| | ᠨᠢᠭᠡᠨ ᠬᠠᠷᠠᠮᠴᠢ ᠪᠠᠶᠠᠨ ᠤ ᠬᠢᠨ ᠬᠠᠪᠣᠷ ᠣᠨᠠᠭ᠎ᠠ ᠲᠠᠮᠠᠭᠠᠯᠠᠬᠤ ᠨᠠᠶᠢᠷ ᠬᠢᠭᠰᠡᠨ ᠶᠣᠮ ᠪᠠᠶᠢᠨ᠎ᠠ᠂ ᠶᠠᠳᠠᠭᠤᠬᠠᠨ ᠨᠢᠭᠡ | ᠡᠷ᠎ᠡ ᠨᠠᠶᠢᠷ ᠲᠡᠭᠡᠷ᠎ᠡ ᠨᠢ ᠲᠠᠯᠪᠢᠭᠠᠳ ᠬᠦᠷᠦᠭᠰᠡᠨ ᠶᠣᠮ ᠪᠠᠶᠢᠨ᠎ᠠ᠃ ᠪᠠᠶᠠᠨ ᠤ ᠬᠢᠨ ᠡᠨᠡ ᠶᠠᠳᠠᠭᠤ ᠡᠷ᠎ᠡ ᠶᠢ ᠬᠦᠮᠦᠨ | ᠢᠶᠠᠷ ᠦᠵᠡᠬᠦ ᠪᠠᠶᠢᠳᠣᠭᠠᠢ ᠨᠣᠬᠠᠢ ᠶᠢᠨ ᠲᠡᠳᠦᠢ ᠴᠣ᠋ ᠣᠪᠠᠶᠢᠯᠠᠭᠰᠠᠨ ᠦᠬᠡᠢ ᠬᠢᠳᠡᠭ ᠢᠶᠠᠨ ᠬᠢᠵᠦ ᠯᠨ ᠪᠠᠶᠢᠪᠠ᠃ | ᠶᠠᠳᠠᠭᠤ ᠡᠷ᠎ᠡ ᠲᠡᠭᠡᠭᠡᠳ ᠣᠯᠠᠨ ᠤ ᠲᠣᠮᠳᠠ ᠰᠠᠭᠤᠭᠠᠳ ᠲᠦᠭᠡᠭᠡᠯ ᠲᠦᠭᠡᠭᠡᠬᠦ ᠶᠢ ᠬᠦᠯᠢᠶᠡᠵᠦ ᠯᠨ ᠪᠠᠶᠢᠪᠠ᠃ | ᠠᠶᠢᠷᠠᠭ ᠰᠠᠷᠬᠤᠳ ᠡᠷᠡᠮᠪᠠ ᠲᠠᠷᠠᠭᠠᠯᠠᠨ ᠲᠣᠭᠤᠷᠠ ᠡᠷᠭᠢᠭ᠍ᠰᠡᠭᠡᠷ ᠶᠠᠭ ᠡᠨᠡ ᠡᠷ᠎ᠡ ᠶᠢᠨ ᠲᠣᠯᠣᠭᠠᠢ ᠲᠡᠭᠡᠷ᠎ᠡ ᠢᠷᠡᠬᠦᠯᠡᠷ | ᠡᠷ᠎ᠡ ᠵᠠᠭᠠᠮ᠎ᠠ ᠬᠠᠨᠴᠣᠢ ᠪᠠᠨ ᠵᠠᠰᠠᠭᠰᠠᠭᠠᠷ ᠠᠶᠢᠷᠠᠭ ᠨᠡᠷᠡᠮᠡᠯ ᠢ ᠨᠢ ᠴᠠᠯᠭᠢᠭᠤᠯᠣᠨ ᠲᠣᠰᠣᠭᠠᠳ ᠠᠷᠬᠢᠯ ᠬᠤᠭᠤᠯᠠᠢ | ᠪᠠᠷ ᠢᠷᠦᠬᠡᠵᠦ ᠢᠷᠦᠬᠡᠬᠡᠳ ᠠᠳᠠᠭ ᠰᠡᠭᠦᠯ ᠳᠤ ᠨᠢ᠄ ︽ᠠᠶᠠᠭ᠎ᠠ ᠲᠠᠨᠢ ᠬᠠᠭᠠᠷᠠᠬᠤ ᠪᠣᠯᠳᠣᠭᠠᠢ︕ ᠣᠷᠭ᠎ᠠ ᠲᠠᠨᠢ | ᠬᠤᠭᠤᠷᠠᠬᠤ ᠪᠣᠯᠳᠣᠭᠠᠢ︾ ᠬᠡᠵᠦ ᠲᠡᠭᠦᠰᠬᠡᠵᠡᠢ᠃ ᠬᠡᠷ ᠤᠨ ᠡᠵᠡᠨ ᠬᠢᠭᠡᠳ ᠬᠡᠶᠢᠴᠢᠨ ᠵᠣᠴᠢᠨ ᠬᠡᠳᠦᠶᠢᠪᠠᠷ ᠪᠦᠷ | ᠬᠠᠯᠠᠰᠣᠭᠠᠳ ᠪᠠᠶᠢᠭᠰᠠᠨ ᠴᠣ᠋ ᠡᠨᠡ ᠦᠬᠡᠨ ᠳᠤ ᠲᠣᠷ᠎ᠠ ᠦᠬᠡᠶᠢᠴᠡᠵᠦ᠄ ︽ᠮᠠᠭᠤ ᠨᠢᠴᠦᠬᠦᠨ ᠭᠤᠶᠢᠷᠠᠨᠴᠢ ᠴᠢ | ᠬᠠᠷᠢᠨ ᠶᠠᠭᠤ ᠬᠡᠨ᠎ᠡ︖ ᠴᠢ ᠢᠷᠦᠬᠡᠯ ᠬᠡᠯᠡᠬᠦ ᠪᠠᠷ ᠳ᠋ᠣᠶᠢᠷᠡᠭᠦᠯᠦᠭᠡᠳ ᠬᠠᠷᠢᠶᠠᠯ ᠣᠷᠣᠭᠤᠯᠳᠠᠭ ᠴᠢᠨᠢ ᠶᠠᠭᠤ ᠪᠣᠢ︖ | ︾ ᠬᠡᠵᠡᠬᠡᠨ ᠪᠠᠷᠢᠵᠦ ᠵᠣᠳᠣᠬᠤ ᠬᠡᠵᠡᠢ᠃ ᠶᠠᠳᠠᠭᠤ ᠡᠷ᠎ᠡ ᠦᠬᠡᠳᠡ ᠠᠴᠠ ᠨᠢ ᠰᠡᠷᠡᠭ ᠴᠣ᠋ ᠦᠬᠡᠢ ᠬᠦᠯᠢᠢᠵᠦ᠄ ︽ | ᠦᠷ᠎ᠡ ᠬᠡᠣᠬᠡᠳ ᠣᠯᠠᠨ ᠲᠠᠢ ᠠᠶᠢᠯ ᠤᠨ ᠠᠶᠠᠭ᠎ᠠ ᠬᠠᠭᠠᠷᠬᠠᠢ ᠪᠠᠶᠢᠳᠠᠭ ᠶᠣᠮ᠃ ᠦᠷᠢᠶ᠎ᠠ ᠲᠠᠭ᠎ᠠ ᠣᠯᠠᠨ ᠲᠠᠢ ᠠᠶᠢᠯ | ᠤᠨ ᠣᠷᠭ᠎ᠠ ᠬᠤᠭᠤᠷᠬᠠᠢ ᠪᠠᠶᠢᠳᠠᠭ ᠶᠣᠮ᠃ ᠮᠢᠨᠣ ᠢᠩᠬᠢᠵᠦ ᠢᠷᠦᠭᠡᠬᠦ ᠨᠢ ᠢᠷᠦᠬᠡᠯ ᠪᠢᠰᠢ ᠬᠠᠷᠢᠶᠠᠯ ᠪᠣᠯᠣᠭᠰᠠᠨ | ᠪᠣᠯ ᠪᠠᠷᠢᠵᠦ ᠵᠣᠳᠣ︕ ᠵᠣᠳᠣ︕︾ ᠬᠡᠵᠦ ᠪᠦᠭᠰᠡ ᠪᠠᠨ ᠦᠭᠴᠦ ᠲᠣᠩᠭᠤᠶᠢᠭᠰᠠᠨ ᠳᠤ ᠣᠯᠠᠨ ᠢᠶᠠᠷ ᠢᠶᠠᠨ | ᠬᠠᠷᠢᠨ᠄ ︽ᠵᠨ ᠦᠨᠡᠭᠡᠷ ᠲᠡᠶᠢᠮᠦ ᠡ︾ ᠬᠡᠵᠦ ᠬᠡᠯᠡᠯᠴᠡᠭᠡᠨ ᠪᠣᠯᠣᠭᠠᠳ ᠡᠨᠡ ᠶᠠᠳᠠᠭᠤ ᠡᠷ᠎ᠡ ᠶᠢ ᠲᠡᠭᠡᠷ᠎ᠡ ᠰᠠᠭᠤᠯᠭᠠᠨ | ᠵᠣᠴᠢᠯᠠᠵᠦ ᠬᠡᠨ᠎ᠡ᠃ |