ᠪᠠᠶᠠᠰᠬᠤᠯᠠᠩ ᠤᠨ ᠰᠢᠯᠦᠭ
ᠨᠡᠶᠢᠲᠡᠯᠡᠭᠰᠡᠨ ᠴᠠᠭ᠄
2019-11-05
ᠪᠢᠳᠡᠨᠠᠷ ᠲᠤᠷ ᠰᠠᠨᠠᠭᠲᠠᠬᠤ ᠠᠨᠣ᠂ ᠬᠠᠷᠠᠩᠭᠤᠢ ᠰᠦᠨᠢ ᠶᠢᠨ ᠠᠳᠡᠭᠦᠷᠡᠯ ᠲᠦᠭᠡᠷᠢᠯ᠂ ᠪᠢᠳᠡᠨᠠᠷ ᠲᠤᠷ ᠪᠣᠲᠣᠭᠲᠠᠬᠤ ᠠᠨᠣ᠂ ᠲᠦᠭᠡᠷᠡᠭᠰᠡᠨ ᠵᠠᠮ ᠤᠨ ᠭᠠᠰᠢᠭᠤᠨ ᠵᠦᠳᠡᠭᠦᠷᠢ᠂ ᠡᠨᠡ ᠪᠣᠯᠪᠠᠰᠦ ᠨᠢᠭᠡᠨ ᠰᠢᠨᠡᠬᠡᠨ ᠠᠮᠢᠲᠠᠨ ᠠᠨᠣ᠂ ᠠᠲᠠᠷ ᠬᠡᠭᠡᠷ᠎ᠡ ᠳᠤᠷ ᠲᠡᠭᠦᠨ ᠤ ᠰᠢᠪᠣᠵᠢ ᠶᠢᠨ ᠬᠦᠲᠡᠯᠦᠭᠡ ᠪᠠᠨ ᠡᠬᠢᠯᠡᠭᠰᠡᠨ ᠢ ᠦᠯᠢᠭᠡᠷᠯᠡᠪᠡᠰᠦ᠂ ᠨᠢᠭᠡᠨ ᠬᠡᠰᠡᠭ ᠭᠠᠯ ᠲᠤ ᠬᠤᠷᠣᠬᠠᠢ ᠠᠨᠣ᠂ ᠲᠠᠰᠣᠷᠠᠯ ᠦᠭᠡᠢ ᠪᠠᠷ ᠬᠠᠷᠠᠩᠭᠤᠢ ᠰᠦᠨᠢ ᠶᠢᠨ ᠠᠳᠡᠭᠦᠷᠡᠯ ᠲᠦᠭᠡᠷᠢᠯ ᠢ ᠭᠡᠷᠡᠯᠳᠦᠭᠦᠯᠬᠦ ᠮᠡᠲᠣ᠂ ᠦᠯᠢᠭᠡᠷᠯᠡᠪᠡᠰᠦ᠂ ᠨᠢᠭᠡᠨ ᠰᠠᠭᠤᠷᠢ ᠭᠡᠭᠡᠭᠡᠨ ᠣᠳᠣᠨ ᠠᠨᠣ᠂ ᠰᠠᠴᠣᠷᠠᠭᠰᠠᠨ ᠭᠡᠷᠡᠯᠲᠡᠶ᠎ᠡ ᠮᠢᠨᠦ ᠲᠦᠭᠡᠷᠡᠭᠰᠡᠨ ᠵᠠᠮ ᠢ ᠭᠡᠶᠢᠭᠦᠯᠬᠦ ᠮᠡᠲᠣ᠂ ᠡᠨᠡ ᠪᠣᠯᠪᠠᠰᠦ ᠪᠢᠳᠡᠨᠠᠷ ᠤᠨ ᠲᠦᠷ᠎ᠡ ᠡᠷᠭᠦᠮᠵᠢᠯᠡᠯ ᠮᠦᠨ᠎ᠡ᠂ ᠡᠨᠡ ᠪᠣᠯᠪᠠᠰᠣ ᠪᠢᠲᠡᠨᠠᠷ ᠤᠨ ᠲᠦᠪ ᠰᠠᠨᠠᠭ᠎ᠠ ᠮᠦᠨ᠎ᠡ᠂ ᠪᠢᠲᠡᠨᠠᠷ ᠲᠤᠷ ᠰᠠᠨᠠᠭᠲᠠᠬᠤ ᠠᠨᠣ᠂ ᠲᠦᠮᠡᠨ ᠨᠠᠶᠢᠷ ᠤᠨ ᠨᠠᠮ ᠭᠦ᠋ᠮ᠂ ᠪᠢᠲᠡᠨᠠᠷ ᠲᠤᠷ ᠪᠣᠳᠣᠭᠲᠠᠬᠤ ᠠᠨᠣ᠂ ᠬᠦᠮᠦᠨ ᠤ ᠬᠤᠭᠤᠷᠣᠨᠲᠣᠬᠢ ᠬᠤᠨᠢᠷᠠᠯ ᠬᠤᠳᠣᠮᠰᠢᠭ᠂ ᠡᠨᠡ ᠪᠣᠯᠪᠠᠰᠦ ᠨᠢᠭᠡᠨ ᠰᠢᠨᠡᠬᠡᠨ ᠠᠮᠢᠲᠠᠨ ᠠᠨᠣ᠂ ᠲᠠᠮᠣ ᠶᠢᠨ ᠲᠣᠳᠣᠷ᠎ᠠ᠂᠂ ᠲᠡᠭᠦᠨ ᠤ ᠳᠠᠭᠤ ᠠᠶᠠᠯᠭᠤ ᠪᠠᠨ ᠡᠭᠡᠰᠢᠭᠯᠡᠨ ᠡᠬᠢᠯᠡᠭᠰᠡᠨ ᠢ ᠦᠯᠢᠭᠡᠷᠯᠡᠪᠡᠰᠦ᠂ ᠨᠢᠭᠡᠨ ᠵᠢᠭᠦᠷᠲᠡᠨ ᠰᠦᠨᠢ ᠶᠢᠨ ᠠᠯᠲᠠᠨ ᠭᠤᠷᠭᠤᠯᠲᠠᠢ ᠠᠨᠣ᠂ ᠲᠠᠰᠣᠷᠠᠯ ᠦᠭᠡᠢ ᠪᠠᠷ ᠭᠠᠰᠢᠭᠤᠨ ᠣᠶᠢᠳᠭᠠᠷᠠᠯᠲᠠᠢ ᠪᠠᠷ ᠡᠷᠭᠡᠴᠢᠨ ᠬᠦᠳᠡᠯᠡᠬᠦ ᠮᠡᠲᠣ᠂ ᠦᠯᠢᠭᠡᠷᠯᠡᠪᠡᠰᠦ᠂ ᠨᠢᠭᠡᠨ ᠰᠠᠭᠤᠷᠢ ᠪᠣᠯᠣᠳ ᠶᠠᠳᠤᠭ᠎ᠠ ᠠᠨᠣ᠂ ᠨᠢᠷᠣᠭᠤ ᠪᠠᠲᠠᠷᠠᠩᠭᠤᠢ ᠲᠣᠩᠭᠠᠯᠠᠭ ᠵᠦᠭᠡᠯᠡᠨ ᠳᠠᠭᠤᠨ ᠠᠶᠠᠯᠭᠤ ᠶᠢ ᠭᠠᠷᠭᠠᠬᠤ ᠮᠡᠲᠣ᠂ ᠡᠨᠡ ᠪᠣᠯᠪᠠᠰᠦ ᠪᠢᠲᠡᠨᠠᠷ ᠤᠨ ᠬᠠᠮᠲᠣ ᠰᠡᠳᠬᠢᠯᠭᠡ ᠮᠦᠨ᠎ᠡ᠂ ᠡᠨᠡ ᠪᠣᠯᠪᠠᠰᠦ ᠪᠢᠲᠡᠨᠠᠷ ᠤᠨ ᠬᠠᠯᠠᠭᠤᠨ ᠦᠨᠡᠨᠴᠢ ᠮᠦᠨ᠎ᠡ᠂ ᠪᠢᠲᠡᠨᠠᠷ ᠲᠤᠷ ᠰᠠᠨᠠᠭᠲᠠᠬᠤ ᠠᠨᠣ᠂ ᠣᠷᠴᠢᠯᠠᠩ ᠤᠨ ᠰᠣᠷᠲᠠᠯ ᠳᠡᠭᠡᠷᠡᠮᠬᠡᠢ ᠪᠠᠯᠳᠣᠭᠤᠴᠢ᠂ ᠪᠢᠳᠡᠨᠠᠷ ᠲᠤᠷ ᠪᠣᠲᠣᠭᠲᠠᠬᠤ ᠠᠨᠣ ᠵᠠᠯᠠᠭᠤᠰ ᠤᠨ ᠶᠠᠪᠣᠲᠠᠯ ᠵᠠᠭᠤᠷᠮᠠᠭ᠋᠎ᠠ ᠰᠠᠭᠠᠷᠮᠠᠭ᠎ᠠ᠂ ᠡᠨᠡ ᠪᠣᠯᠪᠠᠰᠦ᠂ ᠨᠢᠭᠡᠨ ᠰᠢᠨᠡᠬᠡᠨ ᠠᠮᠢᠲᠠᠨ ᠠᠨᠣ᠂ ᠬᠦᠮᠦᠨ ᠤ ᠣᠷᠴᠢᠯᠠᠩ ᠳᠤᠷ ᠲᠡᠭᠦᠨ ᠤ ᠲᠡᠪᠬᠡᠷᠡᠬᠦ ᠬᠠᠷᠠᠶᠢᠯᠠᠬᠤ ᠎ ᠪᠠᠨ ᠡᠬᠢᠯᠡᠭᠰᠡᠨ ᠢ ᠦᠯᠢᠭᠡᠷᠯᠡᠪᠡᠰᠦ ᠨᠢᠭᠡᠨ᠂ ᠵᠣᠷᠪᠣᠰ ᠨᠢᠰᠬᠦ ᠵᠢᠭᠠᠰᠣᠨ ᠠᠨᠣ᠂ ᠲᠠᠰᠣᠷᠠᠯ ᠦᠭᠡᠢ ᠪᠠᠷ ᠮᠠᠭᠤ ᠪᠣᠯᠠᠩᠬᠢᠷ ᠲᠤ ᠲᠣᠯᠬᠢᠶᠠᠨ ᠲᠠᠪᠠᠯᠭ᠎ᠠ ᠢ ᠰᠢᠪᠲᠠᠯᠠᠨ ᠬᠠᠷᠪᠣᠵᠦ ᠦᠩᠭᠡᠷᠡᠬᠦ ᠮᠡᠲᠣ᠂ ᠦᠯᠢᠭᠡᠷᠯᠡᠪᠡᠰᠦ᠂ ᠨᠢᠭᠡᠨ ᠬᠡᠰᠡᠭ ᠰᠣᠮᠠᠰᠢ ᠭᠡᠷᠡᠯ ᠠᠨᠣ ᠬᠤᠷᠴᠠ ᠲᠣᠳᠣᠷᠬᠠᠶ᠎ᠠ ᠪᠠᠶᠢᠯᠳᠣᠭᠠᠨ ᠲᠡᠮᠡᠴᠡᠯᠳᠦᠭᠡᠨ ᠤ ᠣᠲᠠᠭᠠᠲᠣ ᠡᠭᠦᠯᠡ ᠢ ᠦᠷᠨᠢᠨ ᠰᠠᠷᠨᠢᠭᠤᠯᠬᠤ ᠮᠡᠲᠣ᠂ ᠡᠨᠡ ᠪᠣᠯᠪᠠᠰᠣ᠂ ᠪᠢᠲᠡᠨᠠᠷ ᠤᠨ ᠡᠷᠮᠡᠯᠵᠢᠯ ᠡᠷᠭᠡᠯᠴᠢᠯᠡᠯ ᠮᠦᠨ᠎ᠡ᠂ ᠡᠨᠡ ᠪᠣᠯᠪᠠᠰᠦ ᠪᠢᠲᠡᠨᠠᠷ ᠤᠨ ᠲᠠᠬᠢᠬᠤ ᠦᠢᠯᠡᠳᠳᠣᠯᠡᠯ ᠮᠦᠨ᠎ᠡ᠂ ᠪᠢᠲᠡᠨᠠᠷ ᠲᠤᠷ ᠰᠠᠨᠠᠭᠲᠠᠬᠤ ᠠᠨᠣ᠂ ᠣᠷᠣᠨ ᠨᠣᠲᠤᠭ ᠤᠨ ᠪᠢᠲᠠᠨᠠᠷ ᠲᠤᠷ ᠪᠣᠲᠣᠭᠲᠠᠬᠤ ᠠᠨᠣ᠂ ᠪᠣᠳᠣᠯ ᠰᠠᠨᠠᠯ ᠤᠨ ᠮᠣᠩᠬᠠᠭ ᠬᠠᠷᠠᠩᠭᠤᠢ᠂ ᠡᠨᠡ ᠪᠣᠯᠪᠠᠰᠦ ᠨᠢᠭᠡᠨ ᠰᠢᠨᠡᠬᠡᠨ ᠠᠮᠢᠲᠠᠨ ᠠᠨᠣ ᠲᠡᠭᠦᠨ ᠤ ᠲᠠᠳᠳᠣᠭᠰᠠᠨ ᠰᠣᠷᠲᠠᠯ ᠤᠨ ᠲᠣᠳᠣᠷ᠎ᠠ᠂ ᠱᠠᠯᠮᠠᠭᠠᠶᠢᠯᠠᠨ ᠲᠡᠮᠡᠴᠡᠯᠳᠦᠬᠦ ᠪᠠᠨ ᠡᠬᠢᠯᠡᠭᠰᠡᠨ ᠢ ᠦᠯᠢᠭᠡᠷᠯᠡᠪᠡᠰᠦ᠂ ᠲᠡᠮᠦᠷ ᠲᠣᠣᠷ ᠤ ᠲᠣᠳᠣᠷᠠᠬᠢ ᠢᠲᠡᠲᠡᠨ ᠠᠷᠠᠰᠯᠠᠨ ᠠᠨᠣ ᠲᠣᠭᠰᠢᠨ ᠢᠶᠠᠷ ᠪᠠᠷᠬᠢᠷᠠᠵᠦ ᠡᠷᠬᠡ ᠴᠢᠯᠦᠭᠡ ᠪᠠᠨ ᠲᠠᠨᠢᠭᠤᠯᠣᠶ᠎ᠠ ᠬᠡᠮᠡᠬᠦ ᠮᠡᠲᠣ᠂ ᠦᠯᠢᠭᠡᠷᠯᠡᠪᠡᠰᠦ᠂ ᠣᠳᠠᠭᠠᠨ ᠨᠢᠭᠤᠭᠲᠠᠭᠰᠠᠨ ᠵᠣᠷᠢᠭᠲᠠᠨ ᠠᠨᠣ᠂ ᠬᠠᠯᠠᠨ ᠰᠢᠨᠡᠳᠭᠡᠬᠦ ᠡᠭᠦᠷᠭᠡ ᠲᠣᠰᠢᠶᠠᠯ ᠪᠠᠨ ᠡᠭᠦᠷᠭᠡᠯᠡᠬᠦ ᠮᠡᠲᠣ᠂ ᠡᠨᠡ ᠪᠣᠯᠪᠠᠰᠦ ᠪᠢᠲᠡᠨᠠᠷ ᠤᠨ ᠪᠠᠶᠢᠲᠠᠯ ᠳᠦᠷᠢᠰᠦ ᠮᠦᠨ᠎ᠡ᠂ ᠡᠨᠡ ᠪᠣᠯᠪᠠᠰᠦ ᠪᠢᠲᠡᠨᠠᠷ ᠤᠨ ᠨᠡᠭᠡᠮᠵᠢᠯᠡᠯ ᠮᠦᠨ᠎ᠡ᠂ ᠪᠢᠲᠠᠨᠠᠷ ᠲᠤᠷ ᠪᠣᠲᠣᠭᠲᠠᠬᠤ ᠠᠨᠣ ᠪᠠᠶᠢᠯᠳᠣᠭᠠᠨ ᠲᠡᠮᠡᠴᠡᠯᠳᠦᠭᠡᠨ ᠳᠤ ᠬᠠᠷᠢᠯᠴᠠᠨ ᠠᠯᠠᠯᠳᠣᠬᠤ᠂ ᠪᠢᠲᠡᠨᠠᠷ ᠲᠤᠷ ᠪᠣᠲᠣᠭᠲᠠᠬᠤ ᠠᠨᠣ᠂ ᠨᠦᠬᠦᠷ ᠬᠠᠨᠢ ᠠᠴᠠ ᠰᠠᠷᠨᠢᠵᠦ ᠰᠠᠯᠣᠯᠴᠢᠬᠤ᠂ ᠡᠨᠡ ᠪᠣᠯᠪᠠᠰᠦ᠂ ᠨᠢᠭᠡᠨ ᠠᠮᠢᠲᠠᠨ ᠠᠨᠣ᠂ ᠭᠡᠨᠡᠳᠲᠡᠬᠡᠨ ᠰᠡᠷᠭᠦᠵᠦ ᠬᠠᠷᠠᠬᠠᠨ ᠲᠡᠭᠦᠨ ᠤ ᠦᠪᠡᠷ ᠤᠨ ᠪᠡᠶ᠎ᠡ ᠶᠢᠨ ᠠᠳᠡᠭᠳᠡᠯ ᠪᠠᠨ ᠬᠠᠯᠠᠭᠰᠠᠨ ᠢ᠂ ᠦᠯᠢᠭᠡᠷᠯᠡᠪᠡᠰᠦ᠂ ᠰᠢᠷᠠ ᠠᠯᠲᠠᠨ ᠦᠩᠭᠡᠲᠡᠢ ᠨᠡᠮᠡᠭᠦᠨ ᠨᠠᠷᠢᠨ ᠠᠨᠣ᠂ ᠦᠴᠦᠭᠡᠨ ᠭᠡᠷᠡᠯ ᠢ ᠵᠡᠭᠦᠨ ᠡᠲᠡᠭᠡᠳ ᠲᠤᠷ ᠪᠦᠭᠡᠯᠵᠢᠨ ᠭᠠᠷᠭᠠᠬᠤ ᠮᠡᠲᠣ᠂ ᠦᠯᠢᠭᠡᠷᠯᠡᠪᠡᠰᠦ᠂ ᠦᠴᠦᠭᠡᠨ ᠰᠢᠪᠠᠭᠤ ᠠᠨᠣ᠂ ᠮᠣᠩᠭᠤᠯ ᠢ ᠮᠠᠨᠳᠣᠭᠤᠯᠬᠤ ᠳᠠᠭᠤᠣ ᠶᠢ ᠳᠠᠭᠤᠣᠯᠣᠭᠠᠳ ᠱᠠᠯᠮᠠᠭᠠᠶᠢᠯᠠᠨ ᠨᠢᠭᠡᠳᠴᠦ ᠡᠭᠦᠷ ᠠᠴᠠ ᠠᠩᠬᠢᠵᠢᠷᠠᠬᠤ ᠮᠡᠲᠣ᠂ ᠡᠨᠡ ᠪᠣᠯᠪᠠᠰᠦ ᠪᠢᠲᠡᠨᠠᠷ ᠤᠨ ᠳᠦᠰᠢᠬᠦ ᠡᠷᠭᠡᠯᠵᠢᠯᠡᠯ ᠮᠦᠨ᠎ᠡ᠂ ᠡᠨᠡ ᠪᠣᠯᠪᠠᠰᠦ᠂ ᠪᠢᠲᠡᠨᠠᠷ ᠤᠨ ᠬᠦᠴᠦᠯᠡᠨ ᠦᠨᠡᠮᠵᠢᠯᠡᠬᠦ ᠮᠦᠨ᠎ᠡ᠂ ᠪᠢᠲᠡᠨᠠᠷ ᠲᠤᠷ ᠰᠠᠨᠠᠭᠲᠠᠬᠤ ᠠᠨᠣ᠂ ᠣᠶᠢᠷᠴᠢᠮ ᠲᠣᠭᠤᠷᠢᠮ ᠤᠨ ᠰᠠᠶᠢᠬᠠᠨ ᠨᠣᠲᠤᠭ᠂ ᠪᠢᠲᠡᠨᠠᠷ ᠲᠤᠷ ᠪᠣᠲᠣᠭᠲᠠᠬᠤ ᠠᠨᠣ᠂ ᠬᠦᠮᠦᠨ ᠲᠦᠷᠦᠯᠬᠢᠲᠡᠨ ᠤ ᠬᠢᠨᠲᠠᠨ ᠬᠤᠷᠤᠭ᠎ᠠ᠂ ᠡᠨᠡ ᠪᠣᠯᠪᠠᠰᠦ ᠰᠢᠨᠡᠬᠡᠨ ᠠᠮᠢᠲᠠᠨ ᠠᠨᠣ ᠲᠡᠭᠦᠨ ᠤ ᠣᠷᠢᠶᠠᠯᠲᠠ ᠠᠴᠠ ᠲᠡᠯᠴᠢᠯᠡᠭᠰᠡᠭᠡᠷ ᠮᠦᠯᠳᠣᠷᠠᠨ ᠭᠠᠷᠣᠭᠰᠠᠨ ᠢ ᠦᠯᠢᠭᠡᠷᠯᠡᠪᠡᠰᠦ᠂ ᠪᠠᠴᠢᠬᠠᠨ ᠬᠦᠪᠡᠭᠦᠨ ᠠᠨᠣ᠂ ᠨᠢᠪ ᠨᠢᠴᠦᠭᠦᠨ ᠢᠶᠠᠷ ᠲᠡᠭᠦᠨ ᠤ ᠲᠦᠷᠦᠯᠬᠢ ᠪᠠᠶᠢᠲᠠᠯ ᠲᠡᠮᠲᠡᠭ ᠪᠠᠨ ᠢᠯᠡᠷᠡᠭᠦᠯᠬᠦ ᠮᠡᠲᠣ᠂ ᠦᠯᠢᠭᠡᠷᠯᠡᠪᠡᠰᠦ ᠢᠨᠢᠶᠠᠮᠰᠣᠭ᠍ᠯᠡᠨ ᠲᠡᠪᠬᠡᠴᠢᠨ ᠬᠠᠷᠠᠶᠢᠯᠠᠬᠤ ᠲᠠᠬᠢᠨ ᠮᠠᠨᠳᠣᠬᠤ ᠬᠠᠶᠢᠷᠠᠯᠠᠯᠲᠠᠢ ᠴᠡᠩᠭᠡᠯ ᠤᠨ ᠬᠤᠷᠢᠶᠠᠨ᠎ᠠ ᠲᠠᠪᠰᠢᠨ ᠣᠷᠣᠬᠤ ᠮᠡᠲᠣ᠂ ᠡᠨᠡ ᠪᠣᠯᠪᠠᠰᠦ ᠪᠢᠲᠡᠨᠠᠷ ᠤᠨ ᠵᠣᠬᠢᠶᠠᠯ ᠦᠢᠯᠡᠳᠳᠣᠯ ᠮᠦᠨ᠎ᠡ᠂ ᠡᠨᠡ ᠪᠣᠯᠪᠠᠰᠦ ᠪᠢᠲᠡᠨᠠᠷ ᠤᠨ ᠭᠠᠪᠢᠶ᠎ᠠ ᠪᠦᠲᠦᠬᠦ ᠮᠦᠨ᠎ᠡ᠂  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号