ᠬᠡᠤᠬᠡᠳ ᠢᠶᠠᠨ ᠰᠤᠷᠭᠠᠬᠤ ᠴᠡᠭᠡᠷ
ᠨᠡᠶᠢᠲᠡᠯᠡᠭᠰᠡᠨ ᠴᠠᠭ᠄
2019/11/27
ᠬᠡᠦᠬᠡᠳ ︵ᠬᠦᠮᠥᠨ︶ ᠢ ᠮᠠᠷᠢᠶ᠎ᠠ ᠲᠠᠢ ᠬᠡᠵᠦ ᠬᠡᠯᠡᠲᠡᠭ ᠠᠴᠠ ᠪᠢᠰᠢ ᠳᠠᠷᠭᠤᠨ ᠬᠡᠵᠦ ᠬᠡᠯᠡᠲᠡᠭ ᠦᠬᠡᠢ᠃ ᠬᠡᠦᠬᠡᠳ ᠤᠨ ᠬᠤᠪᠴᠠᠰᠤ ᠬᠤᠨᠠᠷ ᠢ ᠭᠠᠳᠠᠨ᠎ᠠ ᠬᠤᠨᠤᠭᠤᠯᠳᠠᠭ ᠦᠬᠡᠢ᠃ ᠰᠦᠨᠢ ᠬᠡᠦᠬᠡᠳ ᠢ ᠭᠠᠳᠠᠨ᠎ᠠ ᠠᠴᠠ ᠨᠡᠷᠡᠯᠡᠨ ᠳᠠᠭᠤᠳᠠᠳᠠᠭ ᠦᠬᠡᠢ᠃ ᠬᠡᠦᠬᠡᠳ ᠢ ᠠᠬᠠᠰ ᠵᠠᠬᠠᠰ ᠢᠶᠠᠨ ᠳᠠᠭᠠᠵᠤ ᠠᠷᠭᠠᠯ ᠲᠦᠯᠡᠭᠡ ᠠᠪᠬᠤ ᠪᠠ ᠬᠤᠷᠠᠭ᠎ᠠ ᠳᠤᠭᠤᠯ ᠡᠷᠬᠢᠬᠦᠯᠬᠦ᠂ ᠡᠪᠡᠰᠦ ᠲᠦᠯᠡᠭᠡ ᠤᠶᠢᠷᠠᠳᠤᠭᠤᠯᠬᠤ ᠪᠤᠶᠤ ᠭᠠᠯ ᠳᠤᠭᠤᠭᠠᠨ ᠳᠤ ᠬᠠᠮᠵᠢᠭᠤᠯᠬᠤ᠂ ᠠᠯᠵᠠᠭᠤᠷᠠᠵᠤ ᠰᠠᠭᠤᠪᠠᠯ ᠠᠯᠨ ᠳᠤᠳᠤᠷ᠎ᠠ ᠴᠢᠨᠢ ᠶᠡᠷ᠎ᠠ ᠭᠠᠷᠤᠨ᠎ᠠ ᠰᠢᠦ ᠁ ᠬᠡᠬᠦᠴᠢᠯᠡᠨ ᠬᠦᠲᠡᠯᠮᠥᠷᠢ ᠳᠤ ᠰᠤᠷᠭᠠᠵᠤ ᠪᠤᠯᠪᠠᠰᠤᠷᠠᠭᠤᠯᠳᠠᠭ᠃ ᠶᠠᠮᠠᠷ ᠨᠢᠬᠡᠨ ᠠᠵᠢᠯ ᠬᠦᠲᠡᠯᠮᠥᠷᠢ ᠳᠤ ᠪᠤᠯᠪᠠᠰᠤᠷᠠᠭᠤᠯᠬᠤ ᠳᠠᠭᠠᠨ ᠡᠮᠬᠢ ᠳᠠᠷᠠᠭ᠎ᠠ ᠲᠠᠢ ᠪᠦᠬᠡᠳ ᠶᠤᠰᠤ ᠭᠤᠷᠢᠮ ᠲᠠᠢ ᠬᠢᠬᠦ ᠶᠢ ᠵᠢᠭᠠᠵᠤ ᠰᠤᠷᠭᠠᠳᠠᠭ᠃ ᠭᠠᠵᠠᠷ ᠪᠤᠶᠤ ᠬᠦᠷᠢᠶ᠎ᠡ ᠬᠠᠰᠢᠶ᠎ᠠ ᠱᠦᠬᠦᠷᠳᠡᠬᠦ ᠪᠠᠷ ᠦᠯᠢᠭᠡᠷᠯᠡᠪᠡᠯ᠂ ᠠᠬᠠᠮᠠᠳ ᠳᠠᠯ᠎ᠠ ᠠᠴᠠ ᠨᠢ ᠳᠤᠷᠤᠭᠰᠢ ᠡᠬᠦᠲᠡ ᠵᠦᠭ ᠳᠠᠷᠤᠵᠤ ᠱᠦᠬᠦᠷᠲᠡᠲᠡᠭ᠂ ᠡᠰᠡᠷᠬᠦ ᠪᠠᠷ᠂ ᠡᠲᠦᠵᠦ ᠱᠦᠬᠦᠷᠲᠡᠭᠡᠳ ᠪᠤᠳᠠᠷᠠᠭᠤᠯᠵᠤ ᠮᠠᠨᠠᠷᠠᠭᠤᠯᠬᠤ ᠶᠢ ᠲᠡᠪᠴᠢᠲᠡᠭ᠃ ᠠᠷᠭᠠᠯ ᠲᠥᠯᠡᠭᠡ ᠠᠪᠬᠤ ᠳᠠᠭᠠᠨ ᠠᠰᠬᠠᠵᠤ ᠭᠤᠭᠤᠵᠢᠭᠤᠯᠬᠤ ᠶᠢ ᠲᠡᠪᠴᠢᠲᠡᠭ᠃ ᠡᠨᠡ ᠠᠵᠢᠯ ᠢ ᠬᠡᠨ ᠬᠢᠪᠡ︖ ᠭᠡᠵᠦ ᠠᠰᠠᠭᠤᠳᠠᠭ ᠶᠣᠮ ᠰᠢᠦ ᠬᠡᠵᠦ ᠶᠠᠮᠠᠷ ᠨᠢᠭᠡ ᠠᠵᠢᠯ ᠢ ᠵᠠᠪᠠᠯ ᠰᠠᠶᠢᠨ ᠰᠠᠶᠢᠬᠠᠨ ᠬᠢᠬᠦ ᠳᠤ ᠵᠠᠩᠰᠢᠭᠤᠯᠳᠠᠭ᠃ ᠡᠷᠲᠡ ᠪᠤᠰᠪᠠᠯ ᠨᠢᠬᠡ ᠶᠢ ᠦᠵᠡᠨ᠎ᠡ᠂ ᠣᠷᠤᠢ ᠤᠨᠳᠠᠪᠠᠯ ᠨᠢᠭᠡ ᠶᠢ ᠰᠤᠨᠤᠰᠤᠨ᠎ᠠ ᠭᠡᠵᠦ ᠪᠤᠰᠴᠤ ᠤᠨᠳᠠᠬᠤ ᠵᠦᠪ ᠳᠠᠳᠬᠠᠯ ᠳᠤ ᠵᠠᠩᠰᠢᠭᠤᠯᠳᠠᠭ᠃ ᠬᠡᠦᠬᠡᠳ ᠨᠠᠶᠢᠳᠠᠭᠠᠪᠠᠯ ᠬᠢᠮᠤᠷᠠᠬᠤ ᠭᠡᠵᠦ ᠪᠤᠢ ᠭᠡᠮᠡᠨ ︽ᠪᠤᠷᠬᠠᠨ ᠦᠷᠦᠰᠢᠶᠡ᠂ ᠪᠤᠭᠳᠠ ᠦᠷᠦᠰᠢᠶᠡ︾ ᠬᠡᠵᠦ ᠬᠢᠮᠤᠷᠠᠭ᠎ᠠ ᠠᠴᠠ ᠵᠠᠶᠢᠯᠠᠭᠤᠯᠬᠤ ᠪᠠᠷ ᠳᠠᠭᠠᠳᠬᠠᠳᠠᠭ᠃ ᠬᠡᠦᠬᠡᠳ ᠤᠨ ᠤᠷᠤᠭᠤᠯ ᠠᠮᠨ ᠭᠡᠮᠲᠦᠪᠡᠯ ᠰᠠᠮ ᠤᠨ ᠳᠤᠬᠤ ᠶᠢ ᠭᠠᠯ ᠤᠨ ᠨᠤᠷᠮ᠎ᠠ ᠳᠤ ᠭᠤᠯᠤᠮᠳᠠᠵᠤ ᠪᠠᠶᠢᠭᠠᠳ ︽ᠣᠮ ᠪᠤᠯ᠂ ᠳᠤᠮ ᠪᠤᠯ᠂ ᠣᠳᠤ ᠪᠠᠷ ᠢᠶᠠᠨ ᠰᠠᠶᠢᠨ ᠪᠤᠯ︕︾ ᠬᠡᠵᠦ ᠳᠤᠮᠨᠠᠵᠤ ᠦᠭᠲᠡᠭ ᠪᠦᠬᠡᠳ ᠪᠠᠯ ᠲᠠᠢ ᠤᠰᠤ ᠤᠤᠭᠤᠯᠭᠠᠳᠠᠭ᠃ ᠬᠦᠵᠦᠬᠦᠦ ᠨᠢ ᠭᠠᠵᠢᠪᠠᠯ ᠬᠦᠪᠦᠷ ᠢᠶᠠᠷ ᠬᠦᠪᠦᠷᠲᠡᠨ ︽ᠳᠤᠮ ᠪᠤᠯ᠂ ᠣᠮ ᠪᠤᠯ᠂ ᠳᠤᠤᠷ᠎ᠠ ᠪᠠᠨ ᠰᠠᠶᠢᠨ ᠪᠤᠯ︾ ᠬᠡᠵᠦ ᠳᠤᠮᠨᠠᠵᠤ ᠦᠭᠲᠡᠭ᠃ ᠬᠠᠭᠠᠷᠢᠭᠤᠯ ᠬᠤᠷᠤᠬᠠᠢ ᠬᠠᠭᠠᠷᠢᠪᠠᠯ ᠬᠠᠭᠠᠷᠢᠭᠰᠠᠨ ᠭᠠᠵᠠᠷ ᠲᠤᠨᠢ ᠵᠢᠶᠠᠩ ᠲᠦᠷᠬᠢᠵᠦ ᠦᠭᠲᠡᠭ᠃ ᠬᠡᠦᠬᠡᠳ ᠠᠶᠤᠵᠤ ᠰᠤᠴᠢᠪᠠᠯ ︽ᠮᠢᠨᠤ ᠁ ᠢᠷ᠎ᠡ︾ ᠬᠡᠵᠦ ᠳᠠᠭᠤᠳᠠᠬᠤ ᠶᠢᠨ ᠳᠠᠭᠠᠤ ᠠᠶᠤᠵᠤ ᠰᠤᠴᠢᠭᠰᠠᠨ ᠲᠡᠷᠨ ᠤᠷᠤᠨ ᠳᠤᠨᠢ ᠰᠢᠭᠡᠯᠭᠡᠵᠦ᠂ ᠰᠦᠨᠢ ᠤᠨᠳᠠᠭᠰᠠᠨ ᠳᠠᠷᠤᠢ ᠡᠵᠢ ᠨᠢ ᠭᠡᠵᠢᠬᠡ ᠶᠢᠨ ᠦᠵᠦᠬᠦᠷ ᠢᠶᠠᠷ ᠢᠶᠠᠨ ᠰᠠᠬᠢᠭᠤᠰᠤ ᠶᠢ ᠨᠢ ᠳᠠᠭᠤᠳᠠᠵᠤ ᠦᠭᠲᠡᠭ᠃ ᠬᠡᠦᠬᠡᠳ ᠤᠨᠠᠵᠤ ᠳᠤᠰᠪᠠᠯ ᠲᠡᠷᠨ ᠤᠷᠤᠨ ᠳᠤᠨᠢ ᠰᠢᠭᠡᠯᠭᠡᠲᠡᠭ᠃ ᠬᠡᠦᠬᠡᠳ ᠢᠷ ᠮᠥᠷᠦ ᠲᠠᠢ ᠡᠳ᠋ ᠢᠶᠠᠷ ᠨᠠᠭᠠᠳᠴᠤ ᠮᠢᠬ᠎ᠠ ᠪᠠᠨ ᠡᠰᠭᠡᠬᠦ ᠪᠤᠶᠤ ᠵᠤᠯᠭᠠᠯᠠᠪᠠᠯ ᠡᠰᠬᠡᠵᠦ ᠵᠤᠯᠭᠠᠯᠠᠭᠰᠠᠨ ᠰᠢᠷᠬ᠎ᠠ ᠲᠡᠭᠡᠷ᠎ᠡ ᠨᠢ ᠰᠢᠭᠡᠯᠭᠡᠲᠡᠭ᠃ ᠬᠡᠦᠬᠡᠳ ᠤᠨ ᠭᠡᠲᠡᠰᠦ ᠨᠢ ᠡᠪᠡᠳᠪᠡᠯ ᠰᠢᠷ᠎ᠠ ᠳᠤᠰᠤ ᠬᠠᠯᠠᠭᠠᠵᠤ ᠤᠤᠭᠤᠯᠭᠠᠳᠠᠭ᠃ ᠨᠢᠯᠬ᠎ᠠ ᠬᠡᠦᠬᠡᠳ ᠤᠨ ᠨᠢᠲᠦ ᠨᠢ ᠨᠤᠤᠬᠠᠳᠤᠬᠤ ᠪᠤᠶᠤ ᠡᠪᠡᠳᠪᠡᠯ ᠡᠬᠡ ᠨᠢ ᠨᠢᠲᠦᠨ ᠳᠤᠨᠢ ᠰᠦ ᠪᠠᠨ ᠰᠠᠭᠠᠵᠤ ᠦᠭᠲᠡᠭ᠃ ᠬᠡᠦᠬᠡᠳ ᠤᠨ ᠪᠦᠬᠡ ᠪᠤᠯᠬᠤ ᠶᠢ ᠪᠡᠯᠭᠡᠲᠡᠵᠦ ᠬᠠᠭᠤᠴᠢᠨ ᠬᠤᠪᠴᠠᠰᠤ ᠡᠮᠥᠰᠭᠡᠬᠦ ᠶᠢ ᠡᠷᠬᠢᠮᠯᠡᠲᠡᠭ᠃ ᠬᠡᠦᠬᠡᠳ ᠵᠡᠬᠦᠲᠦ ᠪᠠᠷ ᠢᠶᠠᠨ ᠤᠬᠢᠯᠠᠪᠠᠯ ᠦᠨᠦᠰᠴᠦ ᠦᠬᠦᠭᠡᠷᠲᠡᠵᠦ ᠰᠡᠷᠡᠭᠡᠲᠡᠭ᠃  ᠬᠡᠦᠬᠡᠳ ᠤᠨ ᠤᠷᠤᠭᠤᠯ ᠬᠤᠩᠰᠢᠶᠠᠷ ᠲᠡᠭᠡᠷ᠎ᠡ ᠨᠠᠮᠤᠰᠤ ᠭᠠᠷᠪᠠᠯ ᠠᠮᠢ ᠬᠤᠷᠤᠭᠠᠭᠰᠠᠨ ᠬᠦᠮᠥᠨ ᠢᠶᠠᠷ ᠳᠤᠮᠨᠠᠭᠤᠯᠳᠠᠭ᠃ ᠬᠡᠦᠬᠡᠳ ᠰᠠᠷ᠎ᠠ ᠲᠦᠬᠦᠷᠦᠭᠰᠡᠨ ᠦᠬᠡᠢ ᠪᠠᠷ ᠭᠡᠭᠡᠭᠲᠡᠪᠡᠯ ᠵᠠᠪᠠᠯ ᠨᠡᠷ᠎ᠡ ᠦᠭᠲᠡᠭ᠂ ᠦᠭᠡᠢ ᠪᠤᠯ ᠨᠢᠯᠬᠠᠰ ︵ᠴᠢᠳᠬᠦᠷ ᠰᠢᠮᠨᠤ︶ ᠪᠤᠯᠤᠨ᠎ᠠ ᠭᠡᠲᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号