| | ᠣᠵᠠᠭᠤᠷ ᠲᠤ ᠠᠭᠤᠵᠢᠮ ᠮᠣᠩᠭᠤᠯ ᠨᠣᠳᠤᠭ ᠲᠤ ᠠᠳᠣᠭᠤᠴᠢᠨ ᠠᠪᠤ ᠶᠢᠨ ᠬᠦᠦ᠂ ᠬᠤᠨᠢᠴᠢᠨ ᠡᠵᠢ ᠶᠢᠨ ᠬᠦᠦ | ᠬᠡᠵᠦ ᠬᠤᠶᠠᠷ ᠬᠦᠪᠡᠬᠦᠨ ᠪᠠᠶᠢᠵᠡᠢ᠃ ᠨᠢᠭᠡᠨ ᠡᠳᠦᠷ ᠭᠤᠣᠯ ᠤᠨ ᠵᠠᠬ᠎ᠠ ᠲᠡᠭᠡᠷ᠎ᠡ ᠠᠳᠣᠭᠤᠴᠢᠨ ᠤ ᠬᠦᠪᠡᠬᠦᠨ | ᠲᠣᠭᠤᠭ᠎ᠠ ᠪᠠᠨ ᠣᠴᠣᠭᠯᠠᠭᠠᠳ ᠴᠠᠢ ᠴᠢᠨᠠᠵᠦ ᠪᠠᠶᠢᠬᠤ ᠲᠡᠭᠡᠷ᠎ᠡ ᠨᠢ ᠬᠤᠨᠢᠴᠢᠨ ᠡᠵᠢ ᠶᠢᠨ ᠬᠦᠪᠡᠬᠦᠨ ᠲᠠᠪᠬᠢᠨ | ᠢᠷᠡᠵᠦ ᠬᠤᠶᠠᠭᠤᠯᠨ ᠣᠴᠠᠷᠠᠵᠡᠢ᠃ ᠡᠵᠢ ᠶᠢᠨ ᠬᠦᠦ ᠮᠣᠷᠢᠨ ᠠᠴᠠ ᠪᠠᠨ ᠪᠠᠭᠤᠮᠠᠭᠴᠨ ︽ ᠪᠣᠷᠣᠭᠠᠨ ᠲᠠᠭᠠᠭᠠᠪᠠ | ᠤᠤ︖ ︾ ᠬᠡᠵᠦ ᠠᠰᠠᠭᠤᠬᠤ ᠳᠤ ᠠᠪᠤ ᠶᠢᠨ ᠬᠦᠦ ᠶᠠᠭᠠᠷᠠᠯ ᠦᠬᠡᠢ ︽ ᠨᠢᠭᠡ ᠨᠢᠭᠡ ᠲᠣᠰᠣᠯᠠᠵᠦ ᠪᠠᠶᠢᠬᠤ ᠳᠤ | ᠲᠠᠭᠠᠭᠠᠵᠦ ᠯᠨ ᠪᠠᠶᠢᠭᠰᠠᠨ᠂ ᠨᠡᠯᠢᠶᠡᠳ ᠶᠡᠭᠡ ᠣᠷᠣᠬᠤ ᠪᠠᠷ ᠢᠶᠠᠨ ᠪᠢ ᠡᠬᠦᠷᠴᠦ ᠦᠵᠡᠭᠰᠡᠨ ᠦᠬᠡᠢ ︾ ᠬᠡᠵᠡᠢ᠃ | ᠡᠵᠢ ᠶᠢᠨ ᠬᠦᠦ ᠵᠠᠯᠭᠠᠭᠠᠳ ᠴᠠᠭᠠᠭᠤᠷ ᠣᠷᠣᠰᠬᠤ ᠭᠤᠣᠯ ᠤᠨ ᠣᠰᠣ ᠶᠢ ᠵᠢᠭᠠᠵᠦ ︽ ᠡᠨᠡ ᠭᠤᠣᠯ ᠤᠨ ᠣᠰᠣ | ᠶᠡᠭᠡ ᠤᠤ︖ ︾ ᠬᠡᠵᠦ ᠬᠦᠨ ᠬᠦ᠋ᠶᠢᠬᠡᠨ ᠢ ᠨᠢ ᠠᠰᠠᠭᠤᠪᠠᠯ᠂ ᠠᠪᠤ ᠶᠢᠨ ᠬᠦᠦ ︽ ᠪᠢ ᠭᠠᠣᠯᠢᠨ ᠲᠣᠭᠤᠭ᠎ᠠ | ᠪᠠᠷ ᠢᠶᠠᠨ ᠨᠢᠭᠡ ᠲᠣᠭᠤᠭ᠎ᠠ ᠣᠳᠬᠤᠵᠦ ᠠᠪᠣᠯ᠎ᠠ᠃ ᠪᠣᠰᠣᠳ ᠨᠢ ᠲᠡᠨᠳᠡ ᠣᠷᠣᠰᠴᠣ ᠪᠠᠶᠢᠭ᠎ᠠ ᠪᠢᠰᠢᠣ︖ ᠶᠡᠭᠡ | ᠪᠠᠭ᠎ᠠ ᠶᠢ ᠨᠢ ᠪᠢ ᠬᠡᠮᠵᠢᠭᠰᠡᠨ ᠦᠬᠡᠢ ︾ ᠬᠡᠵᠡᠢ᠃ ᠡᠵᠢ ᠶᠢᠨ ᠬᠦᠦ ᠠᠪᠤ ᠶᠢᠨ ᠬᠦᠦ ᠶᠢᠨ ᠲᠡᠷᠭᠡᠳᠡ ᠢᠷᠡᠵᠦ | ᠴᠣᠮᠴᠣᠶᠢᠵᠦ ᠰᠠᠭᠤᠭᠠᠳ ︽ ᠲᠠᠨ ᠤ ᠳᠤ ᠬᠦᠶᠦᠳᠡᠯ ᠮᠠᠶᠢᠮᠠᠶᠢᠴᠢᠨ ᠢᠷᠡᠯ᠎ᠡ ᠬᠡᠰᠡᠨ᠃ ᠲᠡᠭᠡᠭᠡᠳ ᠶᠠᠭᠤ ᠨᠢ | ᠬᠦᠩᠭᠡᠨ ( ᠬᠢᠮᠳᠠ ) ᠪᠠᠶᠢᠨ᠎ᠠ︖ ︾ ᠬᠡᠰᠡᠨ ᠳᠤ ᠠᠪᠤ ᠶᠢᠨ ᠬᠦᠦ ︽ ᠪᠢ ᠲᠡᠷᠨ ᠪᠦᠬᠦᠳᠡ ᠶᠢ ᠨᠢᠭᠡ | ᠨᠢᠭᠡ ᠪᠠᠷ ᠵᠢᠩᠯᠡᠵᠦ ᠦᠵᠡᠭᠰᠡᠨ ᠦᠬᠡᠢ᠃ ᠪᠠᠷᠤᠭ ᠬᠦᠪᠦᠩ ᠨᠢ ᠬᠦᠩᠭᠡᠨ ᠪᠠᠶᠢᠯᠭᠦᠢ ︾ ᠬᠡᠵᠡᠢ᠃ ᠡᠵᠢ ᠶᠢᠨ | ᠬᠦᠦ ᠮᠦᠨ ︽ ᠬᠦᠢ ᠲᠣᠭᠤᠭ᠎ᠠ ᠴᠢᠨᠢ ᠪᠣᠴᠠᠯᠣᠭᠠᠳ ᠲᠡᠪᠡᠷᠡᠴᠢᠬᠡᠯᠡ᠃ ᠬᠤᠷᠳᠣᠨ︕ ︾ ᠬᠡᠬᠦᠯᠡᠷ ᠠᠪᠤ ᠶᠢᠨ | ᠬᠦᠦ ᠶᠠᠭᠠᠷᠠᠯ ᠦᠬᠡᠢ ᠬᠦᠳᠡᠯᠵᠦ ︽ ᠴᠠᠢ ᠨᠢ ᠪᠣᠴᠠᠯᠳᠠᠭ ᠶᠣᠮ ᠤᠤ︖ ᠲᠣᠭᠤᠭ᠎ᠠ ᠨᠢ ᠪᠣᠴᠠᠯᠳᠠᠭ ᠶᠣᠮ ᠤᠤ︖ | ︾ ᠬᠡᠮᠡᠨ ᠬᠠᠷᠢᠭᠤ ᠬᠦᠯᠢᠢᠵᠡᠢ ᠬᠡᠨ᠎ᠡ᠃ |