︽ᠰᠥᠮᠪᠥᠷ ᠠᠭᠤᠯᠠ ᠶᠢ ᠳᠣᠪᠤ ᠲᠡᠳᠦᠢ ᠪᠠᠶᠢᠬᠤ ᠳᠤ᠂ ᠰᠦᠨ ᠳᠠᠯᠠᠢ ᠶᠢ ᠱᠠᠯᠪᠠᠭ ᠲᠡᠳᠦᠢ ᠪᠠᠶᠢᠬᠤ ᠳᠤ︾ ᠭᠡᠳᠡᠭ ᠤᠨ ᠤᠴᠢᠷ
ᠨᠡᠶᠢᠲᠡᠯᠡᠭᠰᠡᠨ ᠴᠠᠭ᠄
2019-11-05
ᠮᠣᠩᠭᠤᠯ ᠪᠥᠭᠡ ᠨᠠᠷ ᠬᠥᠷᠥᠰᠥᠲᠦ ᠳᠡᠯᠡᠬᠡᠢ ᠶᠢ ᠠᠩᠬ᠎ᠠ ᠡᠭᠦᠰᠦᠭᠰᠡᠨ ᠤ ᠪᠠᠨ ᠳᠠᠷᠠᠭ᠎ᠠ ᠥᠴᠥᠬᠡᠨ ᠵᠢᠵᠢᠭ ᠪᠠᠶᠢᠭᠠᠳ ᠭᠠᠳᠠᠷᠭᠤ ᠳᠤᠨᠢ ᠬᠤᠮᠠᠬᠢ ᠶᠢᠨ ᠲᠣᠭᠤᠰᠣ ᠪᠦᠷᠬᠦᠵᠦ᠂ ᠤᠯᠠᠮ ᠬᠥᠷᠥᠰᠥᠵᠢᠨ ᠲᠣᠮᠣᠷᠠᠭᠰᠠᠭᠠᠷ᠂ ᠡᠳᠦᠭᠡ ᠬᠦᠷᠦᠭᠰᠡᠨ ᠪᠥᠭᠡᠳ ᠬᠥᠷᠥᠰᠥᠲᠦ ᠳᠡᠯᠡᠬᠡᠢ ᠶᠢ ᠲᠣᠮᠣᠷᠠᠵᠤ ᠪᠠᠶᠢᠬᠤ ᠶᠠᠪᠤᠴᠠ ᠳᠤᠮᠳᠠᠭᠤᠷ ᠤᠷᠭᠤᠮᠠᠯ᠂ ᠠᠮᠢᠲᠠᠨ᠂ ᠠᠭᠤᠯᠠ᠂ ᠤᠰᠤ ︵ᠳᠠᠯᠠᠢ︶ ᠨᠢᠭᠡᠨ ᠠᠳᠠᠯᠢ ᠲᠣᠮᠣᠷᠠᠵᠤ᠂ ᠥᠰᠴᠦ ᠬᠥᠭᠵᠢᠭᠰᠡᠨ ᠭᠡᠳᠡᠭ ᠬᠡᠮᠡᠨ ᠦᠵᠡᠳᠡᠭ ᠤᠴᠢᠷ ᠠᠴᠠ ᠪᠥᠭᠡ ᠶᠢᠨ ᠱᠠᠰᠢᠨ ᠤ ᠭᠠᠯ ᠲᠠᠬᠢᠬᠤ ᠶᠣᠰᠣᠯᠠᠯ ᠤᠨ ᠳᠠᠭᠤᠳᠠᠯᠭᠠᠨ ᠳᠤ᠄ ︽ᠳᠡᠭᠡᠷᠡᠬᠢ ᠮᠥᠩᠬᠡ ᠲᠡᠭᠷᠢ ᠶᠢ ᠳᠡᠪᠰᠢ ᠶᠢᠨ ᠲᠡᠳᠦᠶᠢᠬᠡᠨ ᠪᠦᠬᠦᠢ ᠠᠴᠠ ᠳᠣᠣᠷᠠᠬᠢ ᠡᠲᠦᠭᠡᠨ ᠡᠬᠡ ᠶᠢ ᠥᠯᠮᠡᠢ ᠶᠢᠨ ᠴᠢᠨᠡᠭᠡᠬᠡᠨ ᠪᠦᠬᠦᠢ ᠠᠴᠠ ᠰᠦᠨ ᠳᠠᠯᠠᠢ ᠶᠢ ᠱᠠᠯᠴᠢᠢᠭ ᠪᠦᠬᠦᠢ ᠠᠴᠠ ᠥᠭᠡᠳᠡ ᠵᠠᠶᠠᠭᠠᠭᠰᠠᠨ ᠭᠠᠯ᠂ ᠭᠠᠯᠠᠶᠢᠬᠠᠨ ᠳᠤ ᠡᠵᠢ ᠳᠡᠭᠡᠨ ᠥᠭᠡᠬᠦᠨ ᠲᠣᠰᠣ ᠶᠢ ᠡᠷᠭᠦᠨᠡᠮ ᠪᠢᠯᠡ ᠁︾ ᠭᠡᠬᠦ ᠮᠡᠲᠦ ᠪᠠᠷ ᠲᠡᠭᠷᠢ ᠡᠴᠢᠭᠡ ᠶᠢ ᠳᠡᠪᠰᠢ ᠲᠠᠪᠠᠭ ᠤᠨ ᠲᠡᠳᠦᠢ᠂ ᠳᠡᠯᠡᠬᠡᠢ ᠡᠵᠢ ᠶᠢ ᠳᠥᠩᠭᠡᠵᠢ ᠥᠯᠮᠡᠢ ᠲᠡᠳᠦᠢ᠂ ᠰᠥᠮᠪᠥᠷ ᠠᠭᠤᠯᠠ ᠶᠢ ᠳᠣᠪᠤ ᠰᠦᠨ ᠳᠠᠯᠠᠢ ᠶᠢ ᠱᠠᠯᠪᠠᠭ ᠲᠡᠳᠦᠶᠢᠬᠡᠨ ᠪᠠᠶᠢᠬᠤ ᠴᠠᠭ ᠠᠴᠠ ᠥᠭᠡᠳᠡ ᠵᠠᠶᠠᠭᠠᠭᠰᠠᠨ ᠭᠠᠯ ᠤᠨ ᠲᠡᠭᠷᠢ ᠡᠵᠢ ᠳᠡᠭᠡᠨ ᠬᠥᠬᠡ ᠲᠣᠰᠣ ᠪᠠᠨ ᠡᠷᠭᠦᠭᠰᠡᠭᠡᠷ ᠢᠷᠡᠭᠰᠡᠨ ᠪᠢᠯᠡ ᠬᠡᠮᠡᠨ ᠳᠤᠷᠠᠳᠤᠭᠰᠠᠨ ᠪᠠᠶᠢᠨ᠎ᠠ᠃ ᠪᠠᠰᠠ ᠪᠥᠭᠡ ᠨᠠᠷ ᠤᠨ ᠡᠷᠲᠡ ᠪᠠᠯᠠᠷ ᠴᠠᠭ ᠤᠨ ᠲᠥᠷᠬᠦ ᠪᠠᠶᠢᠳᠠᠯ ᠢ ᠲᠣᠶᠢᠮᠣᠴᠢᠯᠠᠨ ᠳᠦᠷᠰᠦᠯᠡᠬᠦ ᠳᠡᠭᠡᠨ᠄ ︽ᠰᠦᠨ ᠳᠠᠯᠠᠢ ᠶᠢ ᠱᠠᠯᠴᠢᠢᠭ ᠪᠠᠶᠢᠬᠤ ᠳᠤ ᠰᠥᠮᠪᠥᠷ ᠠᠭᠤᠯᠠ ᠶᠢ ᠬᠥᠪᠡᠭᠡ ᠪᠠᠶᠢᠬᠤ ᠳᠤ ᠵᠠᠬ᠎ᠠ ᠶᠢᠨ ᠮᠣᠳᠣ ᠶᠢ ᠵᠤᠯᠵᠠᠭ᠎ᠠ ᠪᠠᠶᠢᠬᠤ ᠳᠤ ᠵᠠᠭᠠᠯ ᠪᠤᠭᠤ ᠶᠢ ᠢᠨᠵᠠᠭ᠎ᠠ ᠪᠠᠶᠢᠬᠤ ᠳᠤ ᠽᠠᠮᠪᠤᠲᠢᠪ ᠢ ᠰᠢᠪᠢᠷ ᠪᠠᠶᠢᠬᠤ ᠳᠤ ᠳᠠᠶᠠᠩ ᠳᠡᠭᠡᠷᠡᠬᠢ ᠶᠢ ᠪᠠᠨᠳᠢ ᠪᠠᠶᠢᠬᠤ ᠳᠤ ᠁︾ ᠭᠡᠵᠦ ᠬᠡᠯᠡᠭᠰᠡᠨ ᠴᠦ ᠪᠣᠢ᠃ ᠡᠨᠡ ᠪᠦᠬᠦᠨ ᠠᠴᠠ ᠦᠵᠡᠬᠦ ᠳᠤ ᠰᠥᠮᠪᠥᠷ ᠠᠭᠤᠯᠠ᠂ ᠰᠦᠨ ᠳᠠᠯᠠᠢ ᠭᠡᠳᠡᠭ ᠨᠢ ᠭᠠᠵᠠᠷ ᠤᠰᠤ ᠶᠢ ᠲᠣᠮᠢᠶᠠᠯᠠᠭᠰᠠᠨ ᠮᠣᠩᠭᠤᠯ ᠪᠥᠭᠡ ᠨᠠᠷ ᠤᠨ ᠲᠣᠮᠢᠶᠠᠯᠠᠯ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号