ᠮᠤᠩᠭᠤᠯᠴᠤᠳ ᠤᠨ ᠣᠯᠠᠮᠵᠢᠯᠠᠯᠳᠣ ᠴᠠᠭᠠᠨ ᠢᠳᠡᠭᠡ
ᠨᠡᠶᠢᠲᠡᠯᠡᠭᠰᠡᠨ ᠴᠠᠭ᠄
2019/11/27
       ᠡᠭᠡ ᠣᠯᠣᠰ ᠤᠨ ᠣᠮᠠᠷᠠᠳᠣ ᠣᠷᠣᠨ ᠤ ᠲᠠᠯ᠎ᠠ ᠨᠣᠳᠤᠭ ᠲᠡᠭᠡᠷ᠎ᠡ ᠥᠶ᠎ᠡ ᠣᠯᠠᠷᠢᠨ ᠣᠷᠣᠰᠢᠨ ᠠᠮᠢᠳᠣᠷᠠᠵᠣ ᠢᠷᠡᠭᠰᠡᠨ ᠮᠣᠩᠭᠤᠯ ᠥᠨᠳᠥᠰᠥᠳᠡᠨ ᠤ ᠠᠷᠠᠳ ᠲᠥᠮᠡᠨ ᠤ ᠣᠯᠠᠮᠵᠢᠯᠠᠯᠳᠣ ᠢᠳᠡᠭᠡᠨ ᠣᠮᠳᠠᠭᠠᠨ ᠤ ᠵᠦᠢᠯ ᠳᠤ ︽ᠣᠯᠠᠭᠠᠨ ᠢᠳᠡᠭᠡ︾᠂ ︽ᠴᠠᠭᠠᠨ ᠢᠳᠡᠭᠡ︾ ᠭᠡᠵᠣ ᠬᠤᠶᠠᠷ ᠵᠦᠢᠯ ᠪᠠᠶᠢᠳᠠᠭ᠃ ᠮᠣᠩᠭᠤᠯ ᠥᠭᠡᠨ ᠳᠤ ︽ᠴᠠᠭᠠᠨ︾ ᠭᠡᠳᠡᠭ ᠨᠢ ᠶᠡᠷᠣ ᠠᠴᠠ ᠬᠠᠷ᠎ᠠ ᠥᠩᠭᠡ ᠶᠢᠨ ᠡᠰᠡᠷᠬᠦ ᠣᠳᠬ᠎ᠠ ᠲᠠᠢ ᠨᠢᠭᠡᠨ ᠵᠦᠢᠯ ᠤᠨ ᠥᠩᠭᠡ ᠶᠢ ᠵᠢᠭᠠᠭᠰᠠᠨ ᠥᠭᠡ ᠪᠣᠯᠬᠤ ᠪᠠᠷ ᠥᠯᠥ ᠪᠠᠷᠠᠮ᠂ ᠪᠠᠰᠠ ᠡᠷᠬᠢᠮ ᠲᠡᠭᠡᠳᠣ᠂ ᠴᠢᠭᠡᠴᠢ ᠰᠢᠯᠣᠭᠤᠨ᠂ ᠪᠡᠯᠭᠡ ᠢᠷᠥᠭᠡᠯ ᠵᠡᠷᠭᠡ ᠣᠯᠠᠨ ᠣᠳᠬ᠎ᠠ ᠲᠠᠢ ᠪᠠᠶᠢᠳᠠᠭ᠂ ᠵᠢᠱᠢᠶᠡᠯᠡᠪᠡᠯ ᠮᠣᠩᠭᠤᠯᠴᠣᠳ ᠵᠢᠯ ᠤᠨ ᠡᠬᠢᠨ ᠤ ᠰᠠᠷ᠎ᠠ ᠶᠢ ︽ᠴᠠᠭᠠᠨ ᠰᠠᠷ᠎ᠠ︾ ᠭᠡᠵᠣ᠂ ᠴᠢᠭᠡᠴᠢ ᠰᠢᠳᠣᠷᠭᠤ ᠰᠠᠶᠢᠬᠠᠨ ᠰᠠᠨᠠᠭ᠎ᠠ ᠶᠢ ︽ᠴᠠᠭᠠᠪᠣᠷ︾᠂ ︽ᠴᠠᠶᠢᠯᠭᠠᠨ︾ ᠭᠡᠵᠣ ᠭᠡᠯᠡᠳᠡᠭ ᠪᠢᠯᠡ᠃ ᠡᠶᠢᠮᠥ ᠣᠴᠢᠷ ᠠᠴᠠ ᠴᠠᠭᠠᠨ ᠢᠳᠡᠭᠡ ᠶᠢ ᠮᠣᠩᠭᠤᠯᠴᠣᠳ ᠭᠤᠣᠯ ᠢᠳᠡᠭᠡᠨ ᠢᠶᠠᠨ ᠪᠣᠯᠭᠠᠵᠣ ᠪᠠᠶᠢᠭᠰᠠᠨ ᠢᠶᠠᠷ ᠪᠠᠷᠠᠬᠤ ᠥᠭᠡᠢ ᠂ ᠠᠯᠢᠪᠠ ᠢᠳᠡᠭᠡᠨ ᠤ ᠪᠠᠨ ᠲᠡᠭᠡᠵᠢ ᠪᠣᠯᠭᠠᠵᠣ᠂  ᠲᠡᠬᠦᠨ ᠢᠶᠠᠷ ᠢᠶᠠᠨ ᠰᠠᠶᠢᠨ ᠰᠠᠶᠢᠬᠠᠨ ᠤ ᠪᠡᠯᠭᠡ ᠢᠷᠥᠭᠡᠯ ᠪᠣᠯᠭᠠᠵᠣ ᠪᠠᠶᠢᠭᠰᠠᠨ ᠨᠢ ᠥᠨᠥᠳᠣᠷ ᠬᠥᠷᠳᠡᠯ᠎ᠡ ᠣᠯᠠᠮᠵᠢᠯᠠᠭᠳᠠᠭᠰᠠᠭᠠᠷ ᠪᠠᠶᠢᠨ᠎ᠠ᠃ ᠵᠢᠱᠢᠶᠡᠯᠡᠪᠡᠯ᠂ ᠵᠣᠴᠢᠨ ᠲᠠᠶᠢᠯᠠᠬᠤ᠂ ᠵᠢᠯ ᠴᠠᠭᠠᠨ ᠰᠠᠷ᠎ᠠ᠂ ᠪᠠᠶᠠᠷ ᠲᠣᠷᠠᠰᠬᠠᠯ ᠤᠨ ᠡᠳᠣᠷ ᠮᠣᠩᠭᠤᠯᠴᠣᠳ ᠬᠥᠨᠳᠣᠳᠣ ᠵᠣᠴᠢᠨ ᠳᠠᠭᠠᠨ ᠴᠠᠭᠠᠨ ᠢᠳᠡᠭᠡᠨ ᠤ ᠲᠡᠭᠡᠵᠢ ᠠᠮᠰᠠᠭᠤᠯᠳᠠᠭ ᠪᠥᠭᠡᠳ ᠭᠡᠣᠭᠡᠳ ᠤᠨ ᠥᠰᠥ ᠮᠢᠯᠢᠶᠠᠬᠤ᠂ ᠬᠤᠷᠢᠮ ᠨᠠᠶᠢᠷ ᠤᠨ ᠪᠠᠶᠠᠷ ᠲᠡᠭᠡᠷ᠎ᠡ ᠠᠬᠠᠮᠠᠳ ᠨᠠᠰᠣᠳᠠᠨ ᠨᠢ ᠶᠡᠷᠣ ᠠᠶᠠᠭ᠎ᠠ ᠰᠥ ᠪᠣᠯᠣᠨ ᠰᠠᠭᠠᠯᠢ ᠶᠢᠨ ᠠᠷᠢᠬᠢ ᠪᠠᠨ ᠮᠡᠯᠮᠡᠯᠵᠡᠬᠦᠯᠥᠨ ᠪᠠᠷᠢᠵᠣ ︽ᠣᠷᠳᠣ ᠨᠠᠰᠣᠯᠠᠵᠣ᠂ ᠣᠳᠠᠭᠠᠨ ᠵᠢᠷᠭ᠎ᠠ᠂ ᠰᠠᠶᠢᠨ ᠶᠠᠪᠣᠵᠣ ᠰᠠᠨᠠᠭ᠎ᠠ ᠪᠠᠷ ᠢᠶᠠᠨ ᠵᠢᠷᠭ᠎ᠠ︕︾ ᠭᠡᠵᠣ ᠭᠡᠣᠭᠡᠳ ᠠᠴᠢᠨᠠᠷ ᠢᠶᠠᠨ ᠣᠷᠳᠣ ᠨᠠᠰᠣᠯᠠᠵᠣ ᠣᠳᠠᠭᠠᠨ  ᠵᠢᠷᠭᠠᠬᠤ ᠶᠢ ᠢᠷᠥᠭᠡᠳᠡᠭ᠃ ᠰᠢᠨ᠎ᠡ ᠭᠡᠷ ᠮᠢᠯᠢᠶᠠᠬᠤ᠂ ᠮᠠᠯ ᠮᠢᠯᠢᠶᠠᠬᠤ ᠵᠡᠷᠭᠡ ᠳᠤ ᠮᠣᠩᠭᠤᠯ ᠬᠥᠮᠥᠨ ᠪᠥᠷ ᠴᠠᠭᠠᠨ ᠢᠳᠡᠭᠡᠨ ᠤ ᠪᠠᠨ ᠲᠡᠭᠡᠵᠢ ᠪᠠᠷ ᠮᠢᠯᠢᠶᠠᠳᠠᠭ ᠪᠥᠭᠡᠳ ᠮᠠᠯ ᠰᠥᠷᠥᠭ ᠢᠶᠠᠨ ᠮᠢᠯᠢᠶᠠᠬᠤ ᠂ ᠠᠬ᠎ᠠ ᠰᠠᠳᠣᠨ ᠨᠢ ᠠᠯᠣᠰ ᠬᠤᠯᠠ ᠶᠠᠪᠣᠬᠤ ᠥᠶ᠎ᠡ ᠳᠤ ᠪᠠᠰᠠ ᠰᠠᠭᠠᠯᠢ ᠶᠢᠨ ᠠᠷᠢᠬᠢ ᠠᠮᠰᠠᠭᠤᠯᠣᠨ ᠰᠠᠭᠠᠳ ᠥᠭᠡᠢ ᠰᠠᠶᠢᠨ ᠶᠠᠪᠣᠬᠤ ᠶᠢ ᠪᠡᠯᠭᠡᠳᠡᠳᠡᠭ ᠪᠠᠶᠢᠨ᠎ᠠ᠃         ᠨᠢᠭᠡ᠂ ᠲᠡᠣᠭᠡ ᠶᠢᠨ ᠰᠣᠷᠪᠣᠯᠵᠢ᠃ ᠮᠣᠩᠭᠤᠯᠴᠣᠳ ᠤᠨ ᠴᠠᠭᠠᠨ ᠢᠳᠡᠭᠡ ᠪᠣᠯᠪᠠᠰᠣᠷᠠᠭᠤᠯᠵᠣ ᠠᠰᠢᠭᠯᠠᠭᠰᠠᠨ ᠲᠡᠣᠭᠡ ᠶᠢ ᠡᠷᠳᠡᠨ ᠤ ᠮᠣᠩᠭᠤᠯᠴᠣᠳ ᠤᠨ ᠮᠠᠯ ᠠᠵᠣ ᠠᠬᠤᠢ ᠶᠢ ᠡᠷᠬᠢᠯᠡᠬᠦ ᠪᠣᠯᠣᠭᠰᠠᠨ ᠥᠶ᠎ᠡ ᠠᠴᠠ ᠡᠬᠢᠯᠡᠭᠰᠡᠨ ᠭᠡᠵᠣ ᠥᠵᠡᠬᠦ ᠭᠡᠷᠡᠭᠳᠡᠢ ᠶᠤᠮ᠃ ᠡᠷᠳᠡᠨ ᠤ ᠮᠣᠩᠭᠤᠯ ᠠᠶᠢᠮᠠᠭ ᠣᠢ ᠰᠢᠭᠤᠢ ᠠᠴᠠ ᠠᠩᠬᠢᠵᠢᠷᠠᠵᠣ ᠣᠰᠣ ᠪᠡᠯᠴᠢᠭᠡᠷ ᠰᠠᠶᠢᠳᠠᠢ ᠭᠡᠷᠥᠯᠥᠨ᠂ ᠲᠣᠣᠯᠠ᠂ ᠣᠨᠣᠨ ᠭᠤᠷᠪᠠᠨ ᠭᠤᠣᠯ ᠤᠨ ᠬᠥᠪᠡᠭᠡᠨ ᠤ ᠲᠠᠯ᠎ᠠ ᠨᠣᠳᠤᠭ ᠲᠤ ᠨᠣᠳᠣᠭᠯᠠᠭᠰᠠᠨ ᠠᠴᠠ ᠬᠤᠶᠢᠰᠢ ᠮᠠᠯ  ᠠᠵᠣ ᠠᠬᠤᠢ ᠥᠳᠳᠡᠷ ᠲᠥᠷᠭᠡᠨ ᠬᠥᠭᠵᠢᠵᠡᠢ᠃ ᠡᠷᠳᠡᠨ ᠤ ᠥᠶ᠎ᠡ ᠶᠢᠨ ᠮᠣᠩᠭᠤᠯᠴᠣᠳ ᠤᠨ ᠨᠡᠬᠦᠳᠡᠯ ᠮᠠᠯᠵᠢᠯ ᠨᠢ ᠭᠤᠣᠯᠳᠠᠭᠤ ᠮᠠᠯ ᠮᠠᠯᠵᠢᠨ ᠠᠪᠠ ᠬᠢᠵᠣ ᠠᠮᠢᠳᠣᠷᠠᠳᠠᠭ ᠪᠠᠶᠢᠭᠰᠠᠨ ᠪᠣᠯᠪᠠᠴᠣ ᠮᠠᠯ ᠠᠵᠣ ᠠᠬᠤᠢ ᠶᠢᠨ ᠰᠠᠭᠤᠷᠢ ᠨᠢ ᠪᠣᠯᠵᠣ ᠪᠠᠶᠢᠵᠠᠢ᠃ ᠲᠠᠪᠤᠨ ᠬᠤᠰᠢᠭᠤ ᠮᠠᠯ ᠤᠨ ᠳᠤᠳᠤᠷ᠎ᠠ ᠠᠳᠣᠭᠤ ᠪᠣᠯ ᠡᠷᠳᠡᠨ ᠤ ᠮᠣᠩᠭᠤᠯᠴᠣᠳ ᠤᠨ ᠭᠤᠣᠯ ᠬᠥᠷᠥᠩᠭᠡ ᠨᠢ ᠪᠣᠯᠵᠣ᠂ ᠠᠳᠣᠭᠤ ᠪᠠᠨ ᠲᠡᠳᠡ ᠪᠣᠰᠣᠳ ᠮᠠᠯ ᠠᠴᠠ ᠡᠷᠬᠢᠮ ᠳᠤ ᠥᠵᠡᠳᠡᠭ ᠪᠠᠶᠢᠪᠠ᠃ ᠮᠣᠷᠢ ᠥᠭᠡᠢ ᠪᠣᠯ ᠭᠡᠭᠡᠷ᠎ᠡ ᠨᠣᠳᠤᠭ ᠤᠨ ᠮᠠᠯ ᠠᠵᠣ ᠠᠬᠤᠢ ᠶᠢ ᠡᠵᠡᠩᠨᠡᠬᠦ ᠶᠢᠨ ᠠᠷᠭ᠎ᠠ ᠥᠭᠡᠢ ᠶᠤᠮ᠃ ᠠᠳᠣᠭᠤ ᠨᠢ ᠮᠣᠩᠭᠤᠯᠴᠣᠳ ᠤᠨ ᠵᠠᠮ ᠬᠠᠷᠢᠯᠴᠠᠭᠠᠨ ᠤ ᠪᠠᠭᠠᠵᠢ  ᠪᠠ ᠣᠶᠢᠯᠡᠳᠪᠣᠷᠢᠯᠡᠯ ᠤᠨ ᠪᠠᠭᠠᠵᠢ ᠪᠣᠯᠳᠠᠭ ᠪᠥᠭᠡᠳ ᠲᠠᠶᠢᠨ ᠪᠠ ᠠᠪᠠ ᠳᠤ ᠭᠡᠷᠡᠭᠯᠡᠳᠡᠭ ᠠᠴᠠ ᠭᠠᠳᠠᠨ᠎ᠠ ᠪᠠᠰᠠ ᠰᠥ ᠴᠡᠭᠡ ᠪᠠᠷ ᠨᠢ ᠣᠮᠳᠠ ᠪᠣᠯᠭᠠᠵᠣ ᠮᠢᠬ᠎ᠠ ᠪᠠᠷ ᠢᠳᠡᠰᠢ ᠬᠢᠳᠡᠭ᠂ ᠠᠷᠠᠰᠣ ᠲᠡᠯ ᠢᠶᠠᠷ ᠨᠢ ᠮᠠᠯ ᠠᠵᠣ ᠠᠬᠤᠢ ᠶᠢᠨ ᠣᠶᠢᠯᠡᠳᠪᠣᠷᠢᠯᠡᠯ ᠤᠨ ᠭᠡᠷᠡᠭᠴᠡᠭᠡ ᠶᠢ ᠬᠠᠩᠭᠠᠳᠠᠭ ᠪᠠᠶᠢᠯ᠎ᠠ᠃ ᠲᠠᠪᠣᠨ ᠬᠤᠰᠢᠭᠤ ᠮᠠᠯ ᠤᠨ ᠮᠢᠬ᠎ᠠ ᠪᠠᠷ ᠪᠥᠷ ᠢᠳᠡᠭᠡᠨ ᠪᠣᠯᠭᠠᠵᠣ ᠮᠢᠬ᠎ᠠ ᠶᠢ ᠨᠢ ᠴᠢᠨᠠᠵᠣ ᠢᠳᠡᠬᠦ ᠪᠣᠶᠣ ᠰᠢᠷᠠᠵᠣ ᠢᠳᠡᠳᠡᠭ ᠪᠣᠯᠪᠠᠴᠣ ᠴᠠᠭᠠᠨ ᠢᠳᠡᠭᠡ ᠪᠠᠷ ᠮᠥᠨ ᠴᠤ ᠭᠤᠣᠯ ᠢᠳᠡᠭᠡᠨ ᠤ ᠪᠠᠨ ᠨᠢᠭᠡ ᠵᠦᠢᠯ ᠪᠣᠯᠭᠠᠵᠣ ᠢᠷᠡᠪᠡ᠃ ᠮᠠᠯ ᠠᠵᠣ ᠠᠬᠤᠢ ᠬᠥᠭᠵᠢᠬᠦ ᠶᠢ ᠳᠠᠭᠠᠯᠳᠣᠨ᠂ ᠡᠷᠳᠡᠨ ᠤ ᠮᠣᠩᠭᠤᠯᠴᠣᠳ ᠶᠠᠪᠣᠬᠤ ᠲᠣᠳᠣᠮ ᠮᠠᠯ ᠤᠨ ᠠᠰᠢᠭ ᠰᠢᠮ᠎ᠡ ᠶᠢ ᠥᠷᠭᠡᠨ ᠢᠶᠠᠷ ᠭᠡᠷᠡᠭᠯᠡᠬᠦ ᠪᠣᠯᠪᠠ᠃ ᠰᠥᠩ ᠤᠯᠤᠰ ᠤᠨ ᠲᠡᠤᠬᠡᠴᠢᠨ ᠹᠠᠨᠭ᠌ ᠳ᠋ᠠ ᠶᠠ ᠶᠢᠨ ᠪᠢᠴᠢᠭᠰᠡᠨ ︽ᠮᠤᠩᠭᠤᠯ ᠲᠠᠲ᠋ᠠᠷ ᠤᠨ ᠲᠤᠬᠠᠢ ᠪᠥᠷᠢᠨ ᠲᠡᠮᠳᠡᠭᠯᠡᠯ︾ ᠬᠡᠳᠡᠭ ᠨᠤᠮ ᠳᠤ᠄ ︽ᠲᠡᠳᠡᠨ ᠤ ᠠᠮᠢᠳᠤᠷᠠᠯ ᠬᠡᠪᠡᠯ ᠵᠥᠪᠬᠡᠨ ᠬᠡᠬᠦᠤ ᠶᠢᠨ ᠰᠥ ᠶᠢ ᠤᠤᠭᠤᠵᠤ  ᠥᠯᠥᠰᠬᠦ ᠤᠮᠳᠠᠭᠠᠰᠬᠤ ᠪᠠᠨ ᠬᠠᠩᠭᠠᠨ᠎ᠠ᠃ ᠪᠠᠷᠤᠭ ᠨᠢᠬᠡ ᠬᠡᠬᠦᠤ ᠶᠢᠨ ᠰᠥ ᠪᠠᠷ ᠭᠤᠷᠪᠠᠨ ᠬᠥᠮᠤᠨ ᠢ ᠴᠠᠳᠬᠠᠵᠤ ᠴᠢᠳᠠᠮᠤᠢ᠂ ᠤᠷᠤᠨ ᠭᠠᠷᠤᠨ ᠬᠡᠬᠦᠤ ᠶᠢᠨ ᠰᠥ ᠤᠤᠭᠤᠬᠤ ᠪᠠ ᠬᠤᠨᠢ ᠠᠯᠠᠰᠢᠯᠠᠵᠤ ᠢᠳᠡᠰᠢ ᠪᠤᠯᠭᠠᠨ᠎ᠠ︾ ᠬᠡᠵᠤ ᠪᠢᠴᠢᠭᠰᠡᠨ ᠪᠠᠶᠢᠳᠠᠭ᠃         ᠬᠤᠪᠢᠯᠠᠢ ᠰᠡᠴᠡᠨ ᠤ ᠵᠤᠰᠠᠯᠠᠩ ᠤᠨ ᠤᠷᠳᠤᠨ ᠱᠠᠩᠳᠥ ᠶᠢᠨ ᠬᠠᠪᠢ ᠳᠤ ᠲᠤᠰᠬᠠᠶᠢᠯᠠᠨ ᠬᠠᠭᠠᠨ ᠢᠵᠠᠭᠤᠷᠳᠠᠨ ᠤ ᠤᠤᠭᠤᠬᠤ ᠴᠡᠭᠡ ᠶᠢ ᠬᠠᠩᠭᠠᠬᠤ ︽ᠥᠴᠥᠬᠡᠨ ᠴᠤ ᠥᠩᠬᠡ ᠬᠤᠯᠢᠴᠠᠭ᠎ᠠ ᠥᠬᠡᠢ᠂ ᠡᠬᠡᠬᠡ ᠨᠢᠬᠡᠯ᠎ᠡ ᠵᠢᠰᠤᠮ ᠤᠨ ᠴᠤᠯ ᠴᠠᠭᠠᠨ ᠲᠤᠮᠤ ᠰᠥᠷᠥᠭ ᠠᠳᠤᠭᠤ ᠲᠠᠢ ᠁ ᠵᠥᠪᠬᠡᠨ ᠬᠡᠬᠦᠤ ᠨᠢ ᠲᠥᠮᠡ ᠭᠠᠷᠤᠢ ᠪᠠᠶᠢᠳᠠᠭ︾ ᠬᠡᠵᠤ ᠢᠲ᠋ᠠᠯᠢ ᠶᠢᠨ ᠠᠯᠳᠠᠷᠳᠥ ᠵᠢᠭᠤᠯᠴᠢᠨ ᠮᠠᠷᠺᠦ ᠫᠤᠯᠤ ᠶᠢᠨ ᠲᠡᠮᠳᠡᠭᠯᠡᠯ ᠳᠤ ᠪᠠᠶᠢᠳᠠᠭ᠃ ᠲᠡᠷᠡ ᠲᠤᠬᠠᠢ ᠶᠢᠨ ᠥᠶ᠎ᠡ ᠶᠢᠨ ᠮᠤᠩᠭᠤᠯᠴᠤᠳ ᠤᠨ ᠴᠠᠭᠠᠨ ᠢᠳᠡᠬᠡᠨ ᠤ ᠲᠤᠬᠠᠢ ᠲᠡᠮᠳᠡᠭᠯᠡᠬᠦ ᠳᠡᠭᠡᠨ ᠪᠠᠰᠠ᠄ ︽ᠲᠠᠲ᠋ᠠᠷ ᠪᠤᠯ ᠬᠡᠬᠦᠤ ᠶᠢᠨ ᠴᠡᠭᠡ ᠶᠢ ᠤᠤᠭᠤᠳᠠᠭ ᠶᠤᠮ ᠁ ᠲᠡᠳᠡ ᠨᠠᠷ ᠤᠮᠳᠠ ᠶᠢᠨ ᠰᠥ ᠠᠭᠤᠯᠬᠤ ᠬᠤᠶᠠᠷ ᠠᠷᠠᠰᠤᠨ ᠲᠤᠯᠤᠮ ᠠᠪᠴᠤ ᠶᠠᠪᠤᠳᠠᠭ᠂ ᠪᠠᠰᠠ ᠠᠭᠰᠢᠭᠠᠵᠤ ᠬᠠᠳᠠᠭᠠᠭᠰᠠᠨ ᠨᠠᠭᠠᠯᠳᠠ ᠰᠢᠬ ᠰᠥᠨ ᠤ ᠲᠠᠯᠬ᠎ᠠ ᠠᠪᠴᠤ ᠶᠠᠪᠤᠳᠠᠭ ᠶᠤᠮ᠂ ᠲᠡᠬᠦᠨ ᠢ ᠲᠤᠤᠷᠠᠬᠢ ᠮᠡᠳᠥ ᠠᠷᠭ᠎ᠠ ᠪᠠᠷ ᠬᠢᠳᠡᠭ ᠪᠠᠶᠢᠨ᠎ᠠ᠃ ᠤᠷᠢᠳ ᠢᠶᠠᠷ ᠰᠥ ᠪᠠᠨ ᠬᠥᠬᠡᠷᠥᠬᠦᠯᠵᠤ ᠲᠡᠬᠡᠷ᠎ᠡ ᠨᠢ ᠪᠥᠷᠬᠦᠭᠰᠡᠨ ᠥᠷᠥᠮ᠎ᠡ ᠶᠢ ᠨᠢ ᠠᠪᠴᠤ ᠰᠢᠷ᠎ᠠ ᠲᠤᠰᠤ ᠪᠤᠯᠭᠠᠨ᠎ᠠ᠃ ᠥᠷᠥᠮ᠎ᠡ ᠲᠠᠢ ᠪᠠᠨ ᠪᠠᠶᠢᠪᠠᠯ ᠰᠥ ᠬᠠᠳᠠᠳᠠᠭ ᠥᠬᠡᠢ ᠤᠴᠢᠷ ᠠᠴᠠ ᠢᠩᠬᠢᠳᠡᠭ ᠶᠤᠮ᠃ ᠢᠩᠬᠢᠭᠰᠡᠨ ᠤ ᠪᠠᠨ ᠲᠠᠷᠠᠭ᠎ᠠ ᠰᠠᠶ᠋ᠢ ᠰᠥ ᠪᠠᠨ ᠨᠠᠷᠠᠨ ᠳᠤ ᠡᠬᠡᠬᠡᠵᠤ ᠬᠠᠳᠠᠭᠠᠳᠠᠭ ᠶᠤᠮ᠃ ᠠᠶᠠᠨ ᠲᠠᠶᠢᠨ ᠳᠤ ᠮᠤᠷᠳᠠᠬᠤ ᠥᠶ᠎ᠡ ᠳᠤ ᠡᠶᠢᠮᠥᠷᠬᠦᠤ ᠰᠥᠨ ᠤ ᠲᠠᠯᠬ᠎ᠠ ᠶᠢ ᠠᠷᠪᠠᠨ ᠹᠥᠨᠲ ᠬᠢᠷᠢᠳᠡᠢ ᠠᠪᠴᠤ ᠭᠠᠷᠭᠠᠭᠠᠳ ᠠᠷᠢᠬᠢᠨ ᠪᠤᠳᠤᠩ ᠬᠡᠮᠡᠷ ᠪᠢᠴᠢᠬᠠᠨ ᠠᠷᠠᠰᠤᠨ ᠲᠤᠯᠤᠮ ᠳᠤ ᠪᠡᠶ᠎ᠡ ᠲᠡᠭᠡᠨ ᠠᠪᠴᠤ ᠶᠠᠪᠤᠭ᠎ᠠ ᠤᠰᠤᠨ ᠤ ᠬᠠᠮᠳᠤ ᠬᠤᠯᠢᠵᠤ ᠬᠢᠳᠡᠭ᠃ ᠢᠡᠭᠬᠢᠵᠤ ᠬᠢᠬᠦᠯᠡᠷ ᠨᠢ ᠮᠤᠷᠢ ᠪᠠᠷ ᠠᠶᠠᠯᠠᠵᠤ ᠶᠠᠪᠤᠬᠤ ᠵᠠᠭᠤᠷ᠎ᠠ ᠰᠠᠵᠢᠯᠠᠵᠤ  ᠴᠠᠯᠬᠢᠯᠠᠭᠰᠠᠭᠠᠷ ᠬᠠᠶᠢᠯᠵᠤ ᠠᠭᠤᠰᠳᠠᠭ᠃ ᠲᠡᠬᠡᠭᠰᠡᠨ ᠤ ᠬᠤᠶᠢᠨ᠎ᠠ ᠰᠠᠶ᠋ᠢ ᠤᠤᠭᠤᠳᠠᠭ ᠶᠤᠮ︾ ᠬᠡᠵᠡᠢ᠃ ᠮᠢᠩ ᠤᠯᠤᠰ ᠤᠨ ᠰᠢᠶᠤᠤ ᠳ᠋ᠠ ᠡᠾᠸᠡᠭ ︽ᠮᠤᠩᠭᠤᠯ ᠤᠨ ᠵᠠᠩ ᠰᠤᠷᠳᠠᠬᠤᠨ ᠤ ᠲᠡᠮᠳᠡᠭᠯᠡᠯ︾ ᠳᠡᠭᠡᠨ ︽ᠵᠤᠴᠢᠳ ᠢ ᠶᠠᠭᠤᠨ ᠤ ᠡᠮᠥᠨ᠎ᠡ ᠰᠥ ᠲᠠᠢ ᠴᠠᠢ᠂ ᠰᠢᠷ᠎ᠠ ᠲᠤᠰᠤ ᠪᠠᠷ ᠲᠠᠶᠢᠯᠠᠭᠠᠳ᠂ ᠲᠠᠷᠠᠭ᠎ᠠ ᠪᠠᠷ ᠨᠢ ᠠᠷᠢᠬᠢ ᠮᠢᠬ᠎ᠠ ᠶᠢᠨ ᠵᠥᠢᠯ ᠢ ᠭᠠᠷᠭᠠᠵᠤ ᠢᠷᠡᠨ᠎ᠡ ᠁ ᠰᠥ ᠪᠠᠷ ᠭᠤᠯᠢᠷ ᠨᠤᠬᠤᠵᠤ ᠢᠳᠡᠬᠦ ᠪᠥᠬᠡᠳ ᠬᠠᠭᠤᠷᠬᠤ ᠬᠠᠭᠠᠷᠢᠬᠤ ᠶᠢᠨ ᠵᠥᠢᠯ ᠢ ᠮᠡᠳᠡᠬᠦ ᠥᠬᠡᠢ᠂ ᠠᠷᠢᠬᠢ ᠶᠢᠨ ᠨᠠᠷ᠎ᠠ ᠲᠥᠷᠥᠯ ᠨᠢ ᠲᠤᠩ ᠤᠯᠠᠨ ᠪᠤᠯᠪᠠᠴᠤ ᠶᠡᠭᠡ ᠲᠥᠯᠥᠪ ᠴᠥᠮ ᠰᠥ ᠪᠠᠷ ᠨᠡᠷᠡᠳᠡᠭ᠃ ᠰᠠᠶᠢᠨ ᠠᠷᠢᠬᠢ ᠶᠢ ᠬᠡᠳᠥᠬᠡᠨ ᠬᠤᠨᠳᠠᠭ᠎ᠠ ᠤᠤᠭᠤᠪᠠᠯ ᠱᠠᠯ ᠰᠤᠭᠳᠤᠬᠤ ᠪᠤᠯᠤᠨ᠎ᠠ᠃ ᠠᠷᠢᠭᠢ ᠶᠢ ᠠᠷᠠᠰᠤᠨ ᠤᠭᠤᠳᠠᠨ ᠳᠤ ᠬᠢᠵᠤ ᠲᠠᠯᠪᠢᠳᠠᠭ᠂ ᠡᠨᠡ ᠠᠷᠢᠬᠢ ᠶᠢ ᠡᠬᠢᠨ ᠳᠡᠭᠡᠨ ᠰᠥ ᠪᠠᠷ ᠨᠡᠷᠡᠬᠡᠳ᠂ ᠲᠠᠷᠠᠭ᠎ᠠ ᠪᠠᠷ ᠠᠩᠬ᠎ᠠ ᠨᠡᠷᠡᠭᠰᠡᠨ ᠢᠶᠠᠨ ᠬᠠᠷᠢᠭᠤᠯᠵᠤ ᠨᠡᠷᠡᠳᠡᠭ᠂ ᠭᠤᠷᠪᠠᠨᠳᠠ ᠲᠥᠷᠪᠠᠨᠳᠡ ᠬᠠᠷᠢᠭᠤᠯᠤᠬᠰᠠᠨ ᠠᠷᠢᠬᠢ ᠨᠢ ᠲᠤᠩ ᠬᠥᠴᠥᠳᠡᠢ ᠪᠤᠯᠤᠨ᠎ᠠ᠃ ᠥᠨᠢᠶ᠎ᠡ ᠬᠤᠨᠢᠨ ᠤ ᠰᠥ ᠪᠠᠷ ᠲᠤᠰᠤ ᠠᠭᠠᠷᠤᠤᠯ ᠬᠤᠷᠤᠳ ᠠᠯᠢᠨ ᠢ ᠴᠤ ᠬᠢᠨ᠎ᠡ︾ ᠬᠡᠵᠡᠢ᠃        ᠡᠬᠦᠨᠴᠡ ᠥᠵᠡᠬᠦ ᠳᠤ᠂ ᠶᠤᠸᠠᠨ᠂ ᠮᠢᠩ ᠤᠯᠤᠰ ᠤᠨ ᠥᠶ᠎ᠡ ᠳᠤ ᠮᠤᠩᠭᠤᠯ ᠤᠷᠤᠨ ᠤ ᠴᠠᠭᠠᠨ ᠢᠳᠡᠬᠡᠨ ᠤ ᠲᠥᠷᠥᠯ ᠵᠥᠢᠯ ᠨᠢ ᠤᠯᠠᠰᠢᠷᠠᠭᠰᠠᠨ ᠪᠥᠬᠡᠳ ᠪᠤᠯᠪᠠᠰᠤᠷᠠᠭᠤᠯᠬᠤ ᠨᠢ ᠴᠤ ᠤᠯᠠᠮ ᠨᠠᠷᠢᠯᠢᠭ ᠪᠤᠯᠵᠤ ᠢᠷᠡᠭᠰᠡᠨ ᠨᠢ ᠢᠯᠡᠷᠬᠡᠢ ᠪᠠᠶᠢᠨ᠎ᠠ᠃ ᠢᠯᠠᠩᠭᠤᠶ᠎ᠠ ᠴᠢᠩ ᠤᠯᠤᠰ ᠤᠨ ᠥᠶ᠎ᠡ ᠳᠤ ᠴᠠᠬᠠᠷ ᠤᠨ ᠵᠠᠷᠢᠮ ᠬᠤᠰᠢᠭᠤ ᠨᠢ ᠬᠠᠭᠠᠨ ᠤ ᠤᠷᠳᠤᠨ ᠤ ᠬᠡᠷᠡᠭᠯᠡᠬᠦ ᠴᠠᠭᠠᠨ ᠢᠳᠡᠭᠡ ᠶᠢ ᠪᠤᠯᠪᠠᠰᠤᠷᠭᠤᠯᠵᠤ ᠪᠠᠶᠢᠭᠰᠠᠨ ᠶᠤᠮ᠃ ︽ᠴᠠᠭᠠᠨ ᠬᠤᠷᠣᠳ︾ ᠭᠡᠳᠡᠭ ᠪᠣᠯ ᠲᠣᠬᠠᠢ ᠶᠢᠨ ᠥᠶ᠎ᠡ ᠳᠤ ᠲᠣᠰᠬᠠᠶᠢᠯᠠᠨ ᠬᠠᠭᠠᠨ ᠤ ᠭᠡᠷᠡᠭᠯᠡᠬᠦ ᠳᠤ ᠪᠡᠯᠡᠳᠭᠡᠵᠣ ᠥᠭᠳᠡᠭ ᠨᠢᠭᠡᠨ ᠵᠦᠢᠯ ᠤᠨ ᠲᠡᠭᠡᠳᠣ ᠵᠡᠷᠭᠡ ᠶᠢᠨ ᠴᠠᠭᠠᠨ ᠢᠳᠡᠭᠡ ᠪᠠᠶᠢᠵᠠᠢ᠃ ᠴᠢᠩ ᠣᠯᠣᠰ ᠤᠨ ᠥᠶ᠎ᠡ ᠳᠤ᠂ ᠴᠠᠭᠠᠨ ᠢᠳᠡᠭᠡᠨ ᠤ ᠲᠣᠳᠣᠷ᠎ᠠ ᠠᠴᠠ ᠥᠭᠡᠷᠴᠢᠨ ᠤ ᠬᠢᠳᠡᠭ ᠴᠠᠭᠠᠨ ᠬᠤᠷᠣᠳ ᠨᠢ ᠬᠠᠭᠠᠨ ᠳᠤ ᠶᠡᠭᠡᠯ᠎ᠡ ᠲᠣᠭᠤᠭᠳᠠᠭᠰᠠᠨ ᠲᠣᠯᠠ ︽ᠡᠵᠡᠨ ᠬᠠᠭᠠᠨ ᠤ ᠵᠣᠭᠤᠭ ᠲᠤ ᠣᠷᠣᠬᠤ ᠴᠠᠭᠠᠨ ᠬᠤᠷᠣᠳ ᠢ ᠲᠣᠰᠬᠠᠢ ᠬᠢᠵᠣ ᠵᠢᠯ ᠪᠥᠷᠢ ᠶᠢᠨ ᠵᠣᠨ ᠨᠠᠮᠣᠷ ᠤᠨ ᠣᠯᠠᠷᠢᠯ ᠢᠶᠠᠷ ᠬᠠᠭᠠᠨ ᠤ ᠣᠷᠳᠣᠨ ᠳᠤ ᠬᠥᠷᠭᠡᠬᠦ ᠭᠡᠷᠡᠭᠳᠡᠢ︾ ᠭᠡᠵᠣ ᠵᠠᠷᠯᠢᠭ ᠪᠣᠯᠵᠠᠢ᠃ ᠵᠠᠷᠯᠢᠭ ᠢ ᠬᠥᠯᠢᠶᠡᠭᠰᠡᠨ ᠥᠭᠡᠷᠴᠢᠨ ᠰᠥᠷᠥᠭ ᠰᠥᠮ᠎ᠡ ᠶᠢᠨ ᠭᠡᠯᠪᠡᠷᠢ ᠲᠠᠢ ᠨᠢᠭᠡᠨ ᠳᠠᠪᠬᠤᠷ ᠪᠠᠭ᠎ᠠ ᠠᠰᠠᠷ ᠪᠠᠶᠢᠭᠤᠯᠵᠣ ᠬᠠᠷᠢᠶᠠᠳᠣ ᠨᠠᠷ ᠠᠴᠠ ᠪᠠᠨ ᠬᠠᠷ᠎ᠠ ᠥᠨᠢᠶᠡᠨ ᠰᠥ ᠶᠢ ᠳᠠᠳᠠᠪᠣᠷᠢᠯᠡᠨ ᠴᠠᠭᠠᠨ ᠬᠤᠷᠣᠳ ᠢ ᠣᠶᠢᠯᠡᠳᠪᠣᠷᠢᠯᠡᠬᠦ ᠪᠣᠯᠪᠠ᠃ ᠡᠬᠦᠨ ᠢ ᠬᠢᠬᠦ ᠳᠤ ᠡᠷᠡᠭᠳᠡᠢ ᠬᠥᠮᠥᠨ ᠥᠪᠴᠢ ᠴᠠᠭᠠᠨ ᠬᠤᠪᠴᠠᠰᠣ ᠡᠮᠥᠰᠴᠣ ᠠᠮᠠᠪᠴᠢ ᠵᠡᠬᠦᠵᠣ ᠠᠷᠢᠭᠤᠨ ᠴᠡᠪᠡᠷ ᠬᠢᠭᠡᠳ ᠵᠢᠯ ᠪᠥᠷᠢ ᠶᠢᠨ ᠵᠣᠨ ᠨᠠᠮᠣᠷ ᠤᠨ ᠣᠯᠠᠷᠢᠯ ᠳᠤ ᠬᠠᠭᠠᠨ ᠤ ᠣᠷᠳᠣᠨ᠎ᠠ ᠬᠥᠷᠭᠡᠳᠡᠭ ᠪᠣᠯᠵᠠᠢ᠃ ︽ᠴᠠᠭᠠᠨ ᠬᠤᠷᠣᠳ︾ ᠬᠢᠳᠡᠭ ᠠᠰᠠᠷ ᠤᠨ ᠡᠬᠦᠳᠠ ᠶᠢ ᠨᠢ ᠭᠡᠳᠣᠨ ᠳᠠᠪᠬᠤᠷ ᠣᠨᠢᠰᠣᠯᠠᠵᠣ᠂ ᠲᠣᠰᠬᠠᠶᠢᠯᠠᠨ ᠲᠥᠯᠬᠢᠬᠦᠷ ᠬᠠᠮᠢᠶᠠᠷᠣᠭᠴᠢ ᠬᠤᠶᠠᠷ ᠬᠥᠮᠥᠨ ᠢ ᠲᠣᠮᠢᠯᠠᠨ ᠳᠠᠯᠪᠢᠳᠠᠭ᠃ ᠲᠡᠭᠡᠭᠡᠳ ᠲᠥᠯᠬᠢᠬᠦᠷ ᠪᠠᠷᠢᠭᠴᠢ ᠢᠷᠡᠪᠡᠯ ᠰᠠᠶ᠋ᠢ ᠡᠬᠦᠳᠠ ᠶᠢ ᠨᠡᠭᠡᠭᠡᠵᠣ ᠪᠣᠯᠳᠠᠭ ᠭᠡᠨ᠎ᠡ᠃ ᠬᠠᠮᠢᠶᠠᠷᠣᠭᠴᠢ ᠪᠠ  ᠣᠶᠢᠯᠡᠳᠪᠣᠷᠢᠯᠡᠭᠴᠢ ᠠᠴᠠ ᠪᠣᠰᠣᠳ ᠬᠥᠮᠥᠨ ᠢ ᠶᠡᠷᠣ ᠣᠷᠣᠭᠤᠯᠳᠠᠭ ᠥᠭᠡᠢ ᠪᠠᠶᠢᠵᠠᠢ᠃ ᠴᠢᠩ ᠣᠯᠣᠰ ᠤᠨ ᠡ᠊ᠩᠭᠡ ᠠᠮᠣᠭᠤᠯᠠᠩ ᠡᠵᠡᠨ ᠲᠣᠭᠤᠷᠢᠨ ᠥᠵᠡᠬᠦ ᠶᠢᠨ ᠲᠣᠮᠳᠠ ᠬᠥᠪᠡᠭᠡᠳᠣ ᠰᠢᠷ᠎ᠠ ᠶᠢᠨ ᠥᠭᠡᠷᠴᠢᠨ ᠤ ︽ᠴᠠᠭᠠᠨ ᠬᠤᠷᠣᠳ︾ ᠬᠢᠵᠣ ᠪᠠᠶᠢᠭ᠎ᠠ ᠪᠠᠶᠢᠳᠠᠯ ᠢ ᠥᠵᠡᠭᠡᠳ ᠲᠡᠬᠦᠨ ᠤ ᠲᠡᠷᠭᠡᠳᠠ ᠨᠢᠭᠡᠨ ᠰᠥᠮ᠎ᠡ  ᠪᠠᠶᠢᠭᠤᠯᠵᠣ ᠥᠭᠬᠦ ᠵᠠᠷᠯᠢᠭ ᠪᠠᠭᠤᠯᠭᠠᠭᠰᠠᠨ ᠲᠣᠯᠠ ᠳᠠᠷᠣᠢ ᠪᠣᠷᠣ ᠶᠢᠨ ᠰᠥᠮ᠎ᠡ ᠶᠢ ᠪᠠᠶᠢᠭᠤᠯᠵᠣ ᠭᠡᠨ᠎ᠡ᠂ ᠢᠩᠬᠢᠭᠡᠳ ᠪᠣᠷᠣ ᠶᠢᠨ ᠰᠥᠮ᠎ᠡ ᠨᠢ ᠴᠠᠭᠠᠨ ᠬᠤᠷᠣᠳ ᠪᠣᠯᠪᠠᠰᠣᠷᠠᠭᠤᠯᠳᠠᠭ ᠰᠠᠭᠤᠷᠢᠨ ᠭᠠᠵᠠᠷ ᠪᠣᠯᠵᠠᠢ᠃         ᠬᠤᠶᠠᠷ᠂ ᠴᠠᠭᠠᠨ ᠢᠳᠡᠭᠡᠨ ᠤ ᠲᠥᠷᠥᠯ ᠵᠦᠢᠯ ᠪᠠ ᠠᠰᠢᠭᠯᠠᠯᠳᠠ᠃ ᠡᠯ᠎ᠡ ᠭᠠᠵᠠᠷ ᠤᠨ ᠮᠠᠯᠴᠢᠳ ᠤᠨ ᠠᠳᠠᠯᠢ ᠪᠣᠰᠣ ᠠᠮᠢᠳᠣᠷᠠᠯ ᠤᠨ ᠨᠥᠬᠦᠴᠡᠯ ᠠᠴᠠ ᠪᠣᠯᠵᠣ ᠴᠠᠭᠠᠨ ᠢᠳᠡᠭᠡ  ᠪᠣᠯᠪᠠᠰᠣᠷᠠᠭᠤᠯᠬᠤ ᠠᠷᠭ᠎ᠠ ᠵᠣᠷᠰᠢᠯ ᠨᠢ ᠴᠦ ᠠᠳᠠᠯᠢ ᠪᠣᠰᠣ ᠪᠠᠶᠢᠳᠠᠭ᠃ ᠵᠠᠷᠢᠮ ᠨᠢ ᠰᠥ ᠪᠠᠨ ᠡᠭᠡᠳᠡᠬᠦᠯᠵᠣ ᠵᠥᠭᠡᠭᠡᠢ ᠶᠢ ᠨᠢ ᠬᠠᠮᠤᠷᠤᠨ ᠠᠪᠴᠣ ᠰᠢᠷ᠎ᠠ ᠲᠣᠰᠣ ᠬᠢᠬᠦ ᠳᠤ ᠰᠥ ᠪᠠᠷ ᠨᠢ ᠬᠥᠴᠢᠯᠢᠭ ᠬᠤᠷᠣᠳ ᠬᠢᠳᠡᠭ᠂ ᠡᠰᠡᠬᠦᠯ᠎ᠡ ᠰᠥ ᠪᠠᠨ ᠠᠶᠢᠷᠠᠭᠯᠠᠨ ᠪᠥᠯᠢᠵᠣ ᠲᠣᠰᠣ ᠶᠢ ᠨᠢ ᠣᠨᠠᠭᠠᠨ ᠠᠪᠴᠣ ᠠᠷᠢᠬᠢ ᠨᠡᠷᠡᠭᠡᠳ ᠬᠥᠴᠢᠯᠢᠭ ᠬᠤᠷᠣᠳ ᠬᠢᠳᠡᠭ ᠪᠠᠶᠢᠨ᠎ᠠ᠃ ᠮᠣᠩᠭᠤᠯ ᠥᠨᠳᠥᠰᠥᠳᠡᠨ ᠤ ᠴᠠᠭᠠᠨ ᠢᠳᠡᠭᠡᠨ ᠤ ᠲᠥᠷᠥᠯ ᠵᠦᠢᠯ ᠮᠠᠰᠢ ᠣᠯᠠᠨ ᠪᠠᠶᠢᠳᠠᠭ᠃ ᠴᠠᠭᠠᠨ ᠢᠳᠡᠭᠡ ᠶᠢ ᠶᠡᠷᠥᠩᠭᠡᠢ ᠳᠤ ᠨᠢ ᠢᠳᠡᠭᠡᠨ ᠤ ᠲᠥᠷᠥᠯ ᠪᠠ ᠣᠮᠳᠠᠭᠠᠨ ᠤ ᠲᠥᠷᠥᠯ ᠭᠡᠵᠣ ᠬᠤᠶᠠᠷ ᠬᠤᠪᠢᠶᠠᠵᠣ ᠪᠣᠯᠣᠨ᠎ᠠ᠂ ᠡᠬᠦᠨ ᠳᠤ ᠣᠮᠳᠠᠭᠠᠨ ᠤ ᠵᠦᠢᠯ ᠳᠤ ᠣᠭᠤᠷᠠᠭ᠂ ᠰᠥ᠂ ᠢᠰᠭᠡ᠂ ᠴᠡᠭᠡ᠂ ᠡᠭᠡᠳᠡᠮᠡᠭ᠂ ᠠᠶᠢᠷᠠᠭ᠂ ᠳᠠᠷᠠᠭ᠂ ᠠᠭᠠᠷᠴᠠ᠂ ᠬᠤᠭᠤᠷᠮᠠᠭ ᠪᠠ ᠠᠷᠢᠬᠢᠨ ᠤ ᠵᠦᠢᠯ ᠪᠠᠭᠳᠠᠨ᠎ᠠ᠂ ᠢᠳᠡᠭᠡᠨ ᠤ ᠲᠥᠷᠥᠯ ᠳᠤ ᠠᠭᠠᠷᠣᠣᠯ᠂ ᠬᠤᠷᠣᠳ᠂  ᠪᠢᠰᠢᠯᠠᠭ᠂ ᠥᠷᠥᠮ᠎ᠡ᠂ ᠰᠢᠷ᠎ᠠ ᠲᠣᠰᠣ᠂ ᠵᠥᠭᠡᠭᠡᠢ᠂ ᠴᠥᠴᠥᠭᠡᠢ᠂ ᠴᠠᠭᠠᠨ ᠬᠤᠷᠣᠳ ᠵᠡᠷᠭᠡ ᠪᠠᠭᠳᠠᠨ᠎ᠠ᠃ ᠴᠠᠭᠠᠨ ᠢᠳᠡᠭᠡᠨ ᠤ ᠥᠨᠳᠥᠰᠥᠨ ᠲᠥᠬᠦᠭᠡᠢ ᠮᠠᠲ᠋ᠧᠷᠢᠶᠠᠯ ᠨᠢ ᠳᠠᠷᠣᠢ ᠰᠥ ᠪᠣᠯᠣᠨ᠎ᠠ᠃ ᠡᠬᠦᠨ ᠳᠤ ᠥᠨᠢᠶᠡᠨ ᠤ ᠰᠥ ᠶᠢᠨ ᠭᠡᠷᠡᠭᠴᠡᠭᠡ ᠨᠢ ᠬᠠᠮᠤᠭ ᠤᠨ ᠥᠷᠭᠡᠨ ᠪᠠᠶᠢᠳᠠᠭ ᠪᠥᠭᠡᠳ ᠬᠤᠨᠢ ᠢᠮᠠᠭ᠎ᠠ ᠲᠡᠮᠡᠭᠡᠨ ᠤ ᠰᠥ ᠴᠦ ᠮᠥᠨ ᠠᠳᠠᠯᠢ ᠭᠡᠷᠡᠭᠴᠡᠭᠡ ᠲᠠᠢ ᠪᠠᠶᠢᠳᠠᠭ᠂ ᠭᠡᠬᠦᠣ ᠶᠢᠨ ᠰᠥ ᠪᠠᠷ ᠵᠥᠪᠭᠡᠨ ᠴᠡᠭᠡ ᠢᠰᠭᠡᠬᠦ ᠪᠥᠭᠡᠳ ᠠᠷᠢᠬᠢ ᠨᠡᠷᠡᠳᠡᠭ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号