᠪᠠᠶᠢᠬᠤ ᠶᠢ ᠶᠠᠭᠤᠨ ᠦᠬᠦᠯᠡᠨᠡᠮ᠃ ᠮᠤᠩᠭᠤᠯ ᠮᠤᠷᠢ᠂ ᠮᠤᠩᠭᠤᠯ ᠬᠥᠮᠦᠨ ᠤ ᠳᠤᠳᠤᠨᠤ ᠬᠠᠨᠢ᠂ | ᠮᠤᠩᠭᠤᠯ ᠬᠥᠮᠦᠨ ᠤ ᠬᠦᠰᠡᠯ ᠤᠨ ᠵᠢᠬᠦᠷ᠃ ᠮᠤᠩᠭᠤᠯ ᠮᠤᠷᠢ᠂ ᠮᠤᠩᠭᠤᠯ ᠬᠦᠮᠦᠨ ᠤ ᠪᠠᠳᠤ ᠲᠦᠰᠢᠭ᠂ ᠮᠤᠩᠭᠤᠯ | ᠬᠥᠮᠦᠨ ᠤ ᠡᠩᠬᠡ ᠶᠢᠨ ᠮᠠᠨᠠᠭ᠎ᠠ᠃ ᠮᠤᠩᠭᠤᠯ ᠮᠤᠷᠢ᠂ ᠮᠤᠩᠭᠤᠯ ᠬᠥᠮᠦᠨ ᠵᠢᠮ᠎ᠠ ᠵᠢᠷᠤᠮ ᠲᠠᠢ ᠵᠤᠬᠢᠴᠠᠯᠳᠤᠳᠠᠭ ᠨᠢ | ᠨᠠᠷᠨ᠂ ᠰᠠᠷᠨ ᠤᠷᠴᠢᠯᠳᠦᠨ ᠲᠤᠬᠳᠠᠨᠢᠳᠠᠭ ᠲᠠᠢ ᠠᠳᠠᠯᠢᠬᠠᠨ᠃ ᠮᠤᠩᠭᠤᠯ ᠮᠤᠷᠢ ᠦᠬᠡᠢ ᠪᠤᠯ ᠢᠰᠡᠬᠡᠢ ᠬᠡᠷ ᠮᠢᠨᠢ | ᠦᠵᠡᠮᠤᠷᠢ ᠦᠬᠡᠢ ᠬᠠᠷᠠᠬᠳᠠᠨ᠎ᠠ᠃ ᠮᠤᠩᠭᠤᠯ ᠮᠤᠷᠢ ᠦᠬᠡᠢ ᠪᠤᠯ ᠮᠤᠩᠭᠤᠯ ᠬᠥᠮᠦᠨ ᠬᠡᠶᠢᠮᠤᠷᠢ ᠦᠬᠡᠢ ᠰᠠᠨᠠᠬᠳᠠᠨ᠎ᠠ᠃ | ᠮᠤᠩᠭᠤᠯ ᠮᠤᠷᠢ ᠦᠬᠡᠢ ᠪᠤᠯ ᠮᠤᠩᠭᠤᠯ ᠤᠨ ᠲᠠᠯ᠎ᠠ ᠨᠤᠳᠤᠭ ᠴᠡᠴᠡᠭᠡᠰ ᠦᠬᠡᠢ ᠠᠳᠠᠯᠢ ᠪᠤᠳᠤᠬᠳᠠᠨ᠎ᠠ᠃ | ᠮᠤᠩᠭᠤᠯ ᠮᠤᠷᠢ ᠪᠤᠯ ᠮᠤᠩᠭᠤᠯᠴᠤᠳ ᠤᠨ ᠠᠤᠭ᠎ᠠ ᠳᠡᠥᠬᠡ ᠰᠤᠶᠤᠯ ᠢ ᠪᠦᠳᠦᠬᠡᠭᠰᠡᠨ ᠴᠢᠬᠤᠯᠨ ᠡᠯᠧᠮᠧᠨ᠋ᠲ ᠤᠨ | ᠨᠢᠬᠡᠨ ᠮᠦᠨ᠃ ᠮᠦᠨᠴᠤ ᠮᠠᠨ ᠤ ᠥᠪᠥᠷ ᠮᠤᠩᠭᠤᠯ ᠤᠨ ᠦᠨᠳᠦᠰᠦᠳᠡᠨ ᠤ ᠰᠤᠶᠤᠯ ᠤᠨ ᠬᠦᠴᠦᠷᠬᠡᠭ ᠤᠷᠤᠨ ᠢ | ᠪᠦᠳᠦᠬᠡᠨ ᠪᠠᠶᠢᠭᠤᠯᠬᠤ ᠶᠢᠨ ᠲᠦᠯᠥᠬᠡᠯᠡᠬᠦ ᠴᠢᠨᠠᠷᠳᠠᠢ ᠳᠦᠷᠢ ᠮᠦᠨ᠃ ᠮᠤᠩᠭᠤᠯ ᠮᠤᠷᠢᠨ ᠤ ᠵᠤᠷᠢᠭ ᠰᠠᠨᠠᠭ᠎ᠠ ᠪᠤᠯ | ᠲᠠᠯ᠎ᠠ ᠨᠤᠳᠤᠭ ᠤᠨ ᠰᠤᠶᠤᠯ ᠤᠨ ᠤᠬᠢ ᠰᠤᠳᠤ ᠮᠦᠨ᠃ ᠮᠤᠩᠭᠤᠯ ᠮᠤᠷᠢᠨ ᠤ ᠵᠤᠷᠢᠭ ᠰᠠᠨᠠᠭ᠎ᠠ ᠪᠤᠯ | ᠮᠤᠩᠭᠤᠯᠴᠤᠳ ᠤᠨ ᠨᠡᠬᠦᠳᠡᠯ ᠮᠠᠯᠵᠢᠯ ᠤᠨ ᠰᠤᠶᠤᠯ ᠲᠠᠢ ᠰᠠᠯᠤᠰᠢ ᠦᠬᠡᠢ ᠬᠤᠯᠪᠤᠭ᠎ᠠ ᠲᠠᠢ᠃ ᠮᠤᠩᠭᠤᠯ ᠮᠤᠷᠢᠨ ᠤ | ᠮᠤᠬᠤᠰᠢ ᠦᠬᠡᠢ ᠬᠦᠴᠦᠨ᠂ ᠰᠢᠨᠳᠠᠷᠠᠰᠢ ᠦᠬᠡᠢ ᠵᠤᠷᠢᠭ᠂ ᠡᠷᠡᠯᠬᠡᠭ ᠪᠠᠭᠠᠳᠤᠷᠯᠢᠭ ᠤᠮᠤᠭ᠂ ᠴᠢᠩ ᠦᠨᠡᠨᠴᠢ | ᠰᠡᠳᠬᠢᠯ᠂ ᠰᠡᠴᠡᠨ ᠰᠡᠷᠬᠦᠯᠡᠩ ᠠᠭᠠᠯᠢ᠂ ᠡᠪ ᠪᠦᠯᠬᠦᠮᠳᠡᠯ ᠲᠠᠢ ᠵᠠᠩ᠂ ᠡᠯᠪᠡᠷᠢᠯ ᠵᠢᠷᠤᠮ ᠲᠠᠢ ᠶᠤᠰᠤᠨ ᠰᠤᠷᠳᠠᠯ᠂ | ᠡᠯᠢᠬᠡᠨ ᠨᠤᠳᠤᠬᠰᠠᠭ ᠬᠠᠯᠠᠭᠤᠨ ᠬᠠᠶᠢᠷ᠎ᠠ ᠨᠢ ᠴᠦᠮ ᠮᠤᠩᠭᠤᠯ ᠮᠤᠷᠢᠨ ᠤ ᠵᠤᠷᠢᠭ ᠰᠠᠨᠠᠭᠠᠨ ᠤ ᠪᠠᠶᠠᠯᠢᠭ | ᠠᠭᠤᠯᠬᠤᠨ ᠳᠤ ᠪᠠᠭᠳᠠᠬᠳᠠᠨᠠ᠃ | ᠮᠤᠩᠭᠤᠯ ᠮᠤᠷᠢᠨ ᠤ ᠡᠷᠡᠯᠬᠡᠭ ᠪᠠᠭᠠᠳᠤᠷᠯᠢᠭ ᠤᠮᠤᠭ ᠰᠦᠷ ᠭᠡᠵᠦ ᠨᠡᠬᠡᠷᠡᠨ ᠮᠠᠬᠳᠠᠭᠤᠰᠢᠳᠠᠢ᠃ ᠪᠤᠬᠳᠠ ᠴᠢᠩᠬᠢᠰ | ᠬᠠᠭᠠᠨ ᠤ ᠦᠶ᠎ᠡ ᠠᠴᠠ ᠠᠪᠤᠭᠠᠳ ᠮᠠᠨ ᠤ ᠡᠪᠦᠭᠡ ᠳᠡᠬᠡᠳᠦᠰ ᠮᠤᠷᠢ ᠲᠠᠢ ᠪᠠᠨ ᠠᠮᠢ ᠨᠠᠰᠤ ᠪᠠᠨ ᠬᠤᠯᠪᠤᠵᠦ ᠠᠯᠳᠠᠨ | ᠳᠡᠯᠡᠬᠡᠢ ᠶᠢᠨ ᠲᠡᠥᠬᠡᠨ ᠳᠤ ᠠᠯᠳᠠᠷ ᠨᠡᠷ᠎ᠠ ᠪᠠᠨ ᠮᠠᠨᠳᠤᠭᠤᠯᠵᠦ ᠶᠠᠪᠤᠬᠰᠠᠨ ᠪᠢᠯᠨ᠃ ᠮᠠᠨ ᠤ ᠦᠨᠳᠦᠰᠦᠳᠡᠨ ᠤ | ᠠᠯᠳᠠᠷᠳᠤ ᠲᠡᠥᠬᠡ ᠪᠤᠯᠤᠨ ᠪᠠᠭᠠᠳᠤᠷᠯᠢᠭ ᠲᠤᠤᠯᠢ ᠳᠠᠬᠢ ᠡᠷᠡᠯᠬᠡᠭ ᠪᠠᠭᠠᠳᠤᠷᠴᠤᠳ ᠤᠨ ᠬᠡᠨ ᠠᠯᠢᠨ ᠨᠢ ᠴᠤ ᠬᠡᠳ | ᠬᠦᠨᠳᠤᠳᠤ ᠭᠠᠪᠢᠶ᠎ᠠ ᠪᠠᠶᠢᠭᠤᠯᠬᠤ ᠳᠠᠭᠠᠨ ᠮᠤᠩᠭᠤᠯ ᠮᠤᠷᠢᠨ ᠠᠴᠠ ᠪᠠᠨ ᠰᠠᠯᠤᠬᠰᠠᠨ ᠤᠳᠠᠭ᠎ᠠ ᠦᠬᠡᠢ᠃ ᠪᠤᠷᠤᠭᠠᠨ | ᠮᠥᠨᠳᠤᠷ ᠲᠠᠢ ᠵᠢᠬᠡᠬᠦᠨ ᠰᠦᠨᠢ ᠪᠠᠭᠠᠳᠤᠷ ᠬᠡᠰᠡᠷ ᠡᠷᠳᠡᠨᠢ ᠶᠢᠨ ᠬᠦᠯᠦᠭ ᠲᠠᠢ ᠳᠠᠭᠠᠨ ᠮᠠᠩᠭᠤᠰ ᠤᠨ ᠠᠶᠤᠯ ᠠᠴᠠ | ᠮᠡᠨᠳᠦ ᠵᠤᠯᠪᠤᠬᠰᠠᠨ᠃ ᠪᠤᠤᠬᠢᠶ᠎ᠠ ᠬᠤᠤᠬᠢᠶᠠᠨ ᠲᠠᠢ ᠠᠰᠬ᠎ᠠ ᠥᠨᠳᠦᠷ ᠲᠤ ᠳᠡᠮᠤᠵᠢᠨ ᠪᠡᠬᠡᠷᠡᠵᠦ ᠴᠡᠷᠴᠠᠬᠤ ᠳᠠᠭᠠᠨ | ᠠᠷᠭᠤᠮᠠᠭ ᠬᠦᠯᠦᠭ ᠤᠨ ᠢᠶᠠᠨ ᠬᠦᠷᠥᠬᠡ ᠶᠢ ᠬᠠᠨᠠᠵᠤ ᠪᠦᠯᠢᠶᠡᠨ ᠴᠢᠰᠤ ᠪᠠᠷ ᠨᠢ ᠪᠡᠶ᠎ᠡ ᠪᠠᠨ ᠲᠤᠯᠠᠭᠠᠴᠡᠨ᠂ ᠳᠠᠶᠠᠩ ᠢ | ᠨᠢᠬᠡᠳᠬᠡᠬᠦ ᠪᠠᠷ ᠳᠠᠷᠬᠠᠨ ᠢᠯᠳᠤ ᠪᠠᠨ ᠡᠷᠬᠦᠭᠰᠡᠨ᠃ ᠭᠤᠷᠪᠠᠨ ᠨᠠᠰᠤᠳᠠᠢ ᠭᠤᠨᠠᠭᠠᠨ ᠤᠯᠠᠭᠠᠨ ᠪᠠᠭᠠᠳᠤᠷ᠂ ᠬᠤᠷᠴᠠ | ᠰᠠᠮᠪᠠᠭᠠᠯᠢᠭ ᠤᠬᠠᠭᠠᠨ ᠲᠠᠢ ᠰᠦᠪᠡᠭᠡᠳᠠᠢ᠂ ᠡᠷᠡᠰ ᠲᠠᠰᠤᠷᠬᠠᠢ ᠡᠷ᠎ᠠ ᠴᠡᠷᠢᠭ ᠠᠴᠠ ᠡᠬᠡᠯ ᠵᠢᠷ ᠤᠨ ᠮᠠᠯᠴᠢᠨ ᠠᠷᠠᠳ | ᠬᠦᠷᠳᠡᠯ᠎ᠡ ᠠᠮᠢᠳᠤᠷᠠᠯ ᠠᠬᠤᠢ᠂ ᠠᠮᠢ ᠨᠠᠰᠤᠨ ᠳᠤ ᠨᠢ ᠴᠦᠮ ᠮᠤᠷᠢ ᠬᠤᠯᠪᠤᠬᠳᠠᠵᠦ ᠪᠠᠶᠢᠳᠠᠭ᠃ ᠫᠤᠤ ᠶᠢᠨ ᠳᠠᠭᠤᠨ | ᠨᠢᠵᠢᠬᠢᠨᠡᠵᠦ ᠳᠠᠷᠢ ᠶᠢᠨ ᠤᠳᠤᠭ᠎ᠠ ᠲᠤᠨᠤᠷᠠᠬᠰᠠᠨ ᠲᠤᠬᠰᠢᠨ ᠰᠢᠷᠦᠬᠦᠨ ᠪᠠᠶᠢᠯᠳᠤᠭᠠᠨ ᠳᠤ ᠴᠤ᠂ ᠭᠠᠰᠢᠭᠤᠨ | ᠤᠳᠤᠭ᠎ᠠ ᠮᠠᠨᠠᠷᠠᠵᠦ ᠭᠠᠩᠭ᠎ᠠ ᠡᠷᠬᠢ ᠨᠤᠷᠠᠬᠰᠠᠨ ᠭᠠᠯ ᠤᠰᠤᠨ ᠤ ᠠᠶᠤᠯ ᠳᠤ ᠴᠤ ᠮᠤᠩᠭᠤᠯ ᠮᠤᠷᠢ ᠶᠡᠷᠦ ᠠᠴᠠ | ᠠᠶᠤᠵᠦ ᠡᠮᠢᠶᠡᠬᠦ ᠶᠢ ᠮᠡᠳᠡᠳᠡᠭ ᠦᠬᠡᠢ ᠪᠠᠷ ᠤᠷᠤᠬᠰᠢ ᠪᠠᠨ ᠱᠤᠩᠭᠤᠯᠠᠨ ᠤᠷᠤᠵᠦ᠂ ᠦᠬᠦᠵᠦ ᠠᠮᠢᠳᠤᠷᠠᠬᠤ ᠠᠶᠤᠯ | ᠵᠤᠪᠠᠯᠠᠩ ᠢ ᠡᠵᠡᠨ ᠲᠠᠢ ᠪᠠᠨ ᠬᠠᠮᠳᠤ ᠲᠤᠭᠤᠯᠵᠤ᠂ ᠦᠷᠯᠦᠭ ᠶᠡᠭᠡ ᠭᠠᠪᠢᠶ᠎ᠠ ᠵᠢᠳᠬᠦᠯ ᠢ ᠡᠵᠡᠨ ᠲᠠᠢ ᠪᠠᠨ ᠬᠠᠮᠳᠤ | ᠪᠠᠶᠢᠭᠤᠯᠵᠦ ᠪᠠᠶᠢᠳᠠᠭ᠃ ᠮᠤᠩᠭᠤᠯ ᠮᠤᠷᠢ ᠪᠠᠷ ᠢᠶᠠᠨ ᠮᠤᠩᠭᠤᠯ ᠬᠥᠮᠦᠨ ᠬᠠᠭᠠᠰ ᠪᠦᠮᠪᠦᠷᠴᠡᠭ ᠢ ᠲᠤᠭᠤᠷᠢᠵᠦ ᠢᠷᠠᠭᠤ | ᠲᠡᠥᠬᠡ ᠶᠢ ᠵᠢᠷᠤᠵᠦ ᠰᠡᠶᠢᠯᠦᠭᠰᠡᠨ ᠶᠤᠮ᠃ ᠮᠤᠩᠭᠤᠯ ᠮᠤᠷᠢᠨ ᠤ ᠤᠮᠤᠭ ᠳᠡᠬᠦᠯᠳᠡᠷ ᠪᠠᠭᠠᠳᠤᠷᠯᠢᠭ ᠵᠤᠷᠢᠭ ᠢ | ᠪᠠᠭ᠋ᠠᠳᠤᠨ ᠳᠠᠭᠤᠯᠠᠭᠠᠳ ᠪᠠᠷᠠᠬᠤ ᠦᠬᠡᠢ ᠶᠤᠮ᠃ | ᠮᠤᠩᠭᠤᠯ ᠮᠤᠷᠢᠨ ᠤ ᠮᠤᠬᠤᠰᠢ ᠦᠭᠡᠢ ᠬᠦᠴᠦᠨ᠂ ᠰᠢᠨᠳᠠᠷᠠᠰᠢ ᠦᠬᠡᠢ ᠵᠤᠷᠢᠭ ᠬᠡᠵᠦ ᠮᠦᠨᠴᠤ ᠭᠠᠶᠢᠬᠠᠯᠳᠠᠢ᠃ | ᠮᠤᠩᠭᠤᠯ ᠮᠤᠷᠢ ᠮᠡᠷᠡᠶᠢᠨ ᠴᠢᠷᠮᠠᠶᠢᠵᠦ ᠮᠠᠩᠯᠠᠢ ᠳᠤᠨᠢ ᠭᠠᠷᠬᠤ ᠬᠠᠳᠠᠨ ᠵᠤᠷᠢᠭ ᠲᠠᠢ ᠪᠥᠬᠡᠳ ᠲᠦᠢᠯ ᠤᠨ ᠦᠬᠡᠳᠡᠷᠬᠡᠭ | ᠵᠠᠩ ᠲᠠᠢ ᠶᠤᠮ᠃ ᠮᠤᠩᠭᠤᠯ ᠮᠤᠷᠢᠨ ᠤ ᠰᠢᠷᠭᠠᠭᠤ ᠬᠠᠳᠠᠭᠤᠵᠢᠯᠳᠠᠢ ᠲᠡᠮᠡᠴᠡᠨ᠂ ᠴᠤᠴᠠᠯᠳᠠ ᠦᠬᠡᠢ ᠤᠷᠤᠬᠰᠢᠯᠠᠬᠤ | ᠬᠦᠴᠦᠨ ᠵᠤᠷᠢᠭ ᠪᠤᠯ ᠮᠤᠩᠭᠤᠯ ᠮᠤᠷᠢᠨ ᠤ ᠵᠤᠷᠢᠭ ᠰᠠᠨᠠᠭ᠎ᠠ ᠶᠢᠨ ᠴᠠᠭ ᠦᠶ᠎ᠡ ᠶᠢᠨ ᠥᠷᠳᠡᠭ ᠤᠨ ᠦᠵᠡᠯᠳᠡ ᠶᠢᠨ | ᠴᠢᠮᠥᠬᠡ ᠮᠦᠨ᠃ ︽ᠮᠤᠩᠭᠤᠯ ᠮᠤᠷᠢ︾ ᠭᠡᠰᠡᠨ ᠳᠠᠭᠤᠤ ᠳᠤ ︽ᠮᠤᠩᠭᠤᠯ ᠬᠥᠮᠦᠨ ᠤ ᠵᠤᠷᠢᠭ ᠬᠡᠮᠵᠢᠶᠡᠯᠡᠰᠢ ᠦᠬᠡᠢ | ᠶᠡᠭᠡ ᠪᠠᠶᠢᠳᠠᠭ ᠮᠤᠩᠭᠤᠯ ᠮᠤᠷᠢᠨ ᠤ ᠴᠢᠳᠠᠯ ᠬᠢᠵᠠᠭᠠᠯᠠᠰᠢ ᠦᠬᠡᠢ ᠶᠡᠭᠡ ᠪᠠᠶᠢᠳᠠᠭ︾ ᠬᠡᠵᠠᠢ᠃ ᠮᠤᠩᠭᠤᠯ ᠮᠤᠷᠢᠨ ᠤ | ᠳᠤᠭᠤᠷᠠᠢ ᠨᠢ ᠴᠤᠮᠪᠤᠭᠤᠷ ᠪᠢᠳᠡᠬᠦᠦ᠂ ᠬᠠᠳᠠᠭᠤ ᠬᠤᠷᠴᠠ᠂ ᠲᠡᠶᠢᠮᠤ ᠪᠤᠯᠬᠤᠷ ᠬᠠᠳᠠ ᠴᠢᠯᠠᠭᠤᠨ ᠳᠤ ᠬᠠᠯᠳᠤᠷᠢᠬᠤ | ᠦᠬᠡᠢ᠂ ᠬᠤᠯᠨ ᠶᠢᠨ ᠠᠶᠠᠨ ᠳᠤ ᠡᠯᠡᠭᠳᠠᠬᠦ ᠦᠬᠡᠢ᠂ ᠨᠡᠩ ᠢᠯᠠᠩᠭᠤᠶ᠎ᠠ ᠳᠡᠮᠦᠷ ᠢᠶᠠᠷ ᠲᠠᠬᠠᠯᠠᠬᠤ ᠶᠤᠮ ᠪᠤᠯ ᠲᠦᠮᠡᠨ | ᠭᠠᠵᠠᠷ ᠤᠨ ᠠᠶᠠᠨ ᠳᠠᠶᠢᠨ ᠳᠤ ᠴᠤ ᠠᠶᠤᠳᠠᠭ ᠦᠭᠡᠢ ᠶᠤᠮᠰᠠᠨ᠂ ᠮᠤᠩᠭᠤᠯ ᠮᠤᠷᠢ ᠪᠡᠷᠬᠡ ᠶᠢᠨ ᠡᠮᠦᠨ᠎ᠡ ᠪᠡᠶ᠎ᠡ | ᠪᠦᠬᠦ᠋ᠢᠬᠦ ᠶᠢ ᠮᠡᠳᠡᠳᠡᠭ ᠦᠬᠡᠢ᠂ ᠬᠦᠴᠢᠷ ᠤᠨ ᠡᠮᠦᠨ᠎ᠡ ᠬᠦᠯ ᠨᠤᠭᠤᠷᠠᠬᠤ ᠶᠢ ᠮᠡᠳᠡᠳᠡᠭ ᠦᠬᠡᠢ᠂ ᠲᠦᠮᠡᠨ | ᠠᠬᠳᠠ ᠶᠢᠨ ᠤᠷᠤᠯᠳᠤᠭᠠᠨ ᠬᠡᠵᠦ ᠲᠡᠷᠨ ᠶᠡᠷᠦ ᠵᠢᠷᠦᠬᠡᠰᠢᠶᠡᠳᠡᠭ ᠦᠬᠡᠢ᠂ ᠮᠢᠩᠭᠠᠨ ᠭᠠᠵᠠᠷ ᠤᠨ ᠠᠶᠠᠨ ᠬᠡᠵᠦ ᠲᠡᠷᠨ | ᠶᠡᠷᠦ ᠤᠬᠤᠷᠢᠳᠠᠭ ᠦᠬᠡᠢ᠃ ᠮᠤᠩᠭᠤᠯ ᠮᠤᠷᠢᠨ ᠤ ᠮᠤᠬᠤᠰᠢ ᠦᠬᠡᠢ ᠬᠦᠴᠦᠨ᠂ ᠰᠢᠨᠳᠠᠷᠠᠰᠢ ᠦᠬᠡᠢ ᠵᠤᠷᠢᠭ ᠢ | ᠦᠨᠡᠬᠡᠷ ᠪᠢᠰᠢᠷᠡᠭᠦᠰᠢᠳᠠᠢ ᠶᠤᠮ᠃ ᠮᠤᠩᠭᠤᠯ ᠮᠤᠷᠢ ᠡᠴᠢᠬᠡ ᠡᠬᠡ ᠪᠠᠨ ᠲᠠᠨᠢᠵᠦ᠂ ᠡᠬᠡᠴᠢ ᠳᠡᠬᠦᠦ ᠪᠠᠨ | ᠢᠯᠭᠠᠳᠠᠭ ᠪᠤᠯᠪᠠᠰᠤᠨ ᠮᠡᠳᠡᠯ ᠲᠠᠢ᠃ ᠨᠢᠯᠬ᠎ᠠ ᠪᠠᠭ᠎ᠠ ᠦᠶ᠎ᠡ ᠳᠤ ᠨᠢ ᠡᠴᠢᠬᠡ ᠪᠤᠯᠤᠬᠰᠠᠨ ᠠᠵᠢᠷᠭ᠎ᠠ ᠡᠬᠡ ᠪᠤᠯᠤᠬᠰᠠᠨ | ᠬᠡᠬᠦᠦ ᠨᠢ ᠥᠪᠡᠷ ᠤᠨ ᠦᠷ᠎ᠡ ᠪᠠᠨ ᠡᠳᠦᠷ ᠰᠦᠨᠢ ᠦᠬᠡᠢ ᠬᠠᠶᠢᠷᠠᠯᠠᠨ ᠭᠠᠮᠨᠠᠵᠦ ᠴᠢᠨ᠋ᠸ᠎ᠠ ᠨᠤᠬᠠᠢ ᠶᠢᠨ ᠠᠶᠤᠯ ᠠᠴᠠ | ᠰᠡᠷᠬᠡᠶᠢᠯᠡᠨ ᠬᠠᠮᠠᠭᠠᠯᠠᠳᠠᠭ᠃ ᠤᠨᠠᠭ᠎ᠠ ᠳᠠᠭ᠎ᠠ ᠨᠢ ᠦᠰᠴᠤ ᠪᠤᠶᠢᠵᠢᠭᠠᠳ ᠬᠢᠵᠠᠭᠠᠯᠠᠩ ᠨᠠᠰᠤ ᠬᠦᠷᠬᠦ ᠦᠶᠡᠰ ᠲᠤ | ᠡᠴᠢᠬᠡ ᠪᠤᠯᠤᠬᠰᠠᠨ ᠠᠵᠢᠷᠭ᠎ᠠ ᠨᠢ ᠦᠷᠢᠶ᠎ᠠ ᠪᠠᠶᠢᠳᠠᠰᠤ ᠬᠡᠵᠦ ᠢᠯᠭᠠᠯ ᠦᠬᠡᠢ ᠴᠦᠮ ᠥᠪᠡᠷ ᠤᠨ | ᠰᠦᠷᠦᠭ ᠠᠴᠠ ᠪᠠᠨ ᠬᠦᠬᠡᠬᠡᠨ ᠭᠠᠷᠭᠠᠨ᠎ᠠ᠃ ᠡᠨᠡ ᠦᠶ᠎ᠡ ᠳᠤ ᠪᠠᠶᠢᠳᠠᠰᠤ ᠨᠢ ᠥᠬᠡᠷ᠎ᠠ ᠠᠵᠢᠷᠭᠠᠨ ᠳᠤ | ᠬᠤᠷᠢᠶᠠᠬᠳᠠᠵᠦ ︽ᠬᠦᠷᠬᠡᠨ ᠳᠤ ᠮᠤᠷᠳᠠᠨ᠎ᠠ︾᠂ ᠦᠷᠢᠶ᠎ᠠ ᠨᠢ ᠬᠤᠪᠢ ᠪᠠᠨ ᠬᠦᠬᠡᠬᠡᠵᠦ ︽ᠠᠶᠢᠯ ᠪᠤᠯᠤᠨ᠎ᠠ︾᠃ | ᠠᠯᠢ ᠨᠢᠬᠡᠨ ᠠᠵᠢᠷᠭ᠎ᠠ ᠠᠳᠤᠭᠤᠨ ᠤ ᠬᠡᠬᠦᠦ ᠪᠤᠯ ᠡᠬᠦᠷᠢᠳᠡ ᠲᠡᠷᠨ ᠠᠵᠢᠷᠭᠠᠨ ᠳᠠᠭᠠᠨ ᠬᠤᠷᠢᠶᠠᠬᠳᠠᠵᠦ ᠬᠡᠵᠢᠶ᠎ᠡ | ᠴᠤ ᠴᠤᠭ ᠶᠠᠪᠤᠨ᠎ᠠ᠃ ᠬᠡᠷᠪᠡ ᠥᠬᠡᠷ᠎ᠡ ᠨᠢᠬᠡ ᠠᠵᠢᠷᠭ᠎ᠠ ᠢᠷᠡᠵᠦ ᠲᠡᠬᠦᠨ ᠤ ᠬᠡᠬᠦᠦ ᠶᠢ ᠪᠤᠯᠢᠶᠠᠬᠤ ᠳᠤ ᠬᠦᠷᠪᠡᠯ ︽ | ᠭᠡᠷ ᠤᠨ ᠡᠵᠡᠨ︾ ᠪᠤᠯᠤᠬᠰᠠᠨ ᠠᠵᠢᠷᠭ᠎ᠠ ᠨᠢ ᠠᠮᠢ ᠲᠠᠯᠪᠢᠨ ᠲᠡᠮᠡᠴᠡᠨ ᠨᠤᠴᠤᠯᠳᠤᠵᠦ ᠪᠠᠶᠢᠵᠦ ᠥᠪᠡᠷ ᠤᠨ ︽ᠡᠬᠡᠨᠡᠷ | ︾ ᠢᠶᠠᠨ ᠵᠠᠪᠠᠯ ᠪᠤᠯᠢᠶᠠᠨ ᠠᠪᠴᠢᠷᠠᠨ᠎ᠠ᠃ ᠡᠨᠡ ᠮᠡᠳᠦ ︽ᠡᠴᠢᠬᠡ ᠡᠬᠡ ᠪᠠᠨ ᠲᠠᠨᠢᠵᠦ ᠡᠯᠢᠬᠡᠨ ᠰᠠᠳᠤᠨ ᠢᠶᠠᠨ | ᠮᠡᠳᠡᠳᠡᠭ︾ ᠡᠯᠪᠡᠷᠢᠯ ᠵᠢᠷᠤᠮ ᠪᠠ ᠪᠤᠯᠪᠠᠰᠤᠨ ᠮᠡᠳᠡᠯ ᠬᠡᠵᠦ ᠪᠠᠰᠠᠴᠤ ᠭᠠᠶᠢᠬᠠᠯᠳᠠᠢ ᠶᠤᠮ᠃ ᠨᠡᠩᠳᠡ ᠮᠤᠩᠭᠤᠯ | ᠮᠤᠷᠢᠨ ᠤ ᠰᠢᠳᠤᠷᠭᠤ ᠨᠤᠮᠤᠬᠠᠨ᠂ ᠪᠤᠷᠤᠬᠵᠢᠭᠤᠨ ᠬᠦᠯᠢᠴᠡᠩᠬᠦᠢ ᠵᠠᠩ ᠴᠢᠨᠠᠷ ᠢ ᠮᠠᠬᠳᠠᠬᠤ ᠦᠬᠡᠢ ᠪᠠᠶᠢᠬᠤ ᠶᠢᠨ | ᠠᠷᠭ᠎ᠠ ᠦᠬᠡᠢ ᠪᠢᠯᠨ᠃ ᠮᠤᠩᠭᠤᠯ ᠮᠤᠷᠢ ᠡᠳᠦᠷᠵᠢᠨ ᠰᠦᠨᠢᠵᠢᠨ ᠤᠶᠠᠬᠰᠠᠨ ᠴᠤ ᠦᠯᠦᠰᠦᠯᠡ ᠬᠡᠵᠦ ︽ | ᠳᠤᠤᠭᠠᠷᠬᠤ ᠦᠬᠡᠢ︾᠂ ᠦᠬᠡᠳᠡ ᠤᠷᠤᠭᠤ ᠳᠠᠪᠬᠢᠭᠤᠯᠤᠬᠰᠠᠨ ᠴᠤ ᠵᠦᠳᠡᠷᠡᠯ᠎ᠡ ᠬᠡᠵᠦ ︽ᠮᠠᠭᠤ ᠴᠢᠷᠠᠶᠢᠯᠠᠬᠤ | ᠦᠬᠡᠢ︾᠂ ᠦᠷᠦᠬᠡᠯᠳᠦᠵᠦ ᠲᠤᠱᠠᠵᠦ ᠪᠡᠯᠴᠢᠬᠡᠭᠰᠡᠨ ᠴᠤ ᠲᠠᠯᠪᠢᠬᠤ ᠦᠬᠡᠢ ᠬᠡᠵᠦ ᠭᠤᠮᠤᠳᠠᠬᠤ ᠦᠬᠡᠢ᠂ | ᠬᠢᠷᠢ ᠪᠠᠷ ᠢᠶᠠᠨ ᠴᠢᠷᠮᠠᠶᠢᠵᠦ ᠪᠠᠶᠢᠳᠠᠯ᠎ᠠ ᠲᠠᠰᠢᠭᠤᠷᠳᠠᠵᠦ ᠬᠤᠷᠳᠤᠯᠠᠭᠤᠯᠬᠤ ᠳᠤ ᠴᠤ ᠬᠢᠯᠢᠩ ᠠᠭᠤᠷ ᠬᠦᠷᠳᠡᠭ ᠦᠬᠡᠢ | ᠂ ᠰᠦᠷᠦᠭ ᠲᠤᠨᠢ ᠲᠠᠯᠪᠢᠬᠤ ᠦᠬᠡᠢ ᠤᠳᠠᠯ᠎ᠠ ᠬᠡᠰᠡᠨ ᠴᠤ ᠭᠤᠮᠤᠳᠠᠯ ᠬᠡᠮᠰᠢᠯ ᠪᠠᠶᠢᠳᠠᠭ ᠦᠬᠡᠢ᠃ ᠶᠠᠭᠤᠳᠠᠢ | ᠰᠢᠳᠤᠷᠭᠤ ᠨᠤᠮᠤᠬᠠᠨ ᠬᠦᠯᠢᠴᠡᠩᠬᠦᠢ ᠳᠠᠭᠠᠭᠠᠪᠤᠷᠢ ᠲᠠᠢ ᠰᠠᠶᠢᠨ ᠮᠤᠩᠭᠤᠯ ᠮᠤᠷᠢ ᠠᠵᠢ⁈ | ᠤᠷᠭ᠎ᠠ ᠶᠢᠨ ᠮᠤᠷᠢ ᠤᠷᠭ᠎ᠠ ᠶᠢᠨ ᠦᠵᠦᠬᠦᠷ ᠢ ᠠᠯᠳᠠᠯ ᠦᠬᠡᠢ ᠳᠠᠭᠠᠵᠦ᠂ ᠤᠷᠭᠠᠯᠠᠬᠤ ᠮᠤᠷᠢ ᠶᠢ ᠤᠰᠤᠨ | ᠲᠤᠳᠤᠷᠠᠬᠢ ᠵᠢᠭᠠᠰᠤ ᠮᠡᠳᠦ ᠰᠤᠮᠤᠳᠡᠨ ᠨᠡᠬᠡᠳᠡᠭ᠃ ᠤᠩᠭᠤᠨ ᠤᠷᠤᠭ᠎ᠠ ᠲᠤᠬᠰᠢᠨ ᠬᠠᠩᠭᠠᠯ ᠢ ᠴᠤ ᠤᠷᠭ᠎ᠠ ᠶᠢᠨ | ᠮᠤᠷᠢᠨ ᠤ ᠤᠷᠠᠨ ᠨᠠᠷᠢᠨ ᠴᠢᠳᠠᠯ ᠳᠤ ᠲᠦᠰᠢᠮᠡᠨᠵᠢᠨ ᠰᠠᠶ᠋ᠢ ᠪᠠᠷᠢᠵᠦ ᠳᠡᠶᠢᠯᠳᠡᠭ᠃ ᠮᠤᠩᠭᠤᠯ ᠮᠤᠷᠢ ᠤᠰᠤᠨ ᠤ | ᠲᠤᠩᠭᠠᠯᠠᠭ ᠢ ᠤᠤᠭᠤᠵᠦ᠂ ᠡᠪᠡᠰᠦᠨ ᠤ ᠰᠤᠷᠭᠤᠭ ᠢ ᠢᠳᠡᠳᠡᠭ ᠴᠡᠪᠡᠷ ᠠᠷᠢᠭᠤᠨ ᠵᠠᠩ ᠲᠠᠢ᠃ ᠲᠡᠷᠨ ᠦᠬᠡᠷ᠎ᠠ | ᠠᠳᠤᠭᠤᠰᠤ ᠠᠮᠢᠳᠠᠨ ᠲᠠᠢ ᠠᠳᠠᠯᠢ ᠰᠢᠪᠠᠷ ᠱᠠᠯᠴᠢᠭ ᠲᠤ ᠤᠷᠤᠵᠦ ᠪᠠᠭᠠᠰᠤ ᠰᠢᠬᠡᠰᠦᠨ ᠳᠡᠬᠡᠷ᠎ᠡ ᠬᠦᠷᠪᠡᠳᠡᠭ ᠦᠬᠡᠢ᠃ | ᠮᠤᠩᠭᠤᠯ ᠮᠤᠷᠢ ᠵᠢᠯ ᠤᠨ ᠳᠦᠷᠪᠡᠨ ᠤᠯᠠᠷᠢᠯ ᠳᠤ ᠬᠡᠵᠢᠶ᠎ᠡ ᠴᠤ ᠬᠡᠰᠡᠨ ᠦᠰᠦ ᠨᠤᠤᠰᠦ ᠭᠤᠭᠤᠵᠢᠭᠤᠯᠵᠦ ᠡᠪᠡᠰᠦ | ᠰᠢᠷᠤᠢ ᠡᠬᠦᠷᠴᠤ ᠶᠠᠪᠤᠳᠠᠭ ᠦᠬᠡᠢ ᠪᠦᠬᠡᠳ ᠡᠬᠦᠷᠢᠳᠡ ᠦᠰᠦᠨ ᠳᠤᠨᠢ ᠲᠤᠰᠤ ᠳᠦᠷᠬᠢᠭᠰᠡᠨ ᠰᠢᠭ ᠥᠩᠬᠡ ᠭᠠᠷᠤᠨ | ᠬᠢᠯᠳᠠᠭᠠᠨᠠᠵᠦ ᠪᠠᠶᠢᠳᠠᠭ᠃ ᠮᠤᠩᠭᠤᠯ ᠮᠤᠷᠢ ᠬᠡᠵᠢᠶᠡᠳᠡ ᠡᠪ ᠪᠦᠯᠬᠦᠮᠳᠡᠯ ᠲᠠᠢ ᠪᠠᠶᠢᠳᠠᠭ ᠨᠢ ᠨᠡᠩᠳᠠ ᠮᠠᠬᠳᠠᠭᠤᠰᠢᠳᠠᠢ᠃ | ᠲᠡᠳᠡ ᠶᠡᠷᠦ ᠰᠦᠷᠦᠭᠯᠡᠨ ᠶᠠᠪᠤᠵᠦ ᠪᠡᠯᠴᠢᠬᠦ ᠵᠠᠩᠰᠢᠯ ᠲᠠᠢ᠃ ᠳᠦᠷᠦᠯᠬᠢ ᠪᠡᠶ᠎ᠡ ᠪᠡᠶ᠎ᠡ ᠲᠠᠢ ᠪᠠᠨ ᠡᠶ᠎ᠡ ᠡᠪᠳᠡᠢ | ᠠᠮᠢᠳᠤᠷᠠᠳᠠᠭ ᠠᠴᠠ ᠪᠢᠰᠢ᠂ ᠨᠢᠬᠡ ᠨᠢᠬᠡᠨ ᠳᠡᠭᠡᠨ ᠬᠤᠤᠷ ᠬᠥᠨᠥᠬᠡᠯ ᠤᠴᠠᠷᠠᠭᠤᠯᠳᠠᠭ ᠦᠬᠡᠢ᠃ ᠲᠡᠳᠡ ᠪᠤᠯ | ᠬᠢᠵᠠᠭᠠᠷ ᠦᠬᠡᠢ ᠪᠠᠶᠠᠯᠢᠭ ᠪᠠᠶᠢᠭᠠᠯᠢ ᠶᠢᠨ ᠪᠡᠯᠴᠢᠭᠡᠷ ᠤᠰᠤ ᠪᠤᠶᠤ ᠬᠥᠮᠦᠨ ᠤ ᠦᠭᠬᠦᠭᠰᠡᠨ ᠡᠪᠡᠰᠤ ᠪᠤᠷᠳᠤᠭ᠎ᠠ ᠪᠠᠷ | ᠬᠤᠭᠤᠯᠨ ᠤᠮᠳᠠ ᠪᠠᠨ ᠪᠤᠯᠭᠠᠳᠠᠭ ᠪᠦᠬᠡᠳ ᠤᠯᠠᠢ ᠦᠵᠡᠳᠡᠭ ᠦᠬᠡᠢ ᠲᠤᠯᠨ ᠪᠤᠰᠤᠳ ᠠᠮᠢᠳᠠᠨ ᠢ ᠪᠠᠷᠢᠵᠦ | ᠢᠳᠡᠬᠦ ᠶᠢᠨ ᠲᠥᠯᠥᠬᠡ ᠠᠮᠢ ᠨᠠᠰᠤ ᠬᠦᠨᠦᠬᠡᠳᠡᠭ ᠦᠬᠡᠢ᠃ ᠲᠠᠶᠢᠮᠤ ᠪᠤᠯᠬᠤᠷ ᠮᠤᠩᠭᠤᠯ ᠮᠤᠷᠢ ᠪᠤᠯ ᠪᠤᠰᠤᠳ ᠲᠤ | ᠬᠤᠤᠷ ᠬᠢᠳᠡᠭ ᠦᠬᠡᠢ᠂ ᠲᠠᠪᠤᠨ ᠬᠤᠰᠢᠭᠤ ᠮᠠᠯ ᠤᠨ ᠲᠤᠳᠤᠷ᠎ᠠ ᠡᠶ᠎ᠡ ᠵᠤᠬᠢᠴᠠᠩᠭᠤᠢ ᠡᠪ ᠪᠦᠯᠬᠦᠮᠳᠡᠯ ᠲᠠᠢ ᠳᠠᠩ | ᠰᠡᠴᠡᠭᠤ ᠲᠠᠶᠢᠪᠤᠩ ᠤᠷᠤᠰᠢᠨ ᠠᠮᠢᠳᠤᠷᠠᠳᠠᠭ ᠬᠥᠬᠡᠷᠦᠬᠦᠨ ᠠᠮᠢᠳᠠᠨ ᠪᠢᠯᠨ᠃ | ᠮᠤᠩᠭᠤᠯ ᠮᠤᠷᠢᠨ ᠤ ᠡᠵᠡᠨ ᠳᠡᠭᠡᠨ ᠬᠢᠵᠠᠭᠠᠯᠠᠰᠢ ᠦᠬᠡᠢ ᠦᠨᠡᠨᠴᠢ᠂ ᠨᠤᠳᠤᠭ ᠲᠠᠭᠠᠨ ᠬᠡᠮᠵᠢᠶᠡᠯᠡᠰᠢ ᠦᠬᠡᠢ | ᠬᠠᠶᠢᠷᠠᠳᠠᠢ ᠪᠠᠶᠢᠳᠠᠭ ᠴᠢᠩ ᠦᠨᠡᠨᠴᠢ ᠰᠡᠳᠬᠢᠯ᠂ ᠨᠤᠳᠤᠬᠰᠠᠭ ᠬᠠᠯᠠᠭᠤᠨ ᠬᠠᠶᠢᠷ᠎ᠠ ᠬᠡᠵᠦ ᠨᠡᠬᠡᠷᠡᠨ ᠳᠠᠭᠤᠯᠠᠭᠤᠰᠢᠳᠠᠢ | ᠶᠤᠮᠰᠠᠨ᠃ ︽ᠰᠠᠶᠢᠬᠠᠨ ᠮᠤᠩᠭᠤᠯ ᠮᠤᠷᠢ︾ ᠬᠡᠮᠡᠬᠦ ᠳᠠᠭᠤᠤ ᠮᠤᠩᠭᠤᠯ ᠮᠤᠷᠢᠨ ᠤ ᠡᠵᠡᠨ ᠳᠡᠭᠡᠨ ᠦᠨᠡᠨᠴᠢ | ᠨᠤᠳᠤᠭ ᠲᠠᠭᠠᠨ ᠬᠠᠶᠢᠷᠠᠳᠠᠢ ᠪᠠᠶᠢᠳᠠᠭ ᠢ ᠰᠡᠳᠬᠢᠯ ᠵᠢᠷᠥᠬᠡ ᠲᠤᠬᠳᠤᠯᠳᠡᠯᠡ ᠢᠷᠡᠭᠤ ᠰᠠᠶᠢᠬᠠᠨ ᠢᠯᠡᠳᠬᠡᠭᠰᠡᠨ ᠶᠤᠮ᠄ | ︽ᠤᠭᠤᠨᠤ ᠶᠢᠨ ᠰᠠᠶᠢᠬᠠᠨ ᠵᠤ ᠳᠤᠨᠢ / ᠨᠠᠷᠠᠨ ᠤ ᠲᠤᠶᠠᠭ᠎ᠠ ᠰᠤᠯᠤᠩᠭᠠᠷᠠᠬᠰᠠᠨ / ᠨᠠᠪᠴᠢᠳᠦ ᠰᠠᠶᠢᠬᠠᠨ ᠳᠠᠯ᠎ᠠ ᠳᠠᠭᠠᠨ | / ᠰᠠᠯᠬᠢ ᠢᠰᠬᠢᠷᠡᠬᠦᠯᠤᠨ ᠨᠠᠭᠠᠳᠤᠬᠰᠠᠨ / ᠰᠠᠶᠢᠬᠠᠨ ᠮᠤᠩᠭᠤᠯ ᠮᠤᠷᠢ ᠮᠢᠨᠢ / ᠰᠠᠶᠢᠬᠠᠨ ᠮᠤᠩᠭᠤᠯ ᠮᠤᠷᠢ ᠮᠢᠨᠢ / | ᠵᠡᠬᠡᠷᠠ ᠶᠢ ᠬᠦᠢᠴᠡᠮᠠ ᠬᠤᠷᠳᠤ ᠪᠠᠷ / ᠬᠡᠬᠡᠷ᠎ᠠ ᠲᠠᠯ᠎ᠠ ᠶᠢ ᠲᠤᠭᠤᠯᠤᠬᠰᠠᠨ / ᠤᠨᠠᠭᠠᠨ ᠪᠠᠭ᠎ᠠ ᠠᠴᠠ ᠪᠠᠨ ᠬᠤᠯᠠ | ᠶᠠᠪᠤᠬᠰᠠᠨ ᠴᠤ / ᠤᠨᠠᠬᠰᠠᠨ ᠨᠤᠳᠤᠭ ᠲᠠᠭᠠᠨ ᠡᠷᠬᠢᠵᠤ ᠢᠷᠡᠳᠡᠭ / ᠰᠠᠶᠢᠬᠠᠨ ᠮᠤᠩᠭᠤᠯ ᠮᠤᠷᠢ ᠮᠢᠨᠢ / ᠰᠠᠶᠢᠬᠠᠨ | ᠮᠤᠩᠭᠤᠯ ᠮᠤᠷᠢ ᠮᠢᠨᠢ / ᠲᠠᠶᠢᠨ ᠤ ᠲᠠᠯᠠᠪᠤᠷ ᠲᠤ ᠠᠳᠡᠭᠰᠡᠨ ᠡᠵᠡᠨ ᠢᠶᠠᠨ / ᠳᠠᠶᠢᠰᠦᠨ ᠤ ᠰᠡᠪᠡᠷ ᠲᠤ ᠦᠷᠳᠡᠬᠦᠯᠦᠯ | ᠦᠬᠡᠢ / ᠳᠠᠶᠢᠴᠢᠨ ᠨᠦᠬᠦᠷ ᠤᠨ ᠮᠢᠨᠢ ᠬᠡᠬᠦᠷ ᠢ ᠰᠠᠬᠢᠭᠠᠳ / ᠨᠢᠯᠪᠤᠰᠤ ᠪᠦᠮᠪᠦᠷᠢᠬᠦᠯᠦᠨ ᠵᠤᠬᠰᠤᠵᠦ ᠪᠠᠶᠢᠳᠠᠭ / | ᠰᠠᠶᠢᠬᠠᠨ ᠮᠤᠩᠭᠤᠯ ᠮᠤᠷᠢ ᠮᠢᠨᠢ / ᠰᠠᠶᠢᠬᠠᠨ ᠮᠤᠩᠭᠤᠯ ᠮᠤᠷᠢ ᠮᠢᠨᠢ︾᠃ ᠤᠶᠠᠷᠠᠭᠤᠨ ᠵᠢᠪᠬᠤᠯᠠᠩᠳᠤ ᠡᠨᠡ ᠰᠠᠶᠢᠬᠠᠨ | ᠮᠤᠩᠭᠤᠯ ᠮᠤᠷᠢᠨ ᠤ ᠳᠠᠭᠤᠤ ᠮᠠᠨᠤᠰ ᠤᠨ ᠰᠡᠳᠬᠢᠯ ᠵᠢᠷᠦᠬᠡᠨ ᠳᠤ ᠤᠶᠠᠷᠠᠯ ᠤᠨ ᠨᠢᠯᠪᠤᠰᠤ ᠠᠰᠬᠠᠷᠠᠭᠤᠯᠵᠦ | ᠵᠢᠪᠬᠤᠯᠠᠩ ᠤᠨ ᠠᠶᠠᠯᠭᠤ ᠴᠤᠤᠷᠢᠶᠠᠳᠤᠭᠤᠯᠳᠠᠭ ᠶᠤᠮ᠃ | ᠮᠤᠩᠭᠤᠯ ᠮᠤᠷᠢ ᠪᠤᠯ ᠬᠡᠳᠦᠢ ᠬᠤᠯᠨ ᠭᠠᠵᠠᠷ ᠶᠠᠪᠤᠬᠰᠠᠨ ᠴᠤ ᠭᠡᠷ ᠨᠤᠳᠤᠭ ᠢᠶᠠᠨ ᠲᠠᠨᠢᠵᠦ ᠮᠡᠳᠡᠳᠡᠭ ᠭᠠᠵᠠᠷᠴᠢ | ᠠᠮᠢᠳᠠᠨ ᠶᠤᠮ᠃ ᠨᠡᠩ ᠢᠯᠠᠩᠭᠤᠶ᠎ᠠ ᠨᠠᠮᠤᠷ ᠤᠨ ᠬᠤᠩᠭᠤᠷ ᠰᠠᠯᠬᠢ ᠬᠦᠳᠡᠯᠬᠦ ᠦᠶᠡᠰ ᠲᠤ ᠮᠤᠩᠭᠤᠯ ᠮᠤᠷᠢ ᠪᠠᠰᠠ | ᠬᠤᠯᠨ ᠮᠤᠷᠳᠠᠬᠰᠠᠨ ᠬᠡᠥᠬᠡᠨ ᠰᠢᠭ ᠲᠦᠷᠦᠭᠰᠡᠨ ᠨᠤᠳᠤᠭ ᠡᠴᠢᠬᠡ ᠡᠬᠡ ᠡᠯᠢᠬᠡᠨ ᠰᠠᠳᠤᠨ ᠢᠶᠠᠨ ᠮᠥᠷᠥᠬᠡᠳᠦᠨ | ᠰᠠᠨᠠᠵᠦ᠂ ᠳᠡᠰᠴᠤ ᠶᠠᠳᠠᠨ ᠦᠦᠷᠰᠡᠳᠡᠭ ᠶᠤᠮ᠃ ᠮᠤᠩᠭᠤᠯ ᠨᠤᠳᠤᠭ ᠤᠨ ᠰᠠᠷᠠᠭᠤᠯ ᠲᠠᠯ᠎ᠠ ᠳᠤ ᠲᠦᠷᠦᠵᠦ᠂ | ᠰᠤᠷᠭᠤᠭ ᠪᠡᠯᠴᠢᠬᠡᠷ ᠢᠶᠠᠨ ᠢᠳᠡᠵᠦ᠂ ᠲᠤᠩᠭᠠᠯᠠᠭ ᠰᠡᠷᠢᠬᠦᠨ ᠪᠤᠯᠠᠭ ᠤᠨ ᠤᠰᠤ ᠪᠠᠨ ᠤᠤᠭᠤᠵᠦ ᠦᠰᠦᠭᠰᠡᠨ | ᠮᠤᠩᠭᠤᠯ ᠮᠤᠷᠢ ᠪᠤᠯ ᠨᠤᠳᠤᠭ ᠲᠠᠭᠠᠨ ᠬᠠᠶᠢᠷᠠᠳᠠᠢ ᠡᠵᠡᠨ ᠳᠡᠭᠡᠨ ᠡᠬᠡᠯᠢᠳᠠᠢ ᠠᠳᠤᠭᠤᠰᠤ ᠠᠵᠢ᠃ | ᠮᠤᠩᠭᠤᠯ ᠮᠤᠷᠢᠨ ᠤ ᠨᠤᠳᠤᠭ ᠲᠠᠭᠠᠨ ᠬᠠᠶᠢᠷᠠᠳᠠᠢ᠂ ᠡᠵᠡᠨ ᠳᠡᠭᠡᠨ ᠡᠭᠡᠯᠢᠳᠠᠢ ᠪᠠᠶᠢᠳᠠᠭ ᠢ ᠪᠢᠴᠢᠭᠰᠡᠨ ᠵᠤᠬᠢᠶᠠᠯ | ᠪᠦᠳᠦᠬᠡᠯ ᠠᠷᠪᠢᠨ ᠪᠤᠢ᠃ ᠠᠩᠭ᠍ᠯᠢ ᠶᠢᠨ ᠨᠡᠷᠡᠳᠤ ᠵᠤᠬᠢᠶᠠᠯᠴᠢ ᠿᠸᠢᠮᠰ · ᠤᠯᠠᠷᠴ ᠤᠨ ᠪᠢᠴᠢᠭᠰᠡᠨ ︽ᠭᠠᠶᠢᠬᠠᠮᠰᠢᠬᠳᠤ | ᠮᠤᠩᠭᠤᠯ ᠮᠤᠷᠢ︾ ᠨᠢ ᠬᠥᠮᠦᠨ ᠤ ᠰᠡᠳᠬᠢᠯ ᠢ ᠶᠠᠭᠠᠬᠢᠬᠤ ᠶᠢᠨ ᠠᠷᠭ᠎ᠠ ᠦᠬᠡᠢ ᠲᠤᠬᠳᠤᠯᠤᠭᠤᠯᠳᠠᠬ᠃ ᠮᠤᠩᠭᠤᠯ ᠤᠨ | ᠭᠤᠪᠢ ᠨᠤᠳᠤᠭ ᠤᠨ ᠲᠠᠬᠢ ᠶᠢᠨ ᠵᠡᠷᠯᠢᠭ ᠦᠷᠢᠶ᠎ᠠ ᠶᠢ ᠡᠷᠳᠡᠮ ᠰᠢᠨᠵᠢᠯᠡᠭᠡᠨ ᠤ ᠵᠤᠷᠢᠯᠭ᠎ᠠ ᠪᠠᠷ ᠪᠠᠷᠢᠵᠦ ᠠᠪᠠᠴᠢᠭᠠᠳ | ᠠᠩᠭ᠍ᠯᠢ ᠶᠢᠨ ᠲᠠᠷᠬᠠᠨ ᠴᠠᠭᠠᠵᠠ ᠲᠠᠢ ᠠᠮᠢᠳᠠᠨ ᠨᠤᠳᠤᠬᠰᠢᠭᠤᠯᠬᠤ ᠭᠠᠵᠠᠷ ᠲᠤ ᠲᠠᠯᠪᠢᠬᠰᠠᠨ ᠪᠤᠯᠪᠠᠴᠤ ᠲᠡᠷᠨ ᠦᠷᠢᠶ᠎ᠠ | ᠠᠩᠭ᠍ᠯᠢ ᠨᠤᠳᠤᠭ ᠲᠤ ᠢᠳᠡᠬᠡᠰᠢᠨ ᠲᠤᠬᠳᠠᠬᠤ ᠦᠬᠡᠢ᠂ ᠠᠭᠤᠯᠨ ᠤᠰᠤ ᠤᠤᠭᠠᠯ ᠨᠤᠳᠤᠭ ᠢᠶᠠᠨ ᠡᠷᠡᠮᠡᠯᠵᠡᠨ ᠠᠽᠢᠶ᠎ᠠ | ᠡᠸᠦ᠋ᠷᠦᠫᠠ ᠶᠢ ᠰᠢᠪᠳᠤ ᠲᠤᠭᠤᠯᠤᠨ ᠪᠦᠮᠪᠦᠷᠴᠡᠭ ᠤᠨ ᠳᠠᠩ ᠬᠠᠭᠠᠰ ᠢ ᠰᠢᠪᠳᠤᠯᠵᠦ᠂ ᠳᠦᠷᠦᠭᠰᠡᠨ ᠨᠤᠳᠤᠭ | ᠮᠤᠩᠭᠤᠯ ᠤᠷᠤᠨ ᠳᠠᠭᠠᠨ ᠳᠠᠪᠬᠢᠵᠦ ᠢᠷᠡᠭᠰᠡᠨ ᠶᠤᠮ᠃ ︽ᠡᠨᠡ ᠮᠤᠩᠭᠤᠯ ᠮᠤᠷᠢᠨ ᠤ ᠨᠤᠳᠤᠬᠴᠢ ᠰᠡᠳᠬᠢᠯ ᠢ | ᠨᠡᠬᠡᠷᠡᠨ ᠤᠶᠢᠯᠠᠭᠠᠬᠤ ᠶᠢᠨ ᠠᠷᠭ᠎ᠠ ᠦᠬᠡᠢ︾ ᠬᠡᠵᠦ ᠿᠸᠢᠮᠰ · ᠤᠯᠠᠷᠴ ᠠᠪᠤᠭᠠᠢ ᠲᠡᠮᠳᠡᠭᠯᠡᠭᠰᠡᠨ ᠪᠠᠶᠢᠳᠠᠭ᠃ | ᠮᠤᠩᠭᠤᠯ ᠮᠤᠷᠢ ᠡᠵᠡᠨ ᠲᠠᠢ ᠪᠠᠨ ᠠᠳᠠᠯᠢᠬᠠᠨ ᠨᠤᠳᠤᠭ ᠤᠰᠤᠨ ᠳᠠᠭᠠᠨ ᠬᠠᠶᠢᠷᠠᠳᠠᠢ᠃ ᠮᠤᠩᠭᠤᠯ ᠨᠤᠳᠤᠭ ᠪᠤᠯ | ᠮᠤᠩᠭᠤᠯ ᠮᠤᠷᠢᠨ ᠤ ᠡᠩᠬᠡ ᠶᠢᠨ ᠦᠯᠦᠬᠡᠢ᠃ ᠮᠤᠩᠭᠤᠯ ᠬᠥᠮᠦᠨ ᠮᠤᠷᠢᠨ ᠳᠠᠭᠠᠨ ᠬᠢᠵᠠᠭᠠᠯᠠᠰᠢ ᠦᠬᠡᠢ ᠬᠠᠶᠢᠷᠠᠳᠠᠢ᠃ | ᠮᠤᠩᠭᠤᠯ ᠮᠤᠷᠢ ᠡᠵᠡᠨ ᠳᠡᠭᠡᠨ ᠬᠡᠮᠵᠢᠶᠡᠯᠡᠰᠢ ᠦᠬᠡᠢ ᠦᠨᠡᠨᠴᠢ ᠪᠠᠶᠢᠳᠠᠭ᠃ ᠲᠡᠭᠡᠷ᠎ᠡ ᠶᠠᠷᠢᠬᠰᠠᠨ ᠳᠠᠭᠤᠤ ᠰᠢᠯᠦᠭ᠂ | ᠦᠯᠢᠬᠡᠷ ᠵᠤᠬᠢᠶᠠᠯ ᠡᠬᠦᠨ ᠢ ᠪᠦᠷᠢᠨ ᠬᠡᠷᠡᠴᠢᠯᠡᠭᠰᠡᠨ ᠶᠤᠮ᠃ | ︽ᠮᠣᠩᠭᠤᠯ ᠮᠣᠷᠢᠨ ᠤ ᠵᠣᠷᠢᠭ ᠰᠠᠨᠠᠭ᠎ᠠ︾ ᠲᠠᠯ᠎ᠠ ᠨᠤᠲᠤᠭ ᠤᠨ ᠰᠣᠶᠣᠯ ᠲᠡᠦᠬᠡ ᠶᠢᠨ ᠤᠷᠲᠤ ᠠᠴᠠ ᠤᠷᠲᠤ | ᠤᠷᠤᠰᠬᠠᠯ ᠳᠤᠮᠳᠠ ᠬᠥᠮᠥᠰ ᠤᠨ ᠰᠡᠳᠬᠢᠯ ᠵᠢᠷᠦᠬᠡᠨ ᠳᠤ ᠰᠡᠶᠢᠯᠦᠭᠳᠡᠵᠦ᠂ ᠦᠶ᠎ᠡ ᠶᠢᠨ ᠦᠶ᠎ᠡ ᠳᠤ ᠮᠤᠩᠭᠤᠯ | ᠨᠤᠲᠤᠭ ᠤᠨ ᠠᠷᠠᠳ ᠲᠦᠮᠡᠨ ᠢ ᠵᠣᠷᠢᠭᠵᠢᠭᠤᠯᠵᠤ᠂ ᠡᠷᠡᠯᠬᠡᠭᠯᠡᠨ ᠲᠡᠮᠡᠴᠡᠬᠦ ᠬᠦᠴᠦᠨ ᠵᠣᠷᠢᠭ ᠢ ᠨᠢ ᠣᠷᠬᠢᠯᠤᠭᠤᠯᠵᠤ | ᠪᠠᠶᠢᠳᠠᠭ ᠰᠠᠨ᠃ ︽ᠮᠣᠩᠭᠤᠯ ᠮᠣᠷᠢᠨ ᠤ ᠵᠣᠷᠢᠭ ᠰᠠᠨᠠᠭ᠎ᠠ︾ ᠣᠳᠤ ᠨᠢᠭᠡᠨᠲᠡ ᠠᠭᠤᠤ ᠶᠡᠭᠡ ᠦᠨᠳᠦᠰᠦᠲᠡᠨ ᠤ | ᠵᠣᠷᠢᠭ ᠰᠠᠨᠠᠭ᠎ᠠ ᠪᠣᠯᠵᠤ ᠬᠤᠪᠢᠷᠠᠭᠠᠳ ᠮᠣᠩᠭᠤᠯ ᠦᠨᠳᠦᠰᠦᠳᠡᠨ ᠤ ᠣᠷᠤᠰᠢᠨ ᠲᠣᠭᠲᠠᠨᠢᠵᠤ ᠤᠷᠤᠭᠰᠢᠯᠠᠨ | ᠳᠠᠪᠰᠢᠬᠤ ᠠᠶᠠᠯᠠᠯ ᠳᠤᠮᠳᠠ ᠪᠡᠶᠡᠯᠡᠯ ᠳᠡᠭᠡᠭᠰᠢᠯᠡᠯ ᠢᠶᠠᠨ ᠣᠯᠵᠤ ᠳᠤᠮᠳᠠᠳᠤ ᠶᠢᠨ ᠦᠨᠳᠦᠰᠦᠲᠡᠨ ᠤ ᠡᠷᠬᠢᠮ ᠳᠡᠭᠡᠳᠦ | ᠣᠶᠣᠨ ᠰᠠᠨᠠᠭᠠᠨ ᠤ ᠡᠳ᠋ ᠬᠦᠷᠦᠩᠭᠡ ᠪᠣᠯᠵᠤ ᠪᠢᠯᠡ᠃ ᠣᠳᠤ ︽ᠮᠣᠩᠭᠤᠯ ᠮᠣᠷᠢᠨ ᠤ ᠵᠣᠷᠢᠭ ᠰᠠᠨᠠᠭ᠎ᠠ︾ | ᠥᠭᠡᠷᠡᠴᠢᠯᠡᠯᠲᠡ ᠨᠡᠭᠡᠭᠡᠯᠲᠡ ᠶᠢᠨ ᠴᠠᠭ ᠦᠶ᠎ᠡ ᠶᠢᠨ ᠵᠣᠷᠢᠭ ᠰᠠᠨᠠᠭ᠎ᠠ ᠲᠠᠢ ᠨᠢᠬᠲᠠ ᠤᠶᠠᠯᠳᠤᠵᠤ ᠰᠢᠨ᠎ᠡ ᠠᠭᠤᠯᠬᠤᠨ | ᠨᠡᠮᠡᠭᠳᠡᠵᠦ᠂ ᠡᠯ᠎ᠡ ᠦᠨᠳᠦᠰᠦᠲᠡᠨ ᠤ ᠠᠷᠠᠳ ᠲᠦᠮᠡᠨ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠨ ᠪᠦᠯᠬᠦᠮᠳᠡᠨ | ᠨᠢᠬᠲᠠᠷᠠᠵᠤ ᠡᠬᠡ ᠤᠯᠤᠰ ᠤᠨ ᠤᠮᠠᠷᠠᠲᠤ ᠬᠢᠯᠢ ᠶᠢᠨ ᠦᠵᠡᠰᠬᠦᠯᠡᠩᠲᠦ ᠰᠠᠶᠢᠬᠠᠨ ᠦᠵᠡᠮᠵᠢ ᠶᠢᠨ ᠣᠷᠣᠨ ᠢᠶᠠᠨ | ᠪᠦᠲᠦᠭᠡᠨ ᠪᠠᠶᠢᠭᠤᠯᠵᠤ᠂ ᠥᠪᠥᠷ ᠮᠣᠩᠭᠤᠯ ᠣᠷᠣᠨ ᠤ ᠬᠥᠭᠵᠢᠯᠲᠡ ᠶᠢᠨ ᠲᠡᠦᠬᠡᠲᠦ ᠴᠢᠨᠠᠷᠲᠠᠢ ᠠᠭᠤᠤ ᠶᠡᠭᠡ | ᠬᠤᠪᠢᠷᠠᠯᠲᠠ ᠶᠢ ᠪᠡᠶᠡᠯᠡᠬᠦᠯᠬᠦ ᠳᠤ ᠯᠣᠲᠣ ᠶᠡᠭᠡ ᠣᠶᠤᠨ ᠰᠠᠨᠠᠭᠠᠨ ᠤ ᠬᠦᠴᠦᠨ ᠪᠣᠯᠣᠭᠰᠠᠨ ᠪᠠᠶᠢᠨ᠎ᠠ᠃ | ᠡᠩᠬᠦᠷᠠᠢ ᠬᠠᠶᠢᠷᠠᠳᠤ ᠥᠪᠥᠷ ᠮᠤᠩᠭᠤᠯ ᠤᠨ ᠥᠪᠡᠷᠳᠡᠬᠡᠨ ᠵᠠᠰᠠᠬᠤ ᠤᠷᠤᠨ ᠤ ᠪᠠᠨ ᠮᠡᠨᠳᠦᠯᠡᠭᠰᠡᠨ ᠳᠠᠯᠠᠨ | ᠵᠢᠯ ᠤᠨ ᠤᠢ ᠶᠢᠨ ᠪᠠᠶᠠᠷ ᠢᠶᠠᠷ ︽ᠮᠤᠩᠭᠤᠯ ᠮᠤᠷᠢᠨ ᠤ ᠵᠤᠷᠢᠭ ᠰᠠᠨᠠᠭ᠎ᠠ︾ ᠶᠢᠨ ᠮᠠᠬᠳᠠᠭᠤ ᠪᠠᠨ ᠳᠠᠭᠤᠯᠠᠬᠤ ᠳᠠᠭᠠᠨ | ᠥᠪᠥᠷ ᠮᠤᠩᠭᠤᠯ ᠤᠨ ᠮᠦᠽᠸᠢ ᠶᠢᠨ ᠤᠷᠤᠢ ᠳᠡᠬᠡᠷ᠎ᠡ ᠤᠯᠠᠭᠠᠨ ᠨᠠᠷᠠᠨ ᠢ ᠤᠬᠳᠤᠨ ᠳᠡᠯ ᠰᠡᠬᠦᠯ ᠢᠶᠠᠨ ᠬᠡᠶᠢᠰᠬᠡᠨ | ᠳᠡᠬᠦᠯᠢᠨ ᠨᠢᠰᠴᠤ ᠪᠠᠶᠢᠭ᠎ᠠ ᠰᠠᠷᠠᠯ ᠮᠤᠷᠢ ᠪᠠᠨ ᠰᠠᠨᠠᠵᠦ ᠪᠢᠯᠨ᠃ ᠡᠨᠡ ᠰᠠᠷᠠᠯ ᠮᠤᠷᠢ ᠥᠪᠥᠷ ᠮᠤᠩᠭᠤᠯᠴᠤᠳ ᠤᠨ | ᠰᠢᠳᠦᠬᠡᠨ ᠪᠠᠶᠢᠵᠦ᠂ ᠡᠨᠡ ᠮᠤᠩᠭᠤᠯ ᠮᠤᠷᠢ ᠮᠤᠯᠤᠷ ᠡᠷᠳᠡᠨᠢ ᠪᠤᠯᠬᠤ ᠪᠠᠷ ᠪᠠᠷᠠᠬᠤ ᠦᠬᠡᠢ᠂ ᠨᠡᠩ ᠴᠤ ︽ | ᠰᠠᠬᠢᠭᠤᠯᠰᠤᠨ ᠬᠦᠯᠦᠭ︾ ᠪᠤᠯᠤᠬᠰᠠᠨ ᠪᠠᠶᠢᠨ᠎ᠠ᠃ ᠲᠠᠶᠢᠮᠤ ᠴᠤ ᠪᠤᠯᠬᠤᠷ ᠡᠨᠡ ᠰᠠᠷᠠᠯ ᠮᠤᠷᠢ ᠪᠤᠯ ︽ᠳᠡᠬᠡᠳᠦ ᠲᠡᠭᠷᠢ | ︾ ᠠᠴᠠ ᠰᠤᠶᠤᠷᠬᠠᠬᠰᠠᠨ ᠲᠤᠳᠤᠨᠤ ᠡᠯᠴᠢ᠂ ᠲᠠᠯ᠎ᠠ ᠨᠤᠳᠤᠭ ᠤᠨ ᠭᠤᠴᠤ ᠦᠵᠡᠮᠵᠢ ᠶᠢᠨ ᠵᠢᠷᠤᠭ ᠤᠨ ᠠᠮᠢᠳᠤ | ᠳᠦᠷᠢ ᠪᠤᠯᠬᠤ ᠨᠢ ᠭᠠᠷᠴᠠᠭ᠎ᠠ ᠦᠬᠡᠢ᠃ | ︽ᠮᠤᠩᠭᠤᠯ ᠮᠤᠷᠢᠨ ᠤ ᠵᠤᠷᠢᠭ ᠰᠠᠨᠠᠭ᠎ᠠ︾ ᠰᠢᠨ᠎ᠠ ᠴᠠᠭ ᠦᠶ᠎ᠡ ᠳᠤ ᠨᠡᠩ ᠦᠩᠬᠡ ᠬᠢᠯᠪᠠᠭ᠎ᠠ ᠰᠠᠴᠤᠷᠠᠵᠦ ᠦᠢ | ᠳᠦᠮᠡᠨ ᠬᠥᠮᠦᠰ ᠢ ᠵᠤᠷᠢᠬᠵᠢᠭᠤᠯᠤᠨ ᠬᠦᠭᠵᠢᠬᠡᠵᠦ ᠪᠠᠶᠢᠨ᠎ᠠ᠃ ᠲᠠᠯ᠎ᠠ ᠨᠤᠳᠤᠭ ᠤᠨ ᠡᠯ᠎ᠡ ᠦᠨᠳᠦᠰᠦᠳᠡᠨ ᠤ ᠠᠷᠠᠳ | ᠲᠦᠮᠡᠨ ᠰᠠᠬᠢᠨ ᠪᠠᠷᠠᠯᠠᠵᠦ ᠬᠠᠷᠢᠯᠴᠠᠨ ᠬᠠᠪᠰᠤᠷᠤᠯᠴᠠᠵᠦ ᠪᠦᠯᠬᠦᠮᠳᠡᠨ ᠨᠢᠬᠳᠠᠷᠠᠵᠦ ᠬᠠᠮᠳᠤᠪᠠᠷ ᠴᠢᠷᠮᠠᠶᠢᠵᠦ᠂ ᠡᠬᠡ | ᠤᠯᠤᠰ ᠤᠨ ᠤᠮᠠᠷᠠᠳᠤ ᠬᠢᠯᠢ ᠶᠢᠨ ᠦᠵᠡᠰᠬᠦᠯᠡᠩᠳᠦ ᠰᠠᠶᠢᠬᠠᠨ ᠦᠵᠡᠮᠵᠢ ᠶᠢᠨ ᠤᠷᠤᠨ ᠢᠶᠠᠨ ᠪᠦᠳᠦᠬᠡᠨ ᠪᠠᠶᠢᠭᠤᠯᠵᠦ | ᠪᠠᠶᠢᠭ᠎ᠠ ᠴᠠᠭ ᠦᠶ᠎ᠡ ᠳᠤ ︽ᠰᠢᠷᠭᠠᠭᠤ ᠬᠠᠳᠠᠭᠤᠵᠢᠯᠳᠠᠢ ᠲᠡᠮᠡᠴᠡᠨ ᠴᠤᠴᠠᠯᠳᠠ ᠦᠬᠡᠢ ᠤᠷᠤᠬᠰᠢᠯᠠᠬᠤ︾ ᠮᠤᠩᠭᠤᠯ | ᠮᠤᠷᠢᠨ ᠤ ᠵᠤᠷᠢᠭ ᠰᠠᠨᠠᠭ᠎ᠠ ᠨᠡᠩᠳᠠ ᠡᠷᠬᠢᠮ ᠨᠠᠨᠳᠢᠨ ᠪᠤᠯᠵᠦ ᠪᠠᠶᠢᠨ᠎ᠠ᠃ ᠪᠢᠳᠡ ︽ᠮᠤᠩᠭᠤᠯ ᠮᠤᠷᠢᠨ ᠤ ᠵᠤᠷᠢᠭ | ᠰᠠᠨᠠᠭ᠎ᠠ︾ ᠶᠢ ᠦᠶ᠎ᠠ ᠶᠢᠨ ᠦᠶ᠎ᠠ ᠤᠯᠠᠮᠵᠢᠯᠠᠨ ᠪᠠᠳᠠᠷᠠᠭᠤᠯᠵᠦ᠂ ᠡᠬᠡ ᠤᠯᠤᠰ ᠤᠨ ᠤᠮᠠᠷᠠᠳᠤ ᠬᠢᠯᠢ ᠶᠢᠨ | ᠦᠵᠡᠰᠬᠦᠯᠡᠩᠳᠦ ᠰᠠᠶᠢᠬᠠᠨ ᠦᠵᠡᠮᠵᠢ ᠶᠢᠨ ᠤᠷᠤᠨ ᠢᠶᠠᠨ ᠤᠯᠠᠮ ᠦᠩᠬᠡ ᠬᠢᠯᠪᠠᠭ᠎ᠠ ᠰᠠᠴᠤᠷᠠᠳᠠᠯᠠ ᠴᠤᠬᠴᠠᠯᠠᠨ | ᠪᠠᠶᠢᠭᠤᠯᠰᠤᠭᠠᠢ︕ | | |