ᠪᠢᠮᠪᠠ ᠶᠢᠨ ᠷᠢᠨᠴᠢᠨ ᠤ ᠨᠠᠮᠳᠠᠷ
ᠨᠡᠶᠢᠲᠡᠯᠡᠭᠰᠡᠨ ᠴᠠᠭ᠄
2019-11-05
ᠪᠢᠮᠪᠠ ᠶᠢᠨ ᠷᠢᠨᠴᠢᠨ ( 1905-1975) ᠬᠢᠶᠠᠭᠳᠣ ᠳᠤ ᠲᠦᠷᠦᠪᠠ᠃ ᠲᠣᠯᠣᠭᠠᠨ ᠨᠠᠰᠣᠨ ᠠᠴᠠ ᠪᠠᠨ ᠮᠣᠩᠭᠤᠯ ᠪᠢᠴᠢᠭ ᠰᠣᠷᠴᠣ ᠶᠢᠰᠦᠨ ᠨᠠᠰᠣᠨ ᠠᠴᠠ ᠪᠠᠨ ᠣᠷᠣᠰ ᠪᠢᠴᠢᠭ ᠰᠣᠷᠣᠭᠠᠳ᠂ ᠰᠡᠭᠦᠯᠡᠷ ᠨᠢ ᠯᠧᠨᠢᠩᠭᠷᠠᠳ᠋ ᠬᠤᠳᠠ ᠶᠢᠨ ᠲᠣᠷᠣᠨᠠᠳᠠᠬᠢᠨ ᠤ ᠰᠣᠳᠣᠯᠣᠯ ᠤᠨ ᠲᠡᠭᠡᠳᠣ ᠰᠣᠷᠭᠠᠭᠤᠯᠢ ᠳᠤ ᠰᠣᠷᠣᠯᠴᠠᠪᠠ᠃ ᠪ᠊᠂ ᠷᠢᠨᠴᠢᠨ ᠡᠨᠡ ᠦᠶ᠎ᠡ ᠠᠴᠠ ᠢᠶᠠᠨ ᠵᠣᠬᠢᠶᠠᠯ ᠪᠦᠲᠦᠭᠡᠯ ᠢᠶᠠᠨ ᠡᠬᠢᠯᠡᠭᠰᠡᠨ ᠶᠣᠮ᠃ ᠡᠬᠦᠨ ᠳᠤ ᠰᠢᠯᠦᠭ᠂ ᠨᠠᠶᠢᠷᠠᠭᠤᠯᠣᠯ᠂ ᠦᠬᠦᠯᠡᠯᠭᠡ᠂ ᠵᠦᠴᠦᠭᠡ᠂ ᠷᠣᠮᠠᠨ ᠴᠦᠮ ᠪᠠᠶᠢᠭ᠎ᠠ ᠪᠦᠭᠡᠳ ᠲᠡᠣᠬᠡ ᠶᠢᠨ ᠰᠡᠳᠣᠪᠳᠣ ᠦᠬᠦᠯᠡᠯᠭᠡ ᠣᠯᠠᠨ ᠪᠠᠶᠢᠵᠦ᠂ ᠲᠡᠣᠬᠡ ᠶᠢᠨ ᠰᠡᠳᠣᠪ ᠢᠶᠠᠷ ᠪᠢᠴᠢᠭᠰᠡᠳ ᠤᠨ ᠲᠦᠯᠦᠭᠡᠯᠡᠭᠴᠢ ᠪᠣᠯᠵᠦ ᠪᠠᠶᠢᠵᠡᠢ᠃ ︽ᠦᠷ ᠤᠨ ᠲᠣᠶᠠᠭ᠎ᠠ︾ ( 3 ᠪᠣᠳᠢ ) ᠪᠣᠯ ᠪ᠊᠂ ᠷᠢᠨᠴᠢᠨ ᠤ ᠲᠦᠯᠦᠭᠡᠯᠡᠭᠴᠢ ᠪᠦᠲᠦᠭᠡᠯ ᠪᠣᠯᠬᠤ ᠮᠦᠷᠲᠡᠭᠡᠨ ᠮᠦᠨ ᠴᠣ᠋ ᠮᠣᠩᠭᠤᠯ ᠤᠨ ᠰᠢᠨ᠎ᠠ ᠣᠷᠠᠨ ᠵᠣᠬᠢᠶᠠᠯ ᠤᠨ ᠠᠤᠭ᠎ᠠ ᠠᠮᠵᠢᠯᠳᠠ ᠶᠢ ᠦᠵᠡᠬᠦᠯᠦᠭᠰᠡᠨ ᠣᠣᠭᠠᠨ ᠲᠣᠮᠦ ᠵᠣᠬᠢᠶᠠᠯ ᠪᠣᠯᠬᠤ ᠶᠣᠮ᠃ ᠡᠷᠳᠡᠮ ᠰᠢᠨᠵᠢᠯᠡᠭᠡᠨ ᠤ ᠲᠠᠯ᠎ᠠ ᠪᠠᠷ ᠪ᠊᠂ ᠷᠢᠨᠴᠢᠨ ᠬᠡᠳᠣᠨ ᠠᠷᠪᠠᠨ ᠵᠢᠯ ᠵᠢᠳᠬᠦᠵᠦ ᠯᠣᠳᠣ ᠶᠡᠭᠡ ᠠᠮᠵᠢᠯᠳᠠ ᠣᠯᠪᠠ᠃ ︽ᠮᠣᠩᠭᠤᠯ ᠪᠢᠴᠢᠭ ᠤᠨ ᠬᠡᠯᠡᠨ ᠤ ᠵᠦᠢ︾ ᠲᠦᠷᠪᠡᠨ ᠪᠣᠳᠢ ᠶᠢ ᠲᠣᠭᠤᠷᠪᠢᠪᠠ᠃ ᠪ᠊᠂ ᠷᠢᠨᠴᠢᠨ ᠪᠣᠯ ᠣᠣᠯ ᠤᠨ ᠪᠦᠬᠦᠳᠡ ᠨᠠᠶᠢᠷᠠᠮᠳᠠᠬᠤ ᠮᠣᠩᠭᠤᠯ ᠠᠷᠠᠳ ᠣᠯᠣᠰ ᠤᠨ ᠰᠢᠨᠵᠢᠯᠡᠬᠦ ᠣᠬᠠᠭᠠᠨ ᠤ ᠠᠺᠠᠳᠧᠮᠢᠴᠢ ᠶᠣᠮ᠃ ᠲᠡᠯᠡᠬᠡᠢ ᠳ᠋ᠠᠬᠢᠨ ᠳᠤ ᠶᠡᠭᠡ ᠬᠦᠭᠵᠢᠭᠰᠡᠨ ᠠᠯᠳᠠᠢ ᠢᠵᠠᠭᠤᠷ ᠬᠡᠯᠡᠨ ᠤ ᠰᠣᠳᠣᠯᠣᠯ ᠤᠨ ᠭᠠᠷᠮᠠᠭᠠᠢ ᠡᠷᠳᠡᠮᠳᠡᠨ ᠳᠤ ᠣᠯᠭᠤᠬᠤ ᠣᠯᠠᠨ ᠣᠯᠣᠰ ᠤᠨ ᠮᠧᠳᠠᠯ ᠢ ᠬᠦᠷᠳᠡᠵᠡᠢ᠃ 1955 ᠣᠨ ᠳᠤ ᠪ᠊᠂ ᠷᠢᠨᠴᠢᠨ ᠬᠠᠩᠭᠠᠷᠢ ᠶᠢᠨ ᠨᠠᠶᠢᠰᠯᠠᠯ ᠪᠦᠳᠡᠫᠧᠰᠲ ᠲᠤ ᠣᠴᠢᠵᠦ ᠰᠢᠨᠵᠢᠯᠡᠬᠦ ᠣᠬᠠᠭᠠᠨ ᠤ ᠬᠦᠷᠢᠶᠡᠯᠡᠩ ᠳᠤ ᠨᠢ ᠨᠣᠮ ᠬᠠᠶᠠᠯᠴᠠᠨ ᠬᠡᠯᠡᠨ ᠤ ᠰᠢᠨᠵᠢᠯᠡᠬᠦ ᠣᠬᠠᠭᠠᠨ ᠤ ᠳ᠋ᠣᠺᠲ᠋ᠣᠷ ᠴᠣᠯᠨ ᠬᠠᠮᠠᠭᠠᠯᠠᠪᠠ᠃ ᠡᠨᠡ ᠨᠢ ᠣᠯᠣᠰ ᠣᠷᠣᠨ ᠳᠠᠭᠠᠨ ᠠᠪᠴᠣ ᠢᠷᠡᠭᠰᠡᠨ ᠠᠩᠬᠠᠨ ᠤ ᠴᠣᠯᠨ ᠪᠢᠯᠨ᠃ ᠪ᠊᠂ ᠷᠢᠨᠴᠢᠨ ᠪᠣᠯ ᠶᠡᠭᠡ ᠵᠣᠬᠢᠶᠠᠯᠴᠢ᠂ ᠬᠡᠯᠡᠨ ᠤ ᠰᠢᠨᠵᠢᠯᠡᠯ ᠤᠨ ᠡᠷᠳᠡᠮᠳᠡᠨ ᠢᠶᠠᠷ ᠪᠠᠷᠠᠬᠤ ᠦᠬᠡᠢ᠂ ᠪᠠᠰᠨ ᠨᠡᠷᠡᠳᠣ ᠰᠡᠳᠬᠦᠯᠴᠢ᠂ ᠣᠷᠴᠢᠭᠤᠯᠣᠭᠴᠢ ᠶᠣᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号