ᠵᠢᠷᠤᠭ᠎ᠠ ᠮᠤᠷᠢᠨ ᠴᠤᠯᠨ
ᠨᠡᠶᠢᠲᠡᠯᠡᠭᠰᠡᠨ ᠴᠠᠭ᠄
2019-11-27
ᠲᠤᠶ᠎ᠠ ᠲᠠᠪᠠᠭ ᠨᠢ ᠪᠤᠳᠠᠷᠠᠰᠬᠢᠵᠤ ᠲᠤᠭ ᠰᠡᠬᠦᠯ ᠨᠢ ᠰᠠᠭᠰᠠᠰᠬᠢᠨ᠎ᠠ ᠲᠤᠭᠤᠰ ᠤᠨ ᠵᠢᠬᠦᠷ ᠲᠡᠯᠬᠡᠰᠬᠢᠵᠤ ᠲᠤᠭᠤᠰᠤ ᠮᠠᠨᠠᠨ ᠰᠤᠨᠤᠭᠯᠠᠨ᠎ᠠ ᠭᠠᠷᠬᠠᠨ ᠬᠠᠵᠠᠭᠠᠷ ᠲᠤᠯᠠᠰᠬᠢᠵᠤ ᠭᠠᠨᠵᠤᠭ᠎ᠠ ᠬᠥᠯᠢᠮ ᠲᠡᠪᠢᠰᠬᠢᠨ᠎ᠡ ᠭᠠᠷᠤᠳᠢ ᠶᠢᠨ ᠬᠥᠵᠥᠬᠦᠥ ᠰᠤᠨᠤᠰᠬᠢᠵᠤ ᠭᠠᠩ ᠲᠤᠭᠤᠷᠠᠢ ᠬᠢᠯᠡᠰᠬᠢᠨ᠎ᠡ ᠪᠥᠭᠳᠥᠷᠬᠡᠢ ᠰᠠᠶᠢᠳᠠᠢ ᠵᠢᠷᠤᠭ᠎ᠠ ᠮᠤᠷᠢ ᠪᠥᠮᠪᠦᠭᠡ ᠠᠳᠠᠯᠢ ᠪᠥᠮᠪᠥᠯᠵᠢᠨ᠎ᠡ ᠪᠥᠮᠪᠦᠭᠡ ᠠᠳᠠᠯᠢ ᠪᠥᠮᠪᠥᠯᠵᠢᠬᠡᠳ ᠪᠥᠵᠥᠩ ᠠᠳᠠᠯᠢ ᠴᠥᠮᠪᠥᠯᠵᠢᠨ᠎ᠡ ᠬᠠᠮᠤᠭ᠎ᠠ ᠰᠠᠶᠢᠳᠠᠢ ᠵᠢᠷᠤᠭ᠎ᠠ ᠮᠤᠷᠢ ᠬᠠᠨᠳᠠᠭᠠᠢ ᠠᠳᠠᠯᠢ ᠬᠠᠶᠢᠪᠠᠯᠵᠠᠨ᠎ᠠ ᠬᠠᠨᠳᠠᠭᠠᠢ ᠠᠳᠠᠯᠢ ᠬᠠᠶᠢᠪᠠᠯᠵᠠᠭᠠᠳ ᠴᠢᠨᠳᠠᠭ᠎ᠠ ᠠᠳᠠᠯᠢ ᠲᠠᠶᠢᠪᠠᠯᠵᠠᠨ᠎ᠠ ᠤᠭ ᠲᠥᠷᠥᠭᠰᠡᠨ ᠤᠷᠭᠤᠭ᠎ᠠ ᠵᠢᠷᠤᠭ᠎ᠠ ᠤᠯᠠᠮ ᠬᠤᠶᠢᠨ᠎ᠠ ᠪᠠᠨ ᠰᠤᠨᠤᠮ᠎ᠠ ᠵᠢᠷᠤᠭ᠎ᠠ ᠤᠷᠤᠭᠤ ᠭᠠᠵᠠᠷ ᠤᠷᠤᠰᠤᠮ᠎ᠠ ᠵᠢᠷᠤᠭ᠎ᠠ ᠤᠰᠤᠨ ᠲᠡᠯᠮᠡᠨ ᠤᠷᠠᠨ ᠵᠢᠷᠤᠭ᠎ᠠ ᠠᠭᠤᠯᠠᠨ ᠬᠠᠶᠢᠷᠠᠬᠠᠨ ᠲᠠᠶᠢᠪᠤᠮ᠎ᠠ ᠵᠢᠷᠤᠭ᠎ᠠ ᠤᠰᠤ ᠮᠥᠷᠡᠨ ᠴᠠᠯᠬᠢᠮ᠎ᠠ ᠵᠢᠷᠤᠭ᠎ᠠ ᠤᠷᠠᠨ ᠲᠤᠭᠤᠰ ᠪᠥᠵᠢᠭᠯᠡᠮ᠎ᠡ ᠵᠢᠷᠤᠭ᠎ᠠ ᠤᠨᠳᠠᠬᠤ ᠨᠤᠶᠢᠷᠠᠨ ᠳᠤ ᠵᠡᠬᠦᠳᠥᠯᠡᠮ᠎ᠡ ᠵᠢᠷᠤᠭ᠎ᠠ ᠬᠠᠵᠠᠭᠤ ᠲᠡᠬᠡᠬᠦᠷ ᠬᠠᠶᠢᠪᠤᠭ᠎ᠠ ᠵᠢᠷᠤᠭ᠎ᠠ ᠬᠠᠷᠪᠤᠭᠰᠠᠨ ᠰᠤᠮᠤ ᠰᠢᠭ᠋ ᠬᠤᠷᠳᠤᠨ ᠵᠢᠷᠤᠭ᠎ᠠ ᠥᠬᠡᠳᠡ ᠭᠠᠵᠠᠷ ᠡᠯᠬᠦᠬᠡ ᠵᠢᠷᠤᠭ᠎ᠠ ᠡᠪᠡᠰᠤᠨ ᠲᠤᠯᠤᠭᠠᠢ ᠨᠠᠶᠢᠭᠤᠮ᠎ᠠ ᠵᠢᠷᠤᠭ᠎ᠠ ᠲᠡᠨᠵᠢᠨ ᠲᠡᠬᠡᠬᠦᠷ ᠲᠡᠭᠳᠡᠮ᠎ᠡ ᠵᠢᠷᠤᠭ᠎ᠠ ᠲᠡᠷᠡᠰᠤᠨ ᠲᠤᠯᠤᠭᠠᠢ ᠬᠡᠪᠳᠡᠮ᠎ᠡ ᠵᠢᠷᠤᠭ᠋ ᠎ᠠ ᠰᠥᠷᠥᠭ ᠤᠨ ᠴᠢᠮᠡᠭ ᠬᠤᠪᠤᠷ ᠵᠢᠷᠤᠭ᠎ᠠ ᠰᠡᠬᠦᠳᠡᠷ ᠵᠢᠷᠤᠭ ᠲᠤ ᠭᠠᠷᠭᠠᠮ᠎ᠠ ᠵᠢᠷᠤᠭ᠎ᠠ ᠨᠠᠢᠮᠠᠨ ᠭᠠᠨᠵᠤᠭ᠎ᠠ ᠪᠤᠰᠤᠮ᠎ᠠ ᠵᠢᠷᠤᠭ᠎ᠠ ᠨᠠᠪᠴᠢᠳᠤ ᠲᠡᠯᠡᠬᠡᠢ ᠪᠠᠶᠠᠰᠤᠮ᠎ᠠ ᠵᠢᠷᠤᠭ᠎ᠠ ᠨᠢᠯᠬ᠎ᠠ ᠬᠡᠤᠬᠡᠳ ᠢᠨᠢᠶᠡᠮ᠎ᠡ ᠵᠢᠷᠤᠭ᠎ᠠ ᠨᠠᠰᠤᠳᠠᠢ ᠬᠥᠮᠥᠰ ᠤᠶᠠᠷᠠᠮ᠎ᠠ ᠵᠢᠷᠤᠭ᠎ᠠ ᠭᠠᠵᠠᠷ ᠬᠥᠷᠥᠰᠥ ᠡᠷᠢᠶᠡᠯᠵᠡᠮ᠎ᠡ ᠵᠢᠷᠤᠭ᠎ᠠ ᠭᠠᠨᠳᠢ ᠶᠢᠨ ᠮᠤᠳᠤ ᠱᠥᠬᠦᠮ᠎ᠡ ᠵᠢᠷᠤᠭ᠎ᠠ ᠭᠠᠯᠪᠠ ᠶᠢᠨ ᠠᠮᠢᠳᠠᠨ ᠭᠠᠶᠢᠬᠠᠮ᠎ᠠ ᠵᠢᠷᠤᠭ᠎ᠠ ᠭᠠᠩᠭᠠᠩ ᠠᠵᠠᠢ ᠲᠠᠭᠤᠯᠠᠮ᠎ᠠ ᠵᠢᠷᠤᠭ᠎ᠠ ᠬᠤᠷᠠᠭᠰᠠᠨ ᠬᠥᠮᠥᠰ ᠭᠠᠶᠢᠬᠠᠯᠴᠠᠨ ᠬᠤᠷᠤᠭᠤ ᠭᠠᠷᠭᠠᠨ ᠱᠠᠭᠰᠢᠯᠴᠠᠨ ᠰᠠᠭᠠᠯᠢ ᠶᠢᠨ ᠲᠡᠬᠡᠵᠢ ᠪᠠᠨ ᠡᠷᠬᠦᠨ ᠰᠠᠶᠢᠬᠠᠨ ᠠᠯᠳᠠᠷ ᠢ ᠨᠢ ᠮᠠᠭᠳᠠᠯᠴᠠᠨ᠎ᠠ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号