ᠬᠡᠤᠬᠡᠨ ᠬᠥᠷᠬᠡᠨ ᠤ ᠰᠥᠨ ᠬᠥᠯᠢᠶᠡᠬᠦ ᠢᠷᠥᠬᠡᠯ
ᠨᠡᠶᠢᠲᠡᠯᠡᠭᠰᠡᠨ ᠴᠠᠭ᠄
2019-11-27
ᠲᠥᠮᠡᠨ ᠥᠯᠵᠡᠢ ᠶᠢᠨ ᠴᠤᠭ ᠤᠴᠠᠷᠠᠯ ᠪᠥᠷᠢᠯᠳᠥᠭᠰᠡᠨ ᠲᠥᠪᠰᠢᠨ ᠵᠢᠷᠭᠠᠯ ᠲᠥᠬᠡᠮᠡᠯ ᠪᠠᠶᠠᠷ ᠤᠨ ᠡᠨᠡ ᠡᠳᠥᠷ ᠲᠥᠷᠥ ᠶᠢᠨ ᠬᠡᠯᠬᠢᠶ᠎ᠡ ᠥᠷ᠎ᠡ ᠶᠢᠨ ᠪᠠᠷᠢᠯᠳᠤᠯᠭ᠎ᠠ ᠶᠢ ᠲᠥᠪᠴᠢᠯᠡᠨ ᠬᠥᠢᠴᠡᠳᠬᠡᠬᠦ ᠶᠢᠨ ᠶᠤᠰᠤᠨ ᠲᠤᠷ ᠨᠡᠶᠢᠴᠡᠬᠦᠯᠥᠨ ᠡᠩᠬᠦᠷᠡᠢ ᠬᠤᠶᠠᠷ ᠥᠷ᠎ᠡ ᠶᠢᠨ ᠢᠶᠠᠨ ᠡᠩᠬᠡ ᠮᠡᠨᠳᠤ ᠶᠢ ᠨᠢ ᠵᠥᠩᠨᠡᠨ ᠲᠡᠭᠷᠢ ᠮᠡᠳᠤ ᠶᠢᠨ ᠡᠴᠢᠬᠡ ᠲᠡᠯᠡᠬᠡᠢ ᠮᠡᠳᠥ ᠶᠢᠨ ᠡᠬᠡ ᠲᠡᠯᠬᠡᠷ ᠤᠯᠠᠨ ᠪᠥᠬᠦᠨ ᠢᠶᠠᠷ ᠢᠶᠠᠨ ᠲᠡᠬᠡᠳᠥᠯᠡᠨ ᠵᠠᠬᠢᠨ ᠰᠤᠷᠭᠠᠬᠤ ᠨᠢ᠄ ᠬᠥᠪᠡᠬᠦᠨ ᠬᠥᠷᠬᠡᠨ ᠨᠢ ᠪᠤᠯᠪᠠᠰᠤ ᠰᠠᠩ ᠤᠷᠢᠯᠭ᠎ᠠ ᠪᠠᠨ ᠲᠡᠬᠦᠰᠬᠡᠭᠰᠡᠨ ᠰᠠᠶᠢᠬᠠᠨ ᠴᠤᠭ ᠢᠶᠠᠨ ᠪᠠᠳᠠᠷᠭᠠᠭᠰᠠᠨ ᠰᠠᠭᠠᠳᠠᠭ ᠨᠤᠮ ᠢᠶᠠᠨ ᠠᠭᠰᠠᠭᠰᠠᠨ ᠰᠠᠶᠢᠨ ᠬᠥᠯᠥᠭ ᠢᠶᠠᠨ ᠤᠨᠤᠭᠰᠠᠨ ᠲᠠᠶᠢᠨ ᠳᠤ ᠪᠠᠭᠠᠳᠤᠷ᠂ ᠲᠠᠯᠠᠢ ᠳᠤ ᠤᠰᠠᠴᠢ ᠰᠤᠷᠬᠤ ᠳᠤ ᠬᠢᠴᠢᠶᠡᠯᠳᠡᠢ᠂ ᠰᠤᠨᠤᠰᠬᠤ ᠳᠤ ᠡᠷᠳᠡᠮᠳᠡᠢ ᠡᠷ᠎ᠡ ᠶᠢᠨ ᠡᠷᠳᠡᠮ ᠪᠥᠬᠦᠨ ᠢ ᠡᠷᠬᠢᠮᠯᠡᠨ ᠪᠥᠷᠢᠬᠡᠳᠥᠬᠡᠢ︕ ᠡᠪᠡᠢ ᠬᠤᠩᠭᠤᠷ᠂ ᠡᠩᠬᠦᠷᠡᠢ ᠪᠡᠷᠢ ᠨᠢ ᠪᠤᠯᠪᠠᠰᠤ᠄ ᠽᠠᠨᠳᠠᠨ ᠮᠤᠳᠤᠨ ᠤ ᠨᠠᠪᠴᠢ ᠮᠡᠳᠥ ᠨᠠᠶᠢᠭᠤᠵᠤ ᠽᠠᠨᠪᠤᠳᠢᠪ ᠤᠨ ᠴᠢᠮᠡᠭ ᠲᠤᠶᠠᠭ᠎ᠠ ᠪᠤᠯᠤᠨ ᠪᠤᠯᠤᠨ ᠬᠡᠶᠢᠨ ᠮᠠᠨᠳᠤᠵᠤ ᠭᠠᠩᠭ᠎ᠠ ᠮᠥᠷᠡᠨ ᠲᠠᠯᠠᠢ ᠮᠡᠳᠥ ᠭᠠᠩ ᠰᠠᠪᠠ ᠨᠢ ᠤᠨᠳᠤᠷᠴᠤ ᠭᠠᠯᠪᠠᠷᠭᠴᠠ ᠮᠤᠳᠤᠨ ᠤ ᠥᠨᠳᠥᠰᠥᠨ ᠮᠡᠳᠥ ᠢᠵᠠᠭᠤᠷ ᠤᠭᠰᠤᠭᠠᠨ ᠠᠴᠠ ᠪᠠᠨ ᠲᠡᠯᠬᠡᠷᠡᠵᠥ ᠭᠠᠩ ᠲᠡᠮᠥᠷ ᠬᠠᠳᠠᠭᠤ ᠬᠡᠳᠥᠢ ᠪᠤᠯᠪᠠᠴᠤ ᠭᠠᠯ ᠤᠨ ᠠᠶ᠎ᠠ ᠶᠢ ᠲᠠᠭᠠᠭᠠᠬᠤ ᠭᠠᠩᠭ᠎ᠠ ᠮᠥᠷᠡᠨ ᠰᠢᠷᠥᠬᠦᠨ ᠬᠡᠳᠥᠢ ᠪᠤᠯᠪᠠᠴᠤ ᠭᠠᠵᠠᠷ ᠤᠨ ᠠᠶ᠎ᠠ ᠶᠢ ᠲᠠᠭᠠᠭᠠᠬᠤ ᠬᠡᠮᠡᠭᠴᠢᠯᠡᠨ ᠤᠬᠠᠭᠠᠨ ᠰᠠᠨᠠᠭ᠎ᠠ ᠶᠢ ᠲᠤᠭᠳᠠᠪᠤᠷᠢᠵᠢᠭᠤᠯᠤᠨ ᠠᠭᠤᠳᠠᠮ ᠪᠤᠳᠤᠯ ᠢ ᠨᠢ ᠬᠡᠴᠢᠶᠡᠩᠬᠦᠶᠢᠯᠡᠨ ᠬᠠᠷᠢ ᠳᠤ ᠶᠠᠪᠤᠬᠤ ᠳᠠᠭᠠᠨ ᠬᠠᠪ ᠲᠠᠢ ᠬᠠᠯᠠᠭᠤᠨ ᠵᠠᠭᠤᠷ᠎ᠠ ᠪᠠᠨ ᠡᠬᠡᠯᠢᠳᠡᠢ ᠬᠠᠷᠰᠢ ᠥᠬᠡᠢ ᠰᠠᠶᠢᠨ ᠠᠭᠠᠯᠢ ᠶᠢ ᠬᠠᠳᠠᠭᠠᠯᠠᠨ ᠵᠢᠷᠤᠮᠯᠠᠨ ᠰᠠᠬᠢᠵᠤ ᠬᠠᠨᠢᠯᠠᠭᠰᠠᠨ ᠨᠥᠬᠦᠷ ᠳᠡᠭᠡᠨ ᠬᠠᠶᠢᠷᠠᠯᠠᠭᠳᠠᠨ ᠬᠠᠮᠤᠭ ᠤᠯᠠᠨ ᠳᠠᠭᠠᠨ ᠰᠠᠶᠢᠰᠢᠶᠠᠭᠳᠠᠨ ᠡᠩᠬᠡ ᠲᠡᠯᠬᠡᠷ ᠵᠢᠷᠭᠠᠬᠤ ᠶᠢ ᠴᠢᠨᠢ ᠠᠳᠡ ᠠᠴᠠ ᠬᠥᠰᠡᠨ ᠢᠷᠥᠬᠡᠶ᠎ᠡ︕
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号