| | | | ﹇ᠠᠭᠤᠯᠭ᠎ᠠ ᠶᠢᠨ ᠲᠣᠪᠴᠢ﹈ ᠲᠣᠰ ᠦᠭᠦᠯᠡᠯ ᠠᠯᠠᠱᠠ ᠯᠾᠠᠷᠠᠮᠪᠠ ᠠᠭᠸᠠᠩᠳᠠᠨᠳᠠᠷ ᠤᠨ ᠰᠢᠯᠦᠭ ᠵᠣᠬᠢᠶᠠᠯ | ᠲᠠᠶᠢᠯᠪᠤᠷᠢᠯᠠᠭᠰᠠᠨ ᠪᠦᠳᠦᠭᠡᠯ ᠢ ᠠᠵᠢᠭᠯᠠᠬᠤ ᠪᠠᠷ ᠲᠠᠮᠵᠢᠨ᠂ ᠲᠡᠭᠦᠨ ᠤ ᠲᠠᠶᠢᠯᠪᠤᠷᠢ ᠵᠣᠬᠢᠶᠠᠯ ᠳᠤ ᠰᠢᠯᠦᠭ ᠢᠶᠠᠷ | ᠰᠢᠯᠦᠭ ᠰᠢᠭᠦᠮᠵᠢᠯᠡᠬᠦ ᠠᠷᠭ᠎ᠠ ᠵᠠᠭᠪᠣᠷ᠂ ᠤᠳᠬ᠎ᠠ ᠪᠠ ᠴᠢᠮᠡᠭ ᠤᠨ ᠲᠠᠶᠢᠯᠪᠣᠷᠢ ᠣᠶᠠᠯᠳᠣᠭᠰᠠᠨ ᠣᠨᠣᠪᠴᠢᠯᠢᠭ | ᠬᠠᠶᠢᠨ ᠮᠦᠷᠳᠡᠭᠰᠡᠨ ᠰᠣᠳᠣᠯᠣᠯ ᠲᠠᠶᠢᠯᠪᠤᠷᠢ ᠶᠢᠨ ᠠᠷᠭ᠎ᠠ ᠵᠠᠭᠪᠣᠷ᠂ ᠣᠳᠬ᠎ᠠ ᠪᠠ ᠦᠯᠢᠭᠡᠷ ᠢ ᠣᠶᠠᠯᠳᠣᠭᠤᠯᠣᠭᠰᠠᠨ | ᠣᠷᠭᠤᠭᠤᠯᠣᠨ ᠪᠣᠳᠣᠬᠤ ᠴᠢᠳᠠᠪᠤᠷᠢ ᠪᠠᠳᠠᠷᠠᠭᠤᠯᠤᠭᠰᠠᠨ ᠲᠠᠶᠢᠯᠪᠣᠷᠢ ᠰᠣᠳᠣᠯᠣᠯ ᠤᠨ ᠵᠠᠭᠪᠣᠷ᠂ ᠦᠭᠡᠰ ᠤᠨ ᠣᠳᠬ᠎ᠠ | ᠪᠠ ᠭᠡᠰᠢᠭᠦᠨ ᠣᠳᠬ᠎ᠠ ᠶᠢ ᠣᠶᠠᠯᠳᠣᠭᠤᠯᠣᠭᠰᠠᠨ ᠣᠯᠠᠨ ᠲᠠᠪᠬᠤᠷᠭᠠᠳᠤ ᠲᠠᠶᠢᠯᠪᠣᠷᠢ ᠰᠢᠬᠦᠮᠵᠢ ᠶᠢᠨ ᠵᠠᠭᠪᠣᠷ | ᠲᠣᠭᠳᠠᠪᠣᠷᠢᠵᠢᠭᠰᠠᠨ ᠭᠡᠵᠦ ᠦᠵᠡᠪᠡ᠃ ﹇ᠵᠠᠩᠭᠢᠯᠠᠭ᠎ᠠ ᠦᠭᠡ﹈ ᠠᠭᠸᠠᠩᠳᠠᠨᠳᠠᠷ ᠤᠳᠬ᠎ᠠ ᠵᠣᠬᠢᠶᠠᠯ ᠲᠠᠶᠢᠯᠪᠣᠷᠢᠯᠠᠬᠤ | ᠠᠷᠭ᠎ᠠ ᠣᠨᠣᠯ | ᠠᠯᠠᠱᠠ ᠯᠾᠠᠷᠠᠮᠪᠠ ᠠᠭᠸᠠᠩᠳᠠᠨᠳᠠᠷ ᠤᠨ ᠮᠣᠩᠭᠤᠯ ᠤᠳᠬ᠎ᠠ ᠵᠣᠬᠢᠶᠠᠯ ᠳᠤ ᠦᠵᠡᠭᠦᠯᠦᠭᠰᠡᠨ ᠬᠤᠪᠢ ᠨᠡᠮᠡᠭᠦᠷᠢ | ᠲᠣᠳᠣᠷ᠎ᠠ᠂ ᠤᠳᠬ᠎ᠠ ᠵᠣᠬᠢᠶᠠᠯ ᠤᠨ ᠲᠠᠶᠢᠯᠪᠤᠷᠢ ᠰᠣᠳᠣᠯᠣᠯ ᠨᠢ ᠴᠢᠬᠤᠯᠠ ᠪᠠᠶᠢᠷᠢ ᠶᠢ ᠡᠵᠡᠯᠡᠨ᠎ᠡ᠃ ᠲᠡᠭᠦᠨ ᠤ | ᠰᠢᠯᠦᠭ ᠵᠣᠬᠢᠶᠠᠯ ᠤᠨ ᠲᠠᠶᠢᠯᠪᠣᠷᠢ ᠳᠤ ︽ᠬᠠᠶᠢᠷᠣᠪᠵᠧ ᠪᠠᠷ ᠵᠣᠬᠢᠶᠠᠭᠰᠠᠨ ︿ᠪᠣᠭᠳᠠ ᠶᠡᠭᠡ ᠡᠵᠡᠨ ᠤ ᠮᠠᠭᠳᠠᠭᠠᠯ | ᠰᠦᠰᠦᠭ ᠤᠨ ᠴᠡᠩᠭᠡᠯ ᠤᠨ ᠨᠠᠭᠤᠷ﹀ ᠤᠨ ᠲᠠᠶᠢᠯᠪᠣᠷᠢ ᠣᠷᠣᠰᠢᠪᠠᠢ︾ ︵30 ᠬᠠᠭᠤᠳᠠᠰᠤ︶᠂ ︽︿ᠱᠠᠪᠢ ᠳᠤᠷ | ᠢᠯᠡᠭᠡᠭᠰᠡᠨ ᠪᠢᠴᠢᠭ﹀ ᠤᠨ ᠲᠠᠶᠢᠯᠪᠣᠷᠢ᠂ ᠦᠭᠡᠰ ᠤᠨ ᠣᠳᠬ᠎ᠠ ᠪᠦᠬᠦᠨ ᠢ ᠲᠣᠳᠣᠷᠠᠭᠤᠯᠣᠭᠴᠢ ᠣᠰᠣᠨ ᠪᠣᠯᠣᠷ | ᠲᠣᠯᠢ ᠬᠡᠮᠡᠭᠳᠡᠬᠦ ᠣᠷᠣᠰᠢᠪᠠᠢ︾ ︵49 ᠬᠠᠭᠤᠳᠠᠰᠤ︶᠂ ︽ᠵᠠᠷᠢᠮ ᠨᠢᠭᠡᠨ ᠰᠣᠳᠣᠷ ᠤᠨ ᠦᠭᠡᠰ ᠤᠨ ᠲᠠᠶᠢᠯᠪᠣᠷᠢ | ᠭᠠᠯᠪᠠᠷᠠᠭᠴᠠ ᠶᠢᠨ ᠮᠣᠳᠣᠨ ᠬᠡᠮᠡᠭᠳᠡᠬᠦ ᠣᠷᠣᠰᠢᠪᠠᠢ︾ ︵8 ᠬᠠᠭᠤᠳᠠᠰᠤ︶᠂ ︽ᠭᠡᠳᠦᠯᠭᠡᠭᠴᠢ ᠳ᠋ᠠᠷ᠎ᠠ ᠡᠭᠡ ᠶᠢᠨ | ᠮᠠᠭᠳᠠᠭᠠᠯ · ᠮᠡᠷᠭᠡᠳ ᠤᠨ ᠣᠷᠣᠢ ᠶᠢᠨ ᠴᠢᠮᠡᠭ ᠤᠨ ᠲᠡᠶᠢᠨ ᠨᠣᠮᠯᠠᠯ ᠮᠡᠷᠭᠡᠳ ᠤᠨ ᠣᠷᠣᠢ ᠶᠢᠨ ᠡᠷᠳᠡᠨᠢᠳᠣ ᠴᠢᠮᠡᠭ | ᠬᠡᠮᠡᠭᠳᠡᠬᠦ ᠣᠷᠣᠰᠢᠪᠠᠢ︾ ︵15 ᠬᠠᠭᠤᠳᠠᠰᠤ︶᠂ ︽ᠰᠢᠳᠦᠨ ᠪᠠᠷᠢᠯᠳᠣᠯᠭ᠎ᠠ ᠶᠢᠨ ᠮᠠᠭᠳᠠᠭᠠᠯ ᠤᠨ ᠪᠡᠷᠬᠡ | ᠣᠷᠣᠨ ᠠᠴᠠ ᠵᠣᠬᠢᠶᠠᠭᠰᠠᠨ ᠣᠳᠬ᠎ᠠ ᠶᠢᠨ ᠲᠠᠶᠢᠯᠪᠣᠷᠢ · ᠡᠷᠳᠡᠨᠢ ᠶᠢᠨ ᠡᠷᠢᠬᠡᠰ ᠬᠡᠮᠡᠭᠳᠡᠬᠦ ᠣᠷᠣᠰᠢᠪᠠᠢ︾ ᠵᠡᠷᠭᠡ | ᠪᠣᠢ᠃ ᠡᠳᠡᠭᠡᠷ ᠪᠦᠳᠦᠭᠡᠯ ᠤᠳ ᠲᠤ ᠲᠡᠭᠦᠨ ᠤ ᠤᠳᠬ᠎ᠠ ᠵᠣᠬᠢᠶᠠᠯ ᠲᠠᠶᠢᠯᠪᠤᠷᠢᠯᠠᠬᠤ ᠠᠷᠭ᠎ᠠ ᠣᠨᠣᠯ ᠲᠦᠭᠡᠮᠡᠯ | ᠢᠯᠡᠷᠡᠵᠦ ᠪᠠᠶᠢᠨ᠎ᠠ᠃ ᠨᠢᠭᠡᠳᠦᠭᠡᠷ ᠲᠤ᠂ ᠰᠢᠯᠦᠭ ᠢᠶᠠᠷ ᠵᠣᠬᠢᠶᠠᠯ ᠰᠢᠬᠦᠮᠵᠢᠯᠡᠬᠦ ᠠᠷᠭ᠎ᠠ ᠪᠠᠷ ᠵᠣᠬᠢᠶᠠᠯ ᠤᠨ ᠤᠳᠬ᠎ᠠ | ᠶᠢᠨ ᠲᠣᠬᠠᠢ ᠦᠵᠡᠯᠳᠡ ᠪᠠᠨ ᠴᠢᠯᠦᠭᠡᠳᠡᠢ ᠢᠯᠡᠳᠭᠡᠵᠦ ᠪᠣᠢ᠃ | ᠠᠭᠸᠠᠩᠳᠠᠨᠳᠠᠷ ᠲᠠᠶᠢᠯᠪᠤᠷᠢ ᠵᠣᠬᠢᠶᠠᠯ ᠲᠣᠳᠣᠷ᠎ᠠ ᠪᠠᠨ ᠲᠠᠬᠢᠯ ᠲᠡᠭᠦᠰᠭᠡᠯ ᠤᠨ ᠰᠢᠯᠦᠭ ᠪᠣᠶᠣ ᠵᠠᠪᠰᠠᠷ ᠤᠨ ᠰᠢᠯᠦᠭ | ᠪᠢᠴᠢᠵᠦ ᠪᠣᠷᠬᠠᠨ ᠪᠣᠳᠢᠰᠡᠳ᠋ᠸᠠ ᠳᠤ ᠵᠠᠯᠪᠠᠷᠢᠨ ᠲᠠᠭᠠᠳᠬᠠᠭᠰᠠᠨ᠂ ᠪᠢᠰᠢᠷᠡᠨ ᠮᠦᠷᠭᠦᠭᠰᠡᠨ ᠰᠡᠳᠬᠢᠯᠭᠡ᠂ ᠵᠣᠬᠢᠶᠠᠯ ᠤᠨ | ᠠᠭᠤᠯᠭ᠎ᠠ ᠰᠠᠨᠠᠭᠠᠨ ᠤ ᠴᠢᠭᠯᠡᠯ᠂ ᠵᠣᠬᠢᠶᠠᠯ ᠤᠨ ᠠᠭᠤᠯᠭ᠎ᠠ ᠶᠢᠨ ᠲᠣᠬᠠᠢ ᠪᠣᠳᠣᠯ ᠲᠦᠷᠦᠭᠳᠡᠯ ᠢᠶᠠᠨ ᠪᠢᠴᠢᠨ | ᠣᠷᠣᠭᠤᠯᠳᠠᠭ ᠪᠠᠶᠢᠨ᠎ᠠ᠃ ᠡᠨᠡ ᠨᠢ ᠦᠨᠡᠨ ᠳᠡᠭᠡᠨ ᠵᠣᠬᠢᠶᠠᠯ ᠪᠦᠳᠦᠭᠡᠯ ᠤᠨ ᠲᠣᠬᠠᠢ ᠨᠢᠭᠡᠨ ᠵᠦᠢᠯ ᠤᠨ ᠰᠢᠬᠦᠮᠵᠢ | ᠪᠣᠯᠬᠤ ᠶᠣᠮ᠃ | ᠠᠭᠸᠠᠩᠳᠠᠨᠳᠠᠷ ᠤᠨ ︽︿ᠱᠠᠪᠢ ᠳᠤᠷ ᠢᠯᠡᠭᠡᠭᠰᠡᠨ ᠪᠢᠴᠢᠭ﹀ ᠤᠨ ᠲᠠᠶᠢᠯᠪᠣᠷᠢ᠂ ᠦᠭᠡᠰ ᠤᠨ ᠣᠳᠬ᠎ᠠ ᠪᠦᠬᠦᠨ ᠢ | ᠲᠣᠳᠣᠷᠠᠭᠤᠯᠣᠭᠴᠢ ᠣᠰᠣᠨ ᠪᠣᠯᠣᠷ ᠲᠣᠯᠢ ᠬᠡᠮᠡᠭᠳᠡᠬᠦ ᠣᠷᠣᠰᠢᠪᠠᠢ︾ ᠶᠢᠨ ᠲᠠᠬᠢᠯ ᠤᠨ ᠰᠢᠯᠦᠭ ᠵᠢᠷᠭᠤᠭᠠᠨ ᠪᠠᠳᠠᠭ | ᠤᠨ ᠬᠠᠮᠤᠭ ᠡᠴᠦᠰ ᠤᠨ ᠨᠢᠭᠡᠨ ᠪᠠᠳᠠᠭ ︽ᠭᠱᠠᠨ ᠵᠠᠭᠤᠷ᠎ᠠ ᠵᠠᠯᠢ ᠲᠡᠭᠦᠯᠳᠡᠷ ᠮᠡᠬᠡᠳᠡᠨ ︵ᠢᠯᠪᠢᠳᠡᠨ︶ ᠤ ᠡᠨᠡ | ᠴᠣᠭᠴᠠ ᠶᠢ᠂ ᠠᠷᠢᠭᠤᠳᠬᠠᠨ ᠪᠠᠷᠢᠭᠠᠳ ᠡᠨᠡ ᠭᠠᠳᠠᠭᠠᠳᠣ ᠪᠦᠬᠦᠨ ᠢ ᠰᠦᠨᠦᠭᠡᠬᠦ ᠶᠣᠰᠣᠨ᠂ ᠰᠠᠶᠢᠨ ᠨᠣᠮᠯᠠᠯ ᠤᠨ | ᠰᠢᠨ᠎ᠡ ᠲᠣᠯᠢ ᠪᠠᠷ ᠡᠭᠦᠨ ᠢ ᠦᠵᠡᠭᠳᠦᠨ᠂ ᠦᠪᠡᠷ ᠤᠨ ᠦᠨᠳᠣᠰᠣᠨ ᠢ ᠭᠬᠢᠷ ᠢᠶᠠᠷ ᠪᠣᠷᠳᠠᠭᠯᠠᠬᠤ ᠶᠣᠰᠣᠨ ᠡᠳᠦᠭᠡ | ᠣᠷᠭᠤᠪᠠᠢ᠃︾ ﹇1﹈ ᠭᠡᠬᠦ ᠰᠢᠯᠦᠭ ᠲᠤ ᠰᠠᠶᠢᠨ ᠨᠣᠮᠯᠠᠯ ᠤᠨ ᠰᠢᠨ᠎ᠡ ᠰᠢᠯ ᠪᠣᠯᠣᠷ ᠲᠣᠯᠢ ᠪᠠᠷ᠂ ᠵᠠᠯᠢ ᠮᠡᠭᠡ ᠶᠢᠨ | ᠴᠣᠭᠴᠠ ᠶᠢ ᠠᠷᠢᠭᠤᠳᠬᠠᠨ ᠮᠠᠭᠤ ᠶᠢ ᠪᠦᠷᠢᠯᠭᠡᠨ ᠰᠦᠨᠦᠭᠡᠬᠦ᠂ ᠭᠬᠢᠷ ᠪᠣᠷᠳᠠᠭᠯᠠᠬᠤ ᠶᠣᠰᠣᠨ ᠢ ᠠᠷᠢᠳᠬᠠᠨ ᠵᠠᠰᠠᠬᠤ | ᠭᠡᠰᠡᠨ ᠦᠵᠡᠯᠳᠡ ᠶᠢ ᠬᠠᠷᠠᠭᠤᠯᠵᠠᠢ᠃ ᠡᠨᠡ ᠲᠠᠬᠢᠯ ᠤᠨ ᠵᠢᠷᠭᠤᠭᠠᠨ ᠰᠢᠯᠦᠭ ᠨᠢ ᠲᠠᠶᠢᠯᠪᠣᠷᠢᠯᠠᠬᠤ ᠭᠡᠰᠡᠨ | ᠵᠦᠢᠯᠡᠰ ᠢᠶᠠᠨ ᠰᠢᠭᠤᠳ ᠲᠠᠶᠢᠯᠪᠣᠷᠢᠯᠠᠭᠠ ᠦᠭᠡᠢ ᠪᠣᠯᠪᠠᠴᠤ᠂ ᠲᠠᠶᠢᠯᠪᠣᠷᠢᠯᠠᠨ ᠰᠢᠬᠦᠮᠵᠢᠯᠡᠬᠦ ᠵᠣᠬᠢᠶᠠᠯ ᠤᠨ | ᠠᠭᠤᠯᠭ᠎ᠠ ᠶᠢᠨ ᠲᠣᠬᠠᠢ ᠶᠡᠷᠣᠩᠬᠡᠢ ᠦᠵᠡᠯ ᠪᠠᠷᠢᠮᠳᠠᠯᠠᠯ ᠤᠨ ᠴᠢᠭᠯᠡᠯ ᠬᠠᠨᠳᠣᠯᠭ᠎ᠠ ᠪᠠᠨ ᠢᠯᠡᠷᠡᠭᠦᠯᠵᠦ᠂ ᠦᠪᠡᠷ ᠤᠨ | ᠦᠵᠡᠯᠳᠡ ᠲᠠᠨᠢᠯᠳᠠ ᠪᠠᠷ ᠵᠠᠷᠢᠮ ᠶᠢᠷᠳᠢᠨᠴᠤ ᠶᠢᠨ ᠮᠣᠷᠣᠢ ᠪᠣᠶᠣ ᠭᠬᠢᠷ ᠪᠣᠷᠳᠠᠭ ᠢ ᠰᠢᠬᠦᠮᠵᠢᠯᠡᠨ ᠦᠭᠦᠯᠡᠭᠰᠡᠨ ᠪᠠᠶᠢᠨ᠎ᠠ | ᠃ ᠮᠦᠨ ᠠᠳᠡ ᠰᠢᠯᠦᠭ ᠵᠣᠬᠢᠶᠠᠯ ᠵᠠᠳᠠᠯᠵᠦ ᠲᠠᠶᠢᠯᠪᠣᠷᠢᠯᠠᠬᠤ ᠶᠢᠨ ᠭᠤᠣᠯ ᠤᠨ ᠣᠳᠬ᠎ᠠ ᠶᠢ ᠠᠳᠡᠭᠦᠷᠡᠯ ᠦᠭᠡᠢ | ᠰᠢᠯᠣᠭᠤᠨ ᠮᠦᠷ ᠲᠤ ᠣᠷᠣᠭᠤᠯᠬᠤ᠂ ᠦᠯᠡᠮᠵᠢ ᠰᠡᠳᠬᠢᠯ ᠲᠡᠯᠭᠡᠷᠡᠬᠦᠯᠬᠦ᠂ ᠦᠭᠡᠰ ᠤᠨ ᠨᠠᠶᠢᠷᠠᠭᠤᠯᠭ᠎ᠠ ᠬᠤᠳᠠᠯᠠ | ᠴᠢᠭᠤᠯᠭᠠᠨ ᠲᠡᠭᠦᠰᠭᠡᠵᠦ ᠠᠮᠳᠠ ᠲᠡᠭᠦᠯᠳᠡᠷ ᠪᠣᠯᠬᠤ᠂ ᠦᠵᠡᠯ ᠪᠣᠳᠣᠯ ᠤᠨ ᠪᠣᠷᠣᠭᠤ ᠭᠬᠢᠷ ᠢ ᠠᠷᠢᠯᠭᠠᠬᠤ᠂ ᠣᠶᠣᠨ ᠢ | ᠮᠣᠩᠬᠠᠷᠠᠭᠤᠯᠬᠤ ᠡᠪᠡᠳᠴᠢᠨ ᠢ ᠲᠠᠷᠣᠩᠭᠤᠶᠢᠯᠠᠬᠤ ᠵᠡᠷᠭᠡ ᠱᠠᠭᠠᠷᠳᠠᠯᠭ᠎ᠠ ᠲᠣᠷᠠᠳᠴᠠᠢ᠃ ᠠᠭᠸᠠᠩᠳᠠᠨᠳᠠᠷ ᠪᠠᠷ ᠲᠣᠰ | ᠲᠠᠶᠢᠯᠪᠣᠷᠢ ᠵᠣᠬᠢᠶᠠᠯ ᠤᠨ ᠲᠡᠭᠦᠰᠭᠡᠯ ᠰᠢᠯᠦᠭ ᠲᠡᠭᠡᠨ ᠪᠠᠰᠠ ︽ᠮᠣᠩᠭᠤᠯ ᠳᠤᠷ ᠦᠢᠯᠡᠳᠦᠭᠰᠡᠨ ᠤ ᠲᠣᠯᠠᠳᠠ | ᠵᠢᠷᠤᠭ ᠤᠨ ᠵᠣᠯᠠ ᠮᠡᠳᠦᠴᠢᠯᠡᠨ᠂ ᠭᠡᠷᠡᠯ ᠤᠨ ᠬᠤᠪᠢ ᠪᠠᠷ ᠬᠤᠭᠤᠰᠣᠨ ᠬᠡᠮᠡᠨ ᠮᠠᠭᠤᠯᠠᠪᠠᠰᠣ ᠦᠯᠦ ᠵᠣᠬᠢᠨᠠᠮ᠂ | ᠲᠦᠪᠡᠳ ᠲᠠᠶᠢᠯᠪᠣᠷᠢ ᠨᠠᠷᠠ ᠰᠢᠩᠭᠡᠭᠰᠡᠨ ᠬᠠᠷᠠᠩᠭᠤᠢ ᠪᠦᠷᠦᠩᠭᠦᠢ ᠳᠤᠷ᠂ ᠭᠠᠯᠳᠣ ᠬᠤᠷᠣᠬᠠᠢ ᠦᠪᠡᠷ ᠤᠨ ᠭᠡᠷᠡᠯ ᠢᠶᠠᠷ | ᠰᠦᠷ ᠲᠠᠢ ᠪᠣᠰᠣ ᠪᠣᠶᠣ᠃︾ ﹇2﹈ ᠭᠡᠵᠦ ᠮᠣᠩᠭᠤᠯ ᠭᠠᠵᠠᠷ ᠤᠨ ᠯᠠᠮᠠ ᠪᠠᠷ ᠲᠠᠶᠢᠯᠪᠣᠷᠢ ᠦᠢᠯᠡᠳᠬᠦ ᠶᠢ ᠭᠡᠷᠡᠯ | ᠭᠡᠭᠡ ᠪᠠᠷ ᠲᠣᠳᠠᠭᠰᠠᠨ ᠪᠣᠶᠣ ᠭᠡᠷᠡᠯ ᠤᠨ ᠬᠡᠮᠵᠢᠶ᠎ᠡ ᠦᠭᠡᠢ ᠭᠡᠵᠦ ᠮᠠᠭᠤᠯᠠᠵᠦ ᠲᠣᠷᠣᠮᠵᠢᠯᠠᠪᠠᠯ ᠵᠣᠬᠢᠰ ᠦᠭᠡᠢ᠂ | ᠲᠦᠪᠡᠳ ᠲᠠᠶᠢᠯᠪᠣᠷᠢ ᠪᠠᠰᠠ ᠨᠠᠷᠠ ᠰᠢᠩᠭᠡᠭᠰᠡᠨ ᠬᠠᠷᠠᠩᠭᠤᠢ ᠪᠦᠷᠦᠩᠭᠦᠢ ᠮᠡᠳᠦ ᠪᠠᠶᠢᠬᠤ ᠲᠤᠯᠠ ᠦᠪᠡᠷ ᠤᠨ ᠡᠨᠡ | ᠲᠠᠶᠢᠯᠪᠣᠷᠢ ᠨᠢ ᠭᠠᠯᠳᠣ ᠬᠤᠷᠣᠬᠠᠢ ᠬᠠᠷᠠᠩᠭᠤᠢ ᠶᠢᠨ ᠲᠣᠮᠳᠠ ᠦᠪᠡᠷ ᠢᠶᠠᠨ ᠭᠡᠷᠡᠯ ᠭᠠᠷᠭᠠᠬᠤ ᠮᠡᠳᠦ ᠰᠦᠷ ᠵᠢᠪᠬᠤᠭ᠎ᠠ | ᠲᠠᠢ ᠪᠢᠰᠢᠤ ᠭᠡᠵᠦ ᠦᠪᠡᠷ ᠤᠨ ᠪᠡᠶ᠎ᠡ ᠪᠠᠨ ᠦᠨᠡᠯᠡᠨ ᠨᠣᠳᠠᠯᠠᠭᠰᠠᠨ ᠪᠠᠶᠢᠳᠠᠭ᠃ ᠠᠳᠡ ᠲᠡᠭᠦᠨ ᠤ ᠪᠠᠷᠳᠠᠮ | ᠣᠮᠣᠭᠯᠠᠩ ᠪᠠᠶᠢᠳᠠᠯ ᠪᠠ ᠡᠷᠳᠡᠮ ᠤᠨ ᠢᠳᠡᠭᠡᠯ ᠢᠯᠡᠷᠡᠵᠦ ᠪᠠᠶᠢᠨ᠎ᠠ᠃ ᠲᠡᠭᠦᠰᠭᠡᠯ ᠤᠨ ᠲᠠᠪᠣᠨ ᠰᠢᠯᠦᠭ ᠲᠤ | ᠵᠣᠬᠢᠶᠠᠭᠴᠢ ᠶᠢᠨ ᠲᠠᠶᠢᠯᠪᠣᠷᠢ ᠰᠢᠬᠦᠮᠵᠢ ᠬᠢᠭᠰᠡᠨ ᠵᠣᠷᠢᠯᠭ᠎ᠠ᠂ ᠬᠢᠭᠰᠡᠨ ᠲᠠᠶᠢᠯᠪᠣᠷᠢ ᠰᠢᠬᠦᠮᠵᠢ ᠶᠢᠨ ᠢᠶᠠᠨ ᠲᠣᠬᠠᠢ | ᠮᠠᠭᠠᠳᠯᠠᠯ᠂ ᠲᠠᠶᠢᠯᠪᠣᠷᠢ ᠰᠢᠬᠦᠮᠵᠢ ᠬᠢᠬᠦ ᠶᠢᠨ ᠱᠠᠭᠠᠷᠳᠠᠯᠭ᠎ᠠ᠂ ᠮᠣᠩᠭᠤᠯ ᠭᠠᠵᠠᠷ ᠰᠣᠳᠣᠷ ᠨᠣᠮ ᠤᠨ ᠲᠠᠶᠢᠯᠪᠣᠷᠢ | ᠰᠢᠬᠦᠮᠵᠢ ᠬᠢᠬᠦ ᠶᠢᠨ ᠠᠴᠢ ᠬᠤᠯᠪᠣᠭᠳᠠᠯ ᠢ ᠲᠣᠷᠠᠳᠣᠨ ᠦᠭᠦᠯᠡᠭᠰᠡᠨ ᠶᠣᠮ᠃ | ᠠᠭᠸᠠᠩᠳᠠᠨᠳᠠᠷ ᠤᠨ ᠣᠳᠬ᠎ᠠ ᠠᠭᠤᠯᠭ᠎ᠠ ᠶᠢᠨ ᠲᠣᠬᠠᠢ ᠲᠠᠶᠢᠯᠪᠣᠷᠢ ᠰᠢᠬᠦᠮᠵᠢᠯᠡᠯ ᠨᠢ ᠲᠡᠭᠦᠨ ᠤ ᠵᠠᠪᠰᠠᠷ ᠤᠨ ᠰᠢᠯᠦᠭ | ᠲᠤ ᠪᠠᠰᠠ ᠢᠯᠡᠷᠡᠳᠡᠭ ᠪᠠᠶᠢᠨ᠎ᠠ᠃ ᠮᠦᠨ ᠡᠨᠡ ︽︿ᠱᠠᠪᠢ ᠳᠠᠭᠠᠨ ᠢᠯᠡᠭᠡᠭᠰᠡᠨ ᠪᠢᠴᠢᠭ﹀ ᠤᠨ ᠲᠠᠶᠢᠯᠪᠣᠷᠢ︾ ᠭᠡᠬᠦ | ᠵᠣᠬᠢᠶᠠᠯ ᠤᠨ ᠲᠣᠮᠳᠠ ᠪᠠᠨ ᠲᠡᠷᠡ ᠶᠢᠷᠲᠢᠨᠴᠤ ᠶᠢᠨ ᠬᠦᠮᠦᠰ ᠤᠨ ᠵᠣᠪᠠᠯᠠᠩ ᠤᠨ ᠲᠣᠬᠠᠢ ᠲᠠᠶᠢᠯᠪᠣᠷᠢ ᠬᠢᠭᠰᠡᠨ ᠤ | ᠲᠠᠷᠠᠭ᠎ᠠ ᠵᠠᠪᠰᠠᠷ ᠤᠨ ᠰᠢᠯᠦᠭ ᠪᠢᠴᠢᠭᠰᠡᠨ ᠪᠠᠶᠢᠳᠠᠭ᠃ | ︽ᠵᠣᠪᠠᠯ ᠵᠢᠷᠭᠠᠯ ᠪᠠᠷ ᠡᠷᠡᠮᠰᠢᠭᠴᠢ ᠨᠦᠭᠦᠳ ᠤᠨ ᠲᠠᠴᠢᠶᠠᠯ ᠬᠦᠰᠡᠯ ᠤᠨ | ᠭᠡᠮᠳᠦ ᠦᠵᠡᠯ ᠢ ᠢᠯᠡ ᠨᠣᠮᠯᠠᠭᠰᠠᠨ ᠡᠨᠡ ᠭᠤᠣᠯ ︵ᠶᠣᠰᠣ︶ ᠢᠶᠠᠷ ᠠᠶᠢᠯᠠᠳᠣᠨ | ᠴᠢᠬᠢᠨ ᠨᠠᠮᠠᠭᠠᠨ ᠳᠠᠭᠠᠨ ᠵᠡᠭᠦᠬᠦ ᠦᠭᠡᠢ ᠦᠯᠢᠭᠡᠷ ᠲᠤᠷ ᠡᠰᠡ ᠣᠳᠬᠤ ᠪᠠᠷ | ᠬᠦᠰᠡᠯ ᠤᠨ ᠡᠷᠳᠡᠮ ᠤᠨ ᠭᠤᠣᠯ ᠲᠠᠶᠢᠰᠣᠨ ᠪᠠᠷ ᠵᠦᠷᠢᠯᠳᠦᠬᠦ ᠵᠣᠬᠢᠰᠳᠠᠢ᠃ | ᠦᠨᠳᠣᠰᠣᠨ ᠤ ᠡᠷᠬᠡ ᠳᠤᠷ ᠰᠢᠳᠦᠵᠦ ᠲᠠᠭᠠᠨ ᠣᠷᠣᠰᠢᠭᠰᠠᠨ ᠴᠤ | ᠲᠡᠷᠡ ᠦᠶᠡᠰ ᠦᠰᠦᠭ ᠤᠨ ᠠᠳᠡᠭᠦᠷᠡᠯ ᠳᠤᠷ ᠪᠠᠷ᠎ᠠ ᠪᠣᠯᠣᠭᠴᠢ ᠪᠠᠷ ᠮᠦᠷ ᠢ ᠪᠣᠷᠣᠭᠤ ᠦᠵᠡᠭᠦᠯᠦᠮᠣᠢ | ᠲᠡᠭᠦᠨ ᠠᠴᠠ ᠮᠡᠳᠡᠭᠡ ︵ᠲᠠᠨᠢᠬᠤ ᠦᠭᠡᠢ︶ ᠦᠭᠡᠢ ᠡᠰᠢ ᠳᠤᠷ ᠲᠣᠯᠣᠭᠠᠢ ᠲᠦᠢᠷᠡᠬᠦ ᠲᠣᠯᠠ | ᠣᠷᠭᠤᠵᠦ ᠣᠨᠠᠬᠤᠢ ᠳᠤᠷ ᠲᠣᠬᠢᠶ᠎ᠠ ᠣᠴᠠᠷᠠᠭᠤᠯᠣᠭᠴᠢ ᠣᠯᠠᠨ ᠪᠠᠶᠢᠭᠰᠠᠨ ᠤ ᠪᠣᠶᠣ᠃ | ᠲᠡᠶᠢᠨ ᠠᠳᠠᠯ᠎ᠠ ᠰᠠᠶᠢᠨ ᠨᠣᠮᠯᠠᠯ ᠤᠨ ᠨᠠᠷᠠᠨ ᠤ ᠭᠡᠷᠡᠯ ᠢ ᠣᠷᠭᠤᠭᠤᠯᠬᠤ ᠳᠤᠷ ᠪᠡᠷᠬᠡ ᠴᠤ | ᠪᠣᠷᠣᠭᠤ ᠦᠵᠡᠯ ᠦᠷ ᠴᠠᠶᠢᠬᠤ ᠲᠡᠳᠦᠶᠢᠬᠡᠨ ᠣᠷᠭᠤᠵᠦ ᠪᠠᠶᠢᠳᠠᠭ ᠲᠣᠯᠠ | ᠦᠭᠡᠰ ᠤᠨ ᠠᠶᠠᠰ ᠲᠡᠳᠦᠶᠢᠬᠡᠨ ᠬᠦᠷᠦᠭ ᠲᠦᠷᠰᠦ ᠶᠢ ᠦᠵᠡᠬᠦ ᠶᠢ ᠬᠦᠰᠡᠪᠡᠰᠦ | ᠰᠢᠳᠦᠬᠦᠢ ᠳᠤᠷ ᠵᠣᠬᠢᠰᠳᠠᠢ ᠪᠣᠯᠠᠢ ᠬᠡᠮᠡᠨ ᠣᠶᠣᠨ ᠲᠡᠭᠦᠯᠳᠡᠷ ᠨᠦᠭᠦᠳ ᠪᠠᠶᠠᠰᠣᠮᠣᠢ᠃︾ ﹇3﹈ | ᠡᠨᠡ ᠭᠤᠷᠪᠠᠨ ᠰᠢᠯᠦᠭ ᠲᠤ ᠠᠭᠸᠠᠩᠳᠠᠨᠳᠠᠷ ᠤᠨ ᠶᠢᠷᠳᠢᠨᠴᠤ ᠶᠢᠨ ᠵᠣᠪᠠᠯᠠᠩ ᠵᠢᠷᠭᠠᠯᠠᠩ ᠤᠨ ᠲᠣᠬᠠᠢ ᠦᠵᠡᠯ ᠪᠠ | ᠰᠣᠳᠣᠷ ᠤᠨ ᠦᠨᠳᠣᠰᠣᠨ ᠢ ᠬᠡᠷᠬᠢᠨ ᠰᠢᠳᠦᠵᠦ ᠮᠦᠷ ᠢ ᠪᠣᠷᠣᠭᠤ ᠦᠵᠡᠬᠦᠯᠬᠦ ᠠᠴᠠ ᠵᠠᠶᠢᠯᠠᠬᠤ᠂ ᠰᠠᠶᠢᠨ ᠨᠣᠮᠯᠠᠯ ᠤᠨ | ᠨᠠᠷᠠᠨ ᠤ ᠭᠡᠷᠡᠯ ᠢ ᠬᠦᠰᠡᠨ ᠰᠢᠳᠦᠬᠦ ᠲᠣᠬᠠᠢ ᠦᠵᠡᠯᠳᠡ ᠪᠠᠨ ᠢᠯᠡᠳᠭᠡᠭᠰᠡᠨ ᠶᠣᠮ᠃ ᠡᠨᠡ ᠪᠣᠯ ᠦᠨᠡᠨ ᠳᠡᠭᠡᠨ | ᠰᠢᠬᠦᠮᠵᠢᠯᠡᠭᠴᠢ ᠶᠢᠨ ᠰᠢᠬᠦᠮᠵᠢᠯᠡᠭᠳᠡᠬᠦ ᠵᠣᠬᠢᠶᠠᠯ ᠤᠨ ᠠᠭᠤᠯᠭ᠎ᠠ ᠶᠢᠨ ᠲᠣᠬᠠᠢ ᠦᠪᠡᠷ ᠤᠨ ᠪᠡᠶᠡᠴᠢ ᠰᠢᠬᠦᠮᠵᠢᠯᠡᠯ ᠤᠨ | ᠦᠵᠡᠯᠳᠡ ᠪᠠᠨ ᠲᠡᠪᠰᠢᠬᠦᠯᠦᠭᠰᠡᠨ ᠶᠠᠪᠣᠳᠠᠯ ᠪᠣᠯᠬᠤ ᠶᠣᠮ᠃ ᠡᠭᠦᠨ ᠠᠴᠠ ᠦᠵᠡᠬᠦ ᠳᠤ ᠲᠡᠷᠡ ᠦᠶ᠎ᠡ ᠶᠢᠨ ᠮᠣᠩᠭᠤᠯ | ᠯᠠᠮᠠ ᠡᠷᠳᠡᠮᠳᠡᠳ ᠰᠣᠳᠣᠷ ᠨᠣᠮ᠂ ᠵᠣᠬᠢᠶᠠᠯ ᠪᠦᠳᠦᠭᠡᠯ ᠢ ᠲᠠᠶᠢᠯᠪᠣᠷᠢᠯᠠᠬᠤ ᠳᠠᠭᠠᠨ ᠵᠦᠪᠬᠡᠨ ᠦᠭᠡ ᠦᠭᠡᠰ ᠢ | ᠮᠦᠷᠳᠡᠨ ᠲᠠᠭᠠᠵᠦ ᠲᠠᠶᠢᠯᠪᠣᠷᠢᠯᠠᠭᠰᠠᠨ ᠪᠢᠰᠢ᠂ ᠪᠠᠰᠠ ᠲᠠᠶᠢᠯᠪᠣᠷᠢᠯᠠᠭᠰᠠᠨ ᠵᠦᠢᠯ ᠤᠨ ᠢᠶᠠᠨ ᠠᠭᠤᠯᠭ᠎ᠠ ᠣᠳᠬ᠎ᠠ ᠶᠢᠨ | ᠲᠣᠬᠠᠢ ᠦᠪᠡᠷ ᠤᠨ ᠦᠵᠡᠯᠳᠡ ᠪᠠᠨ ᠴᠢᠯᠦᠭᠡᠳᠡᠢ ᠶᠠᠷᠢᠵᠦ ᠰᠢᠬᠦᠮᠵᠢᠯᠡᠨ ᠦᠭᠦᠯᠡᠵᠦ ᠪᠠᠶᠢᠵᠠᠢ᠃ ᠲᠡᠭᠡᠷᠡᠬᠢ ᠭᠤᠷᠪᠠᠨ | ᠵᠠᠪᠰᠠᠷ ᠤᠨ ᠰᠢᠯᠦᠭ ᠲᠤ᠂ ᠵᠣᠪᠠᠯᠠᠩ ᠵᠢᠷᠭᠠᠯ ᠤᠨ ᠶᠢᠷᠳᠢᠨᠴᠤ ᠶᠢᠨ ᠡᠭᠡᠯ ᠦᠵᠡᠯᠳᠡ ᠳᠤ ᠡᠷᠡᠮᠰᠢᠨ ᠮᠣᠩᠬᠠᠷᠠᠭᠰᠠᠨ | ᠬᠦᠮᠦᠰ ᠤᠨ ᠭᠡᠮᠳᠣ ᠦᠵᠡᠯ ᠢ ᠲᠣᠰ ᠰᠣᠳᠣᠷ ︵︽ᠱᠠᠪᠢ ᠳᠤᠷ ᠢᠯᠡᠭᠡᠭᠰᠡᠨ ᠪᠢᠴᠢᠭ︾︶ ᠲᠤ ᠠᠶᠢᠯᠠᠳᠴᠤ | ᠪᠠᠶᠢᠬᠤ ᠳᠤ᠂ ᠲᠡᠭᠦᠨ ᠢ ᠴᠢᠬᠢᠨ ᠨᠠᠮᠠᠭᠠᠨ ᠳᠠᠭᠠᠨ ᠲᠣᠭᠳᠠᠭᠠᠬᠤ ᠦᠭᠡᠢ ᠪᠠᠶᠢᠵᠦ ᠪᠣᠯᠬᠤ ᠦᠭᠡᠢ᠂ ᠬᠦᠰᠡᠯ ᠤᠨ | ᠲᠠᠪᠣᠨ ᠡᠷᠳᠡᠮ ᠤᠨ ᠲᠠᠶᠢᠰᠣᠨ ᠲᠠᠢ ᠬᠠᠷᠭᠤᠵᠦ ᠵᠦᠷᠢᠬᠦ ᠬᠡᠷᠡᠭᠳᠡᠢ ᠭᠡᠵᠦ ᠢᠳᠬᠠᠭᠰᠠᠨ ᠪᠠ᠂ ᠬᠡᠷᠪᠡ ᠲᠣᠰ | ᠰᠣᠳᠣᠷ ᠤᠨ ᠭᠤᠣᠯ ᠦᠵᠡᠯ ᠢ ᠲᠠᠭᠠᠨ ᠪᠠᠷᠢᠮᠳᠠᠯᠠᠭᠰᠠᠨ ᠴᠤ᠂ ᠦᠭᠡ ᠦᠭᠡᠰ ᠪᠣᠷᠣᠭᠤ ᠭᠡᠮᠳᠣ ᠪᠣᠯᠣᠭᠰᠠᠨ ᠢᠶᠠᠷ | ᠮᠦᠷ ᠢ ᠪᠣᠷᠣᠭᠤ ᠦᠵᠡᠬᠦᠯᠬᠦ ᠪᠣᠯᠵᠦ᠂ ᠲᠡᠭᠡᠵᠦ ᠦᠵᠡᠬᠦᠯᠦᠭᠰᠡᠨ ᠠᠴᠠ ᠪᠣᠯᠵᠦ᠂ ᠲᠠᠶᠢᠯᠪᠣᠷᠢᠯᠠᠭᠰᠠᠨ ᠵᠦᠢᠯᠡᠰ | ᠣᠬᠠᠭᠳᠠᠬᠤ ᠦᠭᠡᠢ ᠪᠣᠯᠬᠤ ᠲᠣᠯᠠ᠂ ᠣᠯᠠᠨ ᠲᠣᠬᠢᠶ᠎ᠠ ᠣᠴᠠᠷᠠᠭᠤᠯᠣᠭᠴᠢ ᠨᠢ ᠣᠷᠭᠤᠬᠤ ᠪᠠ ᠣᠨᠠᠬᠤ ᠶᠢᠨ | ᠵᠠᠩᠭᠢᠯᠠᠭ᠎ᠠ ᠪᠣᠯᠳᠠᠭ ᠭᠡᠵᠦ ᠦᠵᠡᠭᠰᠡᠨ ᠪᠠᠶᠢᠪᠠ᠃ ᠡᠶᠢᠮᠦ ᠳᠤ᠂ ᠪᠣᠷᠣᠭᠤ ᠦᠵᠡᠯ ᠶᠡᠷᠣᠨᠢ ᠲᠠᠰᠣᠷᠠᠰᠢ ᠦᠭᠡᠢ | ᠣᠷᠭᠤᠭᠠᠳ ᠪᠠᠶᠢᠳᠠᠭ ᠲᠣᠯᠠ᠂ ᠰᠠᠶᠢᠨ ᠨᠣᠮᠯᠠᠯ ᠤᠨ ᠨᠠᠷᠠᠨ ᠤ ᠭᠡᠷᠡᠯ ᠢ ᠣᠷᠭᠤᠭᠤᠯᠬᠤ ᠳᠤ ᠪᠡᠷᠬᠡ ᠴᠣ᠋᠂ ᠲᠡᠭᠦᠨ ᠤ | ᠲᠦᠷᠰᠦ ᠬᠦᠷᠦᠭ ᠲᠡᠳᠦᠶᠢᠬᠡᠨ ᠢ ᠴᠤ ᠦᠵᠡᠭᠡᠳ ᠪᠠᠶᠢᠬᠤ ᠨᠢ ᠵᠣᠬᠢᠰᠳᠠᠢ ᠭᠡᠵᠦ ᠰᠠᠶᠢᠨ ᠨᠣᠮᠯᠠᠯ ᠢ ᠬᠦᠭᠡᠭᠡᠴᠡᠯᠳᠦᠬᠦ | ᠵᠣᠷᠢᠭ ᠬᠦᠰᠡᠯ ᠢᠶᠠᠨ ᠢᠯᠡᠳᠭᠡᠵᠡᠢ᠃ ᠠᠳᠡ ᠠᠭᠸᠠᠩᠳᠠᠨᠳᠠᠷ ᠤᠨ ᠵᠣᠬᠢᠶᠠᠯ ᠪᠦᠳᠦᠭᠡᠯ ᠤᠨ ᠣᠳᠬ᠎ᠠ ᠠᠭᠤᠯᠭ᠎ᠠ ᠶᠢᠨ | ᠲᠣᠬᠠᠢ ᠦᠨᠡᠯᠡᠯᠳᠡ ᠰᠢᠬᠦᠮᠵᠢᠯᠡᠯ ᠪᠦᠷᠢᠨ ᠢᠯᠡᠷᠡᠵᠡᠢ᠃ ᠡᠭᠦᠨ ᠠᠴᠠ ᠰᠢᠬᠦᠮᠵᠢᠯᠡᠭᠴᠢ ᠶᠢᠨ ᠪᠡᠶᠡᠴᠢ ᠰᠢᠬᠦᠮᠵᠢᠯᠡᠯ ᠤᠨ | ᠦᠵᠡᠯᠳᠡ ᠶᠢ ᠣᠯᠵᠦ ᠬᠠᠷᠠᠵᠦ ᠪᠣᠯᠣᠨ᠎ᠠ᠃ ᠬᠤᠶᠠᠳᠣᠭᠠᠷ ᠲᠤ᠂ ᠤᠳᠬ᠎ᠠ ᠪᠠ ᠴᠢᠮᠡᠭ ᠤᠨ ᠲᠠᠶᠢᠯᠪᠣᠷᠢ | ᠣᠶᠠᠯᠳᠣᠭᠰᠠᠨ ᠣᠨᠣᠪᠴᠢᠯᠢᠭ ᠬᠠᠶᠢᠨ ᠮᠦᠷᠳᠡᠭᠰᠡᠨ ᠰᠣᠳᠣᠯᠣᠯ ᠲᠠᠶᠢᠯᠪᠤᠷᠢ ᠶᠢᠨ ᠠᠷᠭ᠎ᠠ ᠵᠠᠭᠪᠣᠷ ᠢᠯᠡᠷᠡᠪᠡ᠃ | ᠠᠭᠸᠠᠩᠳᠠᠨᠳᠠᠷ ᠤᠨ ︽︿ᠱᠠᠪᠢ ᠳᠤᠷ ᠢᠯᠡᠭᠡᠭᠰᠡᠨ ᠪᠢᠴᠢᠭ﹀ ᠤᠨ ᠲᠠᠶᠢᠯᠪᠣᠷᠢ︾ ᠭᠡᠬᠦ ᠵᠣᠬᠢᠶᠠᠯ ᠳᠤ ᠨᠡᠩ ᠣᠯᠠᠨ | ᠵᠦᠢᠯ ᠤᠨ ᠲᠠᠶᠢᠯᠪᠣᠷᠢ ᠶᠢᠨ ᠠᠷᠭ᠎ᠠ ᠢᠯᠡᠷᠡᠵᠦ᠂ ᠣᠷᠢᠳᠠᠪᠠᠷ ᠠᠭᠤᠯᠭ᠎ᠠ ᠲᠠᠷᠠᠭ᠎ᠠ ᠨᠢ ᠨᠠᠶᠢᠷᠠᠭᠤᠯᠭ᠎ᠠ ᠶᠢ ᠰᠢᠬᠦᠮᠵᠢᠯᠡᠨ | ᠦᠭᠦᠯᠡᠬᠦ ᠲᠠᠶᠢᠯᠪᠣᠷᠢ ᠰᠢᠬᠦᠮᠵᠢ ᠶᠢᠨ ᠠᠷᠭ᠎ᠠ ᠪᠠᠶᠢᠬᠤ ᠪᠠᠷ ᠪᠠᠷᠠᠬᠤ ᠦᠭᠡᠢ ᠪᠠᠰᠠ ᠠᠭᠤᠯᠭ᠎ᠠ ᠪᠠ ᠨᠠᠶᠢᠷᠠᠭᠤᠯᠭ᠎ᠠ ᠶᠢ | ᠬᠠᠮᠳᠣ ᠳᠤ ᠨᠢ ᠠᠭᠤᠰᠬᠠᠨ ᠶᠠᠪᠣᠭᠳᠠᠭᠤᠯᠵᠦ᠂ ᠠᠭᠤᠯᠭ᠎ᠠ ᠶᠢ ᠲᠠᠶᠢᠯᠪᠣᠷᠢᠯᠠᠬᠤ ᠲᠣᠮᠳᠠ ᠨᠠᠶᠢᠷᠠᠭᠤᠯᠭ᠎ᠠ ᠶᠢ ᠵᠠᠳᠠᠯᠵᠦ | ᠂ ᠨᠠᠶᠢᠷᠠᠭᠤᠯᠭ᠎ᠠ ᠶᠢᠨ ᠠᠷᠭ᠎ᠠ ᠶᠢ ᠵᠠᠳᠠᠯᠬᠤ ᠲᠣᠮᠳᠠ ᠣᠳᠬ᠎ᠠ ᠠᠭᠤᠯᠭ᠎ᠠ ᠶᠢ ᠨᠢ ᠲᠣᠳᠣᠷᠬᠠᠶᠢᠯᠠᠬᠤ ᠠᠷᠭ᠎ᠠ ᠴᠤ | ᠬᠡᠷᠡᠭᠯᠡᠭᠳᠡᠭᠰᠡᠨ ᠪᠠᠶᠢᠨ᠎ᠠ᠃ ︽ᠦᠯᠵᠡᠶᠢᠳᠦ ᠰᠡᠳᠬᠢᠯ ᠳᠤ ᠵᠣᠬᠢᠰᠳᠣ ᠮᠠᠰᠢᠳᠠ ᠭᠠᠶᠢᠬᠠᠮᠰᠢᠭᠳᠣ ᠲᠡᠭᠦᠰᠦᠭᠰᠡᠨ ᠪᠡᠶ᠎ᠡ | ᠶᠢ᠂ ᠦᠪᠡᠷ ᠤᠨ ᠬᠡᠰᠢᠭ ᠦᠴᠦᠬᠡᠨ ᠲᠦᠷᠦᠯᠬᠢᠳᠡᠨ ᠪᠠᠷ ᠣᠯᠵᠦ ᠦᠵᠡᠬᠦ ᠳᠤ ᠪᠡᠷᠬᠡ᠂ ᠦᠩᠭᠡᠳᠣ ᠶᠢᠷᠳᠢᠨᠴᠦ ᠶᠢᠨ | ᠢᠯᠡᠳᠳᠡ ᠬᠦᠰᠡᠯ ᠤᠨ ᠭᠤᠷᠢᠳᠠᠯ ᠢᠶᠠᠨ ᠪᠦᠳᠦᠭᠡᠬᠦ ᠠᠯᠢᠮᠠᠳ᠂ ᠦᠨᠡᠨᠬᠦ ᠰᠡᠳᠬᠢᠯ ᠢ ᠬᠠᠩᠭᠠᠭᠴᠢ ᠴᠢᠨᠳᠠᠮᠠᠨᠢ ᠮᠡᠳᠦ | ᠪᠣᠰᠣᠳ ᠤᠨ ᠲᠣᠰᠠ ᠶᠢ ᠨᠢᠭᠡᠨ ᠴᠢᠨᠠᠷ ᠢᠶᠠᠷ ᠦᠢᠯᠡᠳᠦᠮᠣᠢ︾ ﹇4﹈ ᠭᠡᠬᠦ ᠰᠢᠯᠦᠭ ᠢ ᠲᠠᠶᠢᠯᠪᠤᠷᠢᠯᠠᠬᠤ ᠳᠠᠭᠠᠨ | ᠪᠣᠷᠬᠠᠨ ᠪᠣᠯ ᠨᠢᠰᠸᠠᠨᠢᠰ ᠤᠨ ᠲᠦᠢᠳᠭᠡᠷ ᠪᠠ ᠮᠡᠳᠡᠯᠭᠡ ᠶᠢᠨ ᠲᠦᠢᠳᠭᠡᠷ ᠭᠡᠬᠦ ᠬᠤᠶᠠᠷ ᠲᠦᠢᠳᠭᠡᠷᠯᠡᠭᠴᠢ ᠶᠢ | ᠡᠭᠦᠷᠢᠳᠡ ᠲᠡᠪᠴᠢᠭᠰᠡᠨ ᠣᠴᠢᠷ ᠠᠴᠠ ᠪᠡᠶ᠎ᠡ ᠨᠢ ᠦᠯᠵᠡᠢ ᠲᠠᠢ ᠪᠦᠭᠡᠳ ᠪᠣᠰᠣᠳ ᠲᠤ ᠲᠣᠰᠠᠯᠠᠬᠤ ᠦᠪᠡᠷ ᠴᠢᠨᠠᠷ | ᠲᠠᠢ ᠪᠣᠯᠵᠦ᠂ ᠰᠡᠳᠬᠢᠯ ᠳᠤ ᠵᠣᠬᠢᠰᠳᠠᠢ ᠪᠦᠭᠡᠳ ᠲᠡᠭᠡᠳᠦ ᠡᠷᠬᠢᠮ᠂ ᠭᠤᠷᠪᠠᠨ ᠶᠢᠷᠳᠢᠨᠴᠤ ᠳᠤ ᠭᠠᠶᠢᠬᠠᠮᠰᠢᠭᠳᠣ | ᠭᠤᠷᠪᠠᠨ ᠪᠡᠶ᠎ᠡ ᠶᠢ ᠲᠡᠭᠦᠰᠭᠡᠭᠰᠡᠨ ᠲᠣᠯᠠ᠂ ᠴᠣᠭᠯᠠᠭᠤᠯᠵᠦ ᠬᠤᠷᠢᠶᠠᠭᠰᠠᠨ ᠬᠤᠪᠢ ᠬᠡᠰᠢᠭ ᠨᠢ ᠪᠠᠭ᠎ᠠ ᠦᠴᠦᠬᠡᠨ | ᠲᠦᠷᠦᠯᠬᠢᠳᠡᠨ ᠨᠦᠭᠦᠳ ᠣᠯᠵᠦ ᠦᠵᠡᠬᠦᠶ᠎ᠡ ᠪᠡᠷᠬᠡ ᠭᠡᠵᠦ ᠲᠠᠶᠢᠯᠪᠣᠷᠢᠯᠠᠨ ᠰᠢᠬᠦᠮᠵᠢᠯᠡᠭᠡᠳ᠂ ᠡᠨᠡ ᠬᠦ ᠦᠵᠡᠯᠳᠡ | ᠪᠠᠨ ᠣᠯᠠᠮ ᠨᠣᠳᠠᠯᠠᠬᠤ ᠶᠢᠨ ᠲᠦᠯᠦᠭᠡ ︽ᠰᠣᠳᠣᠷ ᠤᠨ ᠠᠶᠢᠮᠠᠭ ᠤᠨ ᠴᠢᠮᠡᠭ︾ ᠠᠴᠠ ᠨᠢᠭᠡᠨ ᠪᠠᠳᠠᠭ ᠰᠢᠯᠦᠭ ᠢ | ᠡᠰᠢᠯᠡᠨ᠂ ᠲᠡᠷᠡ ᠰᠢᠯᠦᠭ ᠲᠡᠭᠡᠨ ᠪᠠᠰᠠ ᠲᠠᠶᠢᠯᠣᠯᠳᠠ ᠬᠢᠭᠰᠡᠨ ᠨᠢ ᠲᠠᠪᠬᠤᠷ ᠲᠠᠶᠢᠯᠣᠯᠳᠠ ᠪᠣᠯᠵᠦ᠂ ᠣᠭ | ᠰᠢᠯᠦᠭ ᠤᠨ ᠰᠠᠨᠠᠭ᠎ᠠ ᠶᠢ ᠣᠯᠠᠮ ᠲᠣᠪᠣᠶᠢᠮ᠎ᠠ ᠢᠳᠡ ᠬᠦᠴᠦᠳᠡᠢ ᠪᠣᠯᠭᠠᠨ ᠦᠵᠡᠬᠦᠯᠵᠡᠢ᠃ ᠭᠡᠬᠦ ᠳᠡᠭᠡᠨ ᠵᠣᠬᠢᠰᠳᠣ | ᠠᠶᠠᠯᠭᠤᠨ ᠤ ᠴᠢᠮᠡᠭ ᠤᠨ ᠣᠨᠣᠯ ᠤᠨ ᠡᠭᠦᠳᠡᠨ ᠠᠴᠠ ᠠᠵᠢᠭᠯᠠᠯᠳᠠ ᠬᠢᠵᠦ᠂ ᠲᠡᠭᠡᠷᠡᠬᠢ ᠬᠤᠶᠠᠷ ᠰᠢᠯᠦᠭ ᠨᠢ | ᠭᠤᠴᠢᠨ ᠬᠤᠶᠠᠷ ᠦᠯᠢᠭᠡᠷ ᠤᠨ ᠴᠢᠮᠡᠭ ᠤᠨ ᠪᠣᠳᠠ ᠶᠢᠨ ᠦᠯᠢᠭᠡᠷᠯᠡᠯ ᠪᠠ ᠨᠣᠮ ᠤᠨ ᠦᠯᠢᠭᠡᠷᠯᠡᠯ ᠬᠤᠶᠠᠷ ᠴᠢᠮᠡᠭ ᠢ | ᠬᠡᠷᠡᠭᠯᠡᠭᠰᠡᠨ ᠭᠡᠵᠦ ᠨᠠᠶᠢᠷᠠᠭᠤᠯᠭ᠎ᠠ ᠶᠢᠨ ᠠᠷᠭ᠎ᠠ ᠶᠢ ᠨᠢ ᠲᠣᠳᠣᠷᠠᠭᠤᠯᠣᠨ ᠲᠠᠶᠢᠯᠪᠣᠷᠢᠯᠠᠭᠰᠠᠨ ᠪᠠᠶᠢᠨ᠎ᠠ᠃ | ᠠᠭᠸᠠᠩᠳᠠᠨᠳᠠᠷ ᠤᠨ ︽ᠵᠠᠷᠢᠮ ᠨᠢᠭᠡᠨ ᠰᠣᠳᠣᠷ ᠤᠨ ᠦᠭᠡᠰ ᠤᠨ ᠲᠠᠶᠢᠯᠪᠣᠷᠢ ᠭᠠᠯᠪᠠᠷᠠᠭᠴᠠ ᠶᠢᠨ ᠮᠣᠳᠣᠨ ᠬᠡᠮᠡᠭᠳᠡᠬᠦ | ᠣᠷᠣᠰᠢᠪᠠᠢ︾ ᠭᠡᠬᠦ ᠲᠠᠶᠢᠯᠪᠣᠷᠢ ᠵᠣᠬᠢᠶᠠᠯ ᠳᠤ ᠪᠠᠰᠠ ᠰᠢᠯᠦᠭ ᠢ ᠲᠠᠶᠢᠯᠪᠣᠷᠢᠯᠠᠨ ᠰᠢᠬᠦᠮᠵᠢᠯᠡᠬᠦ ᠳᠡᠭᠡᠨ ᠦᠭᠡ | ᠦᠭᠡᠰ ᠤᠨ ᠣᠳᠬ᠎ᠠ ᠶᠢ ᠲᠠᠶᠢᠯᠬᠤ᠂ ᠰᠢᠯᠦᠭ ᠤᠨ ᠣᠳᠬ᠎ᠠ ᠶᠢ ᠲᠠᠶᠢᠯᠬᠤ᠂ ᠴᠢᠮᠡᠭ ᠤᠨ ᠵᠠᠳᠠᠯᠣᠯᠳᠠ ᠬᠢᠬᠦ | ᠵᠠᠭᠪᠣᠷ ᠢᠶᠠᠷ ᠶᠠᠪᠣᠭᠳᠠᠵᠠᠢ᠃ ᠵᠢᠱᠢᠶᠡᠯᠡᠪᠡᠯ᠂ ᠵᠣᠬᠢᠶᠠᠯ ᠤᠨ ᠬᠠᠮᠤᠭ ᠡᠬᠢᠨ ᠳᠤ᠄ ︽︵ᠣᠷᠢ︶ ᠵᠠᠯᠠᠭᠤ ᠪᠦᠭᠡᠳ | ᠦᠵᠡᠰᠭᠦᠯᠡᠩ ᠢ ᠪᠠᠷᠢᠭᠴᠢ᠂ ︵ᠣᠬᠠᠭᠠᠨ︶ ᠪᠢᠯᠢᠭ ᠤᠨ ᠵᠣᠯᠠ ᠪᠠᠷ ᠰᠠᠶᠢᠳᠣᠷ ᠴᠢᠮᠡᠭᠯᠡᠭᠰᠡᠨ᠂ ︵ᠣᠭᠤᠭᠠᠳᠠ︶ | ᠭᠤᠷᠪᠠᠨ ᠶᠢᠷᠳᠢᠨᠴᠤ ᠶᠢᠨ ᠬᠠᠷᠠᠩᠭᠤᠢ ᠶᠢ ᠠᠷᠢᠯᠭᠠᠭᠴᠢ᠂ ︵ᠠᠭᠤᠣ︶ ᠵᠦᠭᠡᠯᠡᠨ ᠡᠭᠡᠰᠢᠭᠳᠦ ᠳᠤᠷ ᠮᠦᠷᠭᠦᠮᠣᠢ︾ ﹇ | 5﹈ ᠭᠡᠬᠦ ᠰᠢᠯᠦᠭ ᠤᠨ ᠣᠳᠬ᠎ᠠ ᠶᠢ ᠲᠠᠶᠢᠯᠣᠭᠰᠠᠨ ᠤ ᠲᠠᠷᠠᠭ᠎ᠠ ᠪᠢᠯᠢᠭ ᠲᠤᠷ ᠵᠣᠯᠠ ᠪᠠ ᠬᠠᠷᠠᠩᠭᠤᠢ ᠶᠢᠨ ᠲᠦᠷᠰᠦ | ᠶᠢ ᠵᠣᠬᠢᠶᠠᠭᠰᠠᠨ ᠠᠴᠠ ᠵᠣᠬᠢᠰᠳᠣ ᠠᠶᠠᠯᠭᠤᠨ ᠤ ᠬᠤᠶᠠᠳᠣᠭᠠᠷ ᠪᠦᠯᠦᠭ ᠤᠨ ᠲᠦᠷᠰᠦᠳᠦ ᠴᠢᠮᠡᠭ ᠤᠨ ᠶᠣᠰᠣ ᠲᠠᠢ | ᠵᠣᠬᠢᠴᠠᠯᠳᠣᠭᠰᠠᠨ ᠭᠡᠵᠦ ᠰᠢᠬᠦᠮᠵᠢᠯᠡᠨ ᠲᠠᠶᠢᠯᠪᠣᠷᠢᠯᠠᠪᠠ᠃ | ᠠᠭᠸᠠᠩᠳᠠᠨᠳᠠᠷ᠂ ᠠᠭᠸᠠᠩᠳᠦ᠋ᠪᠳᠡᠨ᠂ ᠯᠣᠪᠰᠠᠩᠴᠦ᠋ᠯᠳᠣᠮ᠂ ᠷᠣᠯᠪᠢᠳᠣᠷᠵᠢ᠂ ᠭᠠᠪᠴᠤ ᠫᠠᠷᠯᠠᠢ ᠢ ᠪᠠᠭᠳᠠᠭᠠᠭᠰᠠᠨ | ᠣᠯᠠᠩᠬᠢ ᠡᠷᠳᠡᠮᠳᠡᠳ ᠰᠢᠯᠦᠭ ᠵᠣᠬᠢᠶᠠᠯ ᠲᠠᠶᠢᠯᠪᠣᠷᠢᠯᠠᠨ ᠰᠢᠬᠦᠮᠵᠢᠯᠡᠬᠦ ᠳᠡᠭᠡᠨ ᠣᠷᠢᠳᠠᠪᠠᠷ ︽ᠣᠳᠬ᠎ᠠ ᠠᠨᠣ︾ ᠭᠡᠵᠦ | ᠣᠳᠬ᠎ᠠ ᠠᠴᠠ ᠡᠬᠢᠯᠡᠨ ᠲᠠᠶᠢᠯᠪᠣᠷᠢᠯᠠᠵᠦ᠂ ᠲᠠᠷᠠᠭ᠎ᠠ ᠨᠢ ᠴᠢᠮᠡᠭ ᠢ ᠲᠠᠶᠢᠯᠪᠣᠷᠢᠯᠠᠬᠤ ᠪᠣᠶᠣ ᠴᠢᠮᠡᠭ ᠢᠨᠣ ᠭᠡᠵᠦ | ᠲᠠᠶᠢᠯᠪᠣᠷᠢ ᠪᠠᠨ ᠶᠠᠪᠣᠭᠳᠠᠭᠤᠯᠳᠠᠭ᠃ ᠬᠠᠷᠢᠨ ᠠᠭᠸᠠᠩᠳᠠᠨᠳᠠᠷ ᠤᠨ ︽ᠭᠡᠳᠦᠯᠭᠡᠭᠴᠢ ᠶᠢᠨ ᠮᠠᠭᠳᠠᠭᠠᠯ ᠮᠡᠷᠭᠡᠳ ᠤᠨ | ᠣᠷᠣᠢ ᠶᠢᠨ ᠴᠢᠮᠡᠭ ᠤᠨ ᠲᠡᠶᠢᠨ ᠨᠣᠮᠯᠠᠯ ᠮᠡᠷᠭᠡᠳ ᠤᠨ ᠡᠷᠳᠡᠨᠢᠳᠣ ᠣᠷᠣᠢ ᠶᠢᠨ ᠴᠢᠮᠡᠭ ᠬᠡᠮᠡᠭᠳᠡᠬᠦ ᠣᠷᠣᠰᠢᠪᠠᠢ︾ ᠭᠡᠬᠦ | ᠲᠠᠶᠢᠯᠪᠣᠷᠢ ᠵᠣᠬᠢᠶᠠᠯ ᠳᠤ ᠣᠷᠢᠳᠠᠪᠠᠷ ︽ᠴᠢᠮᠡᠭ ᠢᠨᠣ︾ ᠭᠡᠵᠦ᠂ ᠲᠠᠷᠠᠭ᠎ᠠ ᠨᠢ ︽ᠣᠳᠬ᠎ᠠ ᠠᠨᠣ︾ ᠭᠡᠵᠦ | ᠲᠠᠶᠢᠯᠪᠣᠷᠢᠯᠠᠭᠰᠠᠨ ᠲᠠᠶᠢᠯᠪᠣᠷᠢ ᠰᠢᠬᠦᠮᠵᠢ ᠢᠯᠡᠷᠡᠵᠡᠢ᠃ | ᠭᠤᠷᠪᠠᠳᠤᠭᠠᠷ ᠲᠤ᠂ ᠣᠳᠬ᠎ᠠ ᠪᠠ ᠦᠯᠢᠭᠡᠷ ︵ᠠᠳᠠᠯᠢᠳᠬᠠᠯ︶ ᠢ ᠣᠶᠠᠯᠳᠣᠭᠤᠯᠣᠭᠰᠠᠨ ᠣᠷᠭᠤᠭᠤᠯᠣᠨ ᠪᠣᠳᠣᠬᠤ | ᠴᠢᠳᠠᠪᠤᠷᠢ ᠪᠠᠳᠠᠷᠠᠭᠤᠯᠤᠭᠰᠠᠨ ᠲᠠᠶᠢᠯᠪᠣᠷᠢ ᠰᠣᠳᠣᠯᠣᠯ ᠤᠨ ᠵᠠᠭᠪᠣᠷ ᠢᠯᠡᠷᠡᠪᠡ᠃ | ᠠᠭᠸᠠᠩᠳᠠᠨᠳᠠᠷ ᠤᠨ ︽ᠬᠠᠶᠢᠷᠣᠪᠵᠧ ᠪᠠᠷ ᠵᠣᠬᠢᠶᠠᠭᠰᠠᠨ ︿ᠪᠣᠭᠳᠠ ᠶᠡᠭᠡ ᠡᠵᠡᠨ ᠤ ᠮᠠᠭᠳᠠᠭᠠᠯ ᠰᠦᠰᠦᠭ ᠤᠨ | ᠴᠡᠩᠭᠡᠯ ᠤᠨ ᠨᠠᠭᠤᠷ﹀ ᠤᠨ ᠲᠠᠶᠢᠯᠪᠣᠷᠢ ᠣᠷᠣᠰᠢᠪᠠᠢ︾ ᠭᠡᠬᠦ ᠲᠠᠶᠢᠯᠪᠣᠷᠢ ᠵᠣᠬᠢᠶᠠᠯ ᠳᠤ ᠣᠳᠬ᠎ᠠ ᠪᠠ ᠦᠯᠢᠭᠡᠷ | ᠣᠶᠠᠯᠳᠣᠭᠰᠠᠨ ᠲᠠᠶᠢᠯᠪᠣᠷᠢ ᠰᠢᠬᠦᠮᠵᠢ ᠶᠢᠨ ᠵᠠᠭᠪᠣᠷ ᠪᠠᠰᠠ ᠢᠯᠡᠷᠡᠵᠡᠢ᠃ ᠲᠣᠰ ᠲᠠᠶᠢᠯᠪᠤᠷᠢ ᠳᠤ ︽ᠡᠨᠡ ᠮᠡᠳᠦ ᠶᠢᠨ | ᠮᠣᠩᠬᠠᠷᠠᠯ ᠤᠨ ᠬᠠᠯᠠᠭᠤᠨ ᠤ ᠡᠨᠡᠯᠣᠯ ᠢᠶᠠᠷ᠂ ᠡᠪᠳᠡᠷᠡᠬᠦ ᠭᠠᠯᠪᠠ ᠳᠤᠷ ᠵᠣᠪᠠᠨᠢᠭᠰᠠᠨ ᠠᠮᠢᠳᠠᠨ ᠡᠭᠦᠨ ᠳᠤᠷ᠂ | ᠢᠯᠠᠭᠤᠭᠰᠠᠨ ᠤ ᠰᠠᠶᠢᠨ ᠨᠣᠮᠯᠠᠯ ᠤᠨ ᠣᠷᠣᠬᠤ ᠣᠯᠣᠮ ᠠᠴᠠ᠂ ᠡᠭᠡᠨᠡᠭᠳᠡ ᠴᠢᠨᠣ ᠨᠢᠭᠦᠯᠡᠰᠦᠩᠬᠦᠢ ᠶᠢᠨ ᠴᠠᠭᠠᠨ | ᠭᠡᠷᠡᠯ ᠢᠶᠠᠷ ᠰᠡᠷᠢᠭᠦᠴᠡᠨᠡᠮ︾ ﹇6﹈ ᠭᠡᠬᠦ ᠰᠢᠯᠦᠭ ᠢ ᠤᠳᠬ᠎ᠠ ᠪᠠ ᠦᠯᠢᠭᠡᠷ ᠭᠡᠵᠦ ᠬᠤᠪᠢᠶᠠᠨ ᠲᠠᠶᠢᠯᠪᠤᠷᠢᠯᠠᠪᠠ᠃ | ᠠᠭᠸᠠᠩᠳᠠᠨᠳᠠᠷ ᠲᠠᠶᠢᠯᠪᠣᠷᠢ ᠶᠢᠨ ᠡᠬᠢᠨ ᠳᠤ ᠡᠨᠡ ᠰᠢᠯᠦᠭ ᠢ ᠰᠠᠷᠠᠨ ᠮᠠᠨᠳᠣᠭᠠᠳ ᠰᠡᠷᠢᠬᠦᠨ ᠭᠡᠷᠡᠯ ᠲᠣᠰᠬᠠᠬᠤ ᠡᠨᠡ | ᠦᠢᠯᠡ ᠪᠣᠶᠣ ᠨᠣᠮ ᠢ ᠪᠣᠭᠳᠠ ᠶᠡᠭᠡ ᠡᠵᠡᠨ ᠽᠣᠩᠺᠠᠪᠠ ᠰᠠᠶᠢᠨ ᠨᠣᠮᠯᠠᠯ ᠢᠶᠠᠷ ᠠᠮᠢᠳᠠᠨ ᠳᠤ ᠲᠣᠰᠠ ᠪᠦᠳᠦᠭᠡᠭᠰᠡᠨ | ᠬᠤᠶᠠᠷ ᠢ ᠦᠯᠢᠭᠡᠷ ᠤᠨ ᠣᠳᠬ᠎ᠠ ᠪᠣᠯᠭᠠᠨ ᠨᠠᠶᠢᠷᠠᠭᠤᠯᠪᠠ ᠭᠡᠵᠦ ᠦᠵᠡᠭᠡᠳ ᠦᠯᠢᠭᠡᠷ ᠤᠨ ᠣᠳᠬ᠎ᠠ ᠨᠢ ᠶᠠᠭᠠᠬᠢᠵᠦ | ᠨᠠᠶᠢᠷᠠᠭᠤᠯᠣᠭᠳᠠᠭᠰᠠᠨ ᠢ ᠬᠡᠳᠦᠨ ᠠᠯᠬᠤᠮ ᠬᠤᠪᠢᠶᠠᠨ ᠲᠠᠶᠢᠯᠪᠣᠷᠢᠯᠠᠪᠠ᠃ ᠡᠭᠦᠨ ᠳᠤ ᠽᠣᠩᠺᠠᠪᠠ ᠶᠢ ᠮᠡᠨᠳᠦᠯᠡᠬᠦ ᠠᠴᠠ | ᠡᠮᠣᠨᠡᠬᠢ ᠴᠠᠭ ᠦᠶ᠎ᠡ ᠪᠣᠯᠣᠨ ᠰᠢᠨ᠎ᠡ ᠶᠢᠨ ᠠᠷᠪᠠᠨ ᠲᠠᠪᠣᠨ ᠤ ᠰᠠᠷᠠᠨ ᠮᠠᠨᠳᠣᠬᠤ ᠠᠴᠠ ᠡᠮᠣᠨᠡᠬᠢ ᠴᠠᠭ ᠲᠠᠢ | ᠦᠯᠢᠭᠡᠷᠯᠡᠨ ᠵᠦᠢᠷᠯᠡᠵᠦ᠂ ᠽᠣᠩᠺᠠᠪᠠ ᠶᠢᠨ ᠲᠡᠷᠡ ᠴᠠᠭ ᠤᠨ ᠬᠤᠪᠢ ᠲᠡᠭᠦᠰ ᠲᠦᠷᠦᠯᠬᠢᠳᠡᠨ ᠤ ᠮᠣᠩᠬᠠᠭ ᠤᠨ | ᠲᠡᠭᠦᠳᠡᠷᠡᠯ ᠢ ᠲᠠᠰᠣᠯᠬᠤ ᠶᠢ ᠬᠦᠰᠡᠭᠰᠡᠨ ᠪᠠ ᠰᠠᠷᠠᠨ ᠤ ᠬᠠᠯᠠᠭᠤᠨ ᠴᠠᠭ ᠤᠨ ᠬᠠᠯᠠᠭᠤᠨ ᠤ ᠡᠨᠡᠯᠣᠯ ᠢᠶᠠᠷ ᠭᠠᠰᠠᠯᠣᠨ | ᠵᠣᠪᠠᠭᠰᠠᠨ ᠠᠮᠢᠳᠠᠨ ᠲᠦᠷᠦᠯᠬᠢᠳᠡᠨ ᠨᠤᠭᠤᠳ ᠲᠤ ᠰᠡᠷᠢᠭᠦᠴᠡᠯ ᠢ ᠣᠯᠣᠭᠤᠯᠬᠤ ᠬᠦᠰᠡᠯ ᠬᠤᠶᠠᠷ ᠢ ᠦᠯᠢᠭᠡᠷᠯᠡᠵᠦ᠂ | ᠽᠣᠩᠺᠠᠪᠠ ᠪᠠᠷ ᠪᠣᠷᠬᠠᠨ ᠤ ᠰᠠᠶᠢᠨ ᠵᠠᠷᠯᠢᠭ ᠤᠨ ᠲᠠᠯᠠᠢ ᠳᠤ ᠠᠮᠠᠷ ᠬᠢᠯᠪᠠᠷ ᠣᠷᠣᠬᠤ ᠡᠭᠦᠳᠡ ᠶᠢ ᠦᠵᠡᠬᠦᠯᠦᠭᠰᠡᠨ ᠪᠠ | ᠰᠠᠷᠠᠨ ᠤ ᠭᠡᠷᠡᠯ ᠨᠢ ᠰᠡᠷᠢᠭᠦᠨ ᠭᠡᠷᠡᠯ ᠰᠠᠴᠣᠷᠠᠭᠤᠯᠣᠭᠰᠠᠨ ᠬᠤᠶᠠᠷ ᠢ ᠦᠯᠢᠭᠡᠷᠯᠡᠵᠦ᠂ ᠽᠣᠩᠺᠠᠪᠠ ᠪᠠᠷ ᠪᠣᠷᠬᠠᠨ ᠤ | ᠰᠠᠶᠢᠨ ᠵᠠᠷᠯᠢᠭ ᠤᠨ ᠲᠠᠯᠠᠢ ᠳᠤ ᠡᠭᠦᠳᠡ ᠪᠣᠶᠣ ᠣᠯᠣᠮ ᠢ ᠦᠵᠡᠭᠦᠯᠦᠭᠰᠡᠨ ᠨᠢ ᠨᠢᠭᠦᠯᠡᠰᠬᠦᠢ ᠳᠤ ᠰᠢᠳᠦᠯᠴᠡᠬᠦ ᠪᠠ | ᠰᠠᠷᠠᠨ ᠤ ᠭᠡᠷᠡᠯ ᠰᠠᠷᠠᠨ ᠳᠤ ᠰᠢᠳᠦᠯᠴᠡᠬᠦ ᠬᠤᠶᠠᠷ ᠢ ᠦᠯᠢᠭᠡᠷᠯᠡᠭᠰᠡᠨ ᠪᠣᠶᠣ ᠦᠯᠢᠭᠡᠷ ᠤᠨ ᠣᠳᠬ᠎ᠠ ᠶᠢ ᠵᠣᠬᠢᠶᠠᠭᠰᠠᠨ | ᠭᠡᠵᠦ ᠵᠠᠳᠠᠯᠣᠨ ᠲᠠᠶᠢᠯᠪᠣᠷᠢᠯᠠᠪᠠ᠃ ᠠᠳᠡ ᠨᠢᠭᠡᠨ ᠪᠠᠳᠠᠭ ᠰᠢᠯᠦᠭ ᠢ ᠲᠦᠷᠪᠡᠨ ᠵᠦᠢᠯ ᠤᠨ ᠦᠯᠢᠭᠡᠷ ᠤᠨ ᠣᠳᠬ᠎ᠠ | ᠳᠤ ᠬᠤᠪᠢᠶᠠᠨ ᠰᠢᠨᠵᠢᠯᠡᠭᠰᠡᠨ ᠨᠢ ᠠᠭᠸᠠᠩᠳᠠᠨᠳᠠᠷ ᠤᠨ ᠪᠦᠳᠦᠭᠡᠯᠴᠢ ᠦᠪᠡᠷᠮᠢᠴᠡ ᠵᠠᠳᠠᠯᠣᠯᠳᠠ ᠮᠦᠨ ᠪᠦᠭᠡᠳ | ᠨᠠᠶᠢᠷᠠᠭᠤᠯᠭ᠎ᠠ ᠶᠢᠨ ᠠᠷᠭ᠎ᠠ ᠶᠢ ᠵᠠᠳᠠᠯᠬᠤ ᠶᠢᠨ ᠲᠣᠮᠳᠠ ᠠᠭᠤᠯᠭ᠎ᠠ ᠶᠢ ᠨᠢ ᠠᠭᠤᠳᠠᠯᠠᠵᠦ ᠲᠠᠶᠢᠯᠪᠣᠷᠢᠯᠠᠭᠰᠠᠨ | ᠲᠠᠶᠢᠯᠪᠣᠷᠢ ᠰᠢᠬᠦᠮᠵᠢ ᠪᠣᠯᠬᠤ ᠶᠣᠮ᠃ ᠮᠦᠨ ᠠᠳᠡ ᠣᠣᠯ ᠰᠢᠯᠦᠭ ᠤᠨ ᠦᠭᠡ ᠳᠤ ᠰᠠᠷ᠎ᠠ ᠭᠡᠬᠦ ᠦᠭᠡ ᠪᠠᠶᠢᠬᠤ | ᠦᠭᠡᠢ ᠪᠠᠶᠢᠳᠠᠯ᠎ᠠ᠂ ᠽᠣᠩᠺᠠᠪᠠ ᠶᠢᠨ ᠲᠣᠰᠠ ᠡᠷᠳᠡᠮ ᠢ ᠰᠠᠷ᠎ᠠ ᠪᠠᠷ ᠦᠯᠢᠭᠡᠷᠯᠡᠪᠡ ᠭᠡᠵᠦ ᠦᠵᠡᠭᠰᠡᠨ᠂ ᠲᠠᠯᠠᠢ ᠭᠡᠬᠦ | ᠦᠭᠡ ᠦᠭᠡᠢ ᠪᠠᠶᠢᠳᠠᠯ᠎ᠠ ᠰᠠᠶᠢᠨ ᠨᠣᠮᠯᠠᠯ ᠤᠨ ᠲᠠᠯᠠᠢ ᠭᠡᠵᠦ ᠦᠷᠨᠢᠭᠦᠯᠦᠨ ᠶᠠᠷᠢᠵᠦ᠂ ᠨᠡᠩᠳᠡ ᠲᠦᠷᠪᠡᠨ ᠠᠯᠬᠤᠮ | ᠬᠤᠪᠢᠶᠠᠨ ᠰᠢᠨᠵᠢᠯᠡᠭᠰᠡᠨ ᠨᠢ ᠵᠣᠬᠢᠶᠠᠭᠴᠢ ᠶᠢᠨ ᠣᠳᠬ᠎ᠠ ᠵᠣᠬᠢᠶᠠᠯ ᠰᠣᠨᠢᠷᠬᠠᠯ ᠲᠣᠮᠳᠠᠬᠢ ᠣᠷᠭᠤᠭᠤᠯᠣᠨ ᠪᠣᠳᠣᠬᠤ | ᠴᠢᠳᠠᠪᠣᠷᠢ ᠪᠣᠯᠣᠨ ᠵᠠᠳᠠᠯᠣᠯᠳᠠ ᠲᠠᠶᠢᠯᠪᠣᠷᠢᠯᠠᠯᠳᠠ ᠶᠢᠨ ᠴᠢᠳᠠᠪᠣᠷᠢ ᠶᠢ ᠭᠠᠶᠢᠬᠠᠭᠤᠯᠣᠭᠰᠠᠨ ᠶᠣᠮ᠃ ᠦᠭᠡᠷ᠎ᠡ ᠪᠠᠷ | ᠬᠡᠯᠡᠪᠡᠯ ᠠᠳᠡ ᠰᠢᠬᠦᠮᠵᠢᠯᠡᠭᠴᠢ ᠶᠢᠨ ᠪᠡᠶᠡᠴᠢ ᠴᠢᠳᠠᠮᠠᠭᠠᠢ ᠰᠣᠨᠢᠷᠬᠠᠯ ᠪᠠ ᠰᠢᠬᠦᠮᠵᠢ ᠪᠡᠶᠡᠯᠡᠯ ᠢᠶᠠᠨ ᠣᠯᠵᠠᠢ᠃ | ᠭᠡᠬᠦ ᠳᠡᠭᠡᠨ ᠲᠡᠭᠡᠷ᠎ᠡ ᠲᠣᠷᠠᠳᠣᠭᠰᠠᠨ ᠲᠦᠷᠪᠡᠨ ᠠᠯᠬᠤᠮ ᠵᠦᠢᠷᠯᠡᠯ ᠤᠨ ᠣᠳᠬ᠎ᠠ ᠨᠢ ᠬᠠᠮᠤᠭ ᠡᠴᠦᠰ ᠤᠨ | ᠣᠳᠬ᠎ᠠ ᠶᠢᠨ ᠳ᠋ᠦᠩᠨᠡᠯᠳᠡ ᠪᠢᠰᠢ᠂ ᠬᠠᠷᠢᠨ ᠡᠳᠡᠭᠡᠷ ᠵᠦᠢᠷᠯᠡᠯ ᠤᠨ ᠣᠳᠬ᠎ᠠ ᠶᠢ ᠵᠠᠳᠠᠯᠣᠭᠰᠠᠨ ᠰᠠᠭᠤᠷᠢᠨ ᠲᠡᠭᠡᠷ᠎ᠡ | ᠰᠢᠯᠦᠭ ᠤᠨ ᠵᠢᠩᠬᠢᠨᠢ ᠣᠳᠬ᠎ᠠ ᠪᠠ ᠵᠦᠢᠷᠯᠡᠯ ᠣᠳᠬ᠎ᠠ ᠶᠢ ᠨᠢ ᠲᠣᠰ ᠲᠣᠰ ᠳ᠋ᠦᠩᠨᠡᠨ ᠬᠤᠷᠢᠶᠠᠩᠭᠤᠶᠢᠯᠠᠵᠦ | ᠭᠠᠷᠭᠠᠪᠠ᠃ ᠲᠡᠭᠦᠨ ᠤ ᠦᠵᠡᠬᠦ ᠪᠠᠷ ᠲᠣᠰ ᠰᠢᠯᠦᠭ ᠤᠨ ᠣᠳᠬ᠎ᠠ ᠪᠣᠯ᠂ ᠪᠣᠭᠳᠠ ᠶᠡᠭᠡ ᠡᠵᠡᠨ ᠽᠤᠩᠺᠠᠪᠠ ᠪᠠᠷ | ᠪᠣᠷᠬᠠᠨ ᠤ ᠰᠠᠶᠢᠨ ᠨᠣᠮᠯᠠᠯ ᠢ ᠲᠡᠯᠭᠡᠷᠡᠬᠦᠯᠬᠦ ᠶᠢᠨ ᠲᠣᠰᠠᠳᠠ᠂ ᠬᠤᠭᠤᠰᠣᠨ ᠴᠢᠨᠠᠷ ᠳᠤ ᠮᠣᠩᠬᠠᠷᠠᠵᠦ ᠰᠡᠳᠬᠢᠯ ᠤᠨ | ᠡᠨᠡᠯᠣᠯ ᠵᠣᠪᠠᠨᠢᠯ ᠳᠤ ᠠᠪᠳᠠᠭᠰᠠᠨ ᠪᠦᠭᠡᠳ ᠴᠦᠪ ᠤᠨ ᠮᠠᠭᠤ ᠴᠠᠭ ᠲᠤ ᠵᠣᠪᠠᠨᠢᠭᠰᠠᠨ ᠡᠳᠦᠭᠡ ᠴᠠᠭ ᠤᠨ | ᠴᠠᠰᠣᠳᠣ ᠶᠢᠨ ᠣᠷᠣᠨ ᠤ ᠬᠦᠮᠦᠨ ᠠᠮᠢᠳᠠᠨ ᠳᠤ᠂ ᠪᠣᠷᠬᠠᠨ ᠤ ᠰᠠᠶᠢᠨ ᠨᠣᠮᠯᠠᠯ ᠤᠨ ᠲᠠᠯᠠᠢ ᠳᠤᠷ ᠣᠷᠣᠬᠤ ᠶᠢᠨ | ᠣᠯᠣᠮ ᠮᠦᠷᠳᠡᠭᠡᠨ ᠣᠰᠣᠨ ᠤ ᠵᠠᠬ᠎ᠠ ᠮᠡᠳᠦ ᠠᠮᠠᠷ ᠬᠢᠯᠪᠠᠷ ᠣᠷᠣᠬᠤ ᠶᠢᠨ ᠠᠷᠭ᠎ᠠ ᠶᠢ ᠡᠭᠦᠳᠴᠦ ᠣᠪᠠᠳᠢᠰ ᠢ | ᠦᠵᠡᠬᠦᠯᠦᠭᠡᠳ ᠨᠣᠮᠣᠳᠬᠠᠭᠳᠠᠬᠤᠨ ᠪᠣᠯᠬᠤ ᠲᠡᠳᠡᠭᠡᠷ ᠬᠦᠮᠦᠨ ᠠᠮᠢᠳᠠᠨ ᠤ ᠪᠠᠨ ᠰᠡᠵᠢᠭ ᠪᠠ ᠲᠡᠭᠦᠳᠡᠷᠡᠯ ᠢ | ᠲᠠᠰᠣᠯᠣᠭᠰᠠᠨ ᠪᠠ ᠡᠨᠡ ᠨᠢ ᠨᠢᠭᠦᠯᠡᠰᠦᠩᠭᠦᠢ ᠶᠢᠨ ᠴᠣᠬᠤᠮ ᠦᠷ᠎ᠡ ᠴᠢᠳᠠᠯ ᠮᠦᠨ ᠭᠡᠬᠦ ᠪᠣᠯᠣᠨ᠎ᠠ᠃ ᠡᠭᠦᠨ ᠤ | ᠦᠯᠢᠭᠡᠷ ᠪᠣᠶᠣ ᠵᠦᠢᠷᠯᠡᠬᠦᠨ ᠨᠢ᠂ ᠵᠡᠭᠦᠨ ᠠᠭᠤᠯᠠᠨ ᠤ ᠣᠷᠣᠢ ᠳᠤ ᠰᠠᠷᠠᠨ ᠮᠠᠨᠳᠣᠭᠠᠳ ᠬᠠᠯᠠᠭᠤᠨ ᠵᠣᠨ ᠤ | ᠴᠠᠭ ᠤᠨ ᠬᠠᠯᠠᠭᠤᠨ ᠤ ᠡᠨᠡᠯᠣᠯ ᠵᠣᠪᠠᠨᠢᠯ ᠪᠠ ᠡᠪᠳᠡᠷᠡᠬᠦ ᠭᠠᠯᠪᠠ ᠪᠣᠶᠣ ᠦᠳᠡᠰᠢ ᠣᠷᠣᠢ ᠶᠢᠨ ᠴᠠᠭ ᠲᠤᠷ | ᠵᠣᠪᠠᠨᠢᠭᠰᠠᠨ ᠬᠦᠮᠦᠨ ᠠᠮᠢᠳᠠᠨ ᠳᠤ ᠲᠠᠯᠠᠢ ᠶᠢᠨ ᠣᠯᠣᠮ ᠠᠴᠠ ᠲᠣᠳᠣ ᠦᠵᠡᠭᠳᠡᠵᠦ᠂ ᠰᠡᠷᠢᠭᠦᠨ ᠭᠡᠷᠡᠯ | ᠲᠣᠰᠣᠭᠰᠠᠨ ᠢᠶᠠᠷ ᠰᠡᠷᠢᠭᠦᠴᠡᠬᠦᠯᠦᠭᠰᠡᠨ ᠪᠠ ᠲᠡᠷᠡ ᠨᠢ ᠰᠠᠷᠠᠨ ᠤ ᠦᠪᠡᠷ ᠤᠨ ᠦᠷ᠎ᠡ ᠴᠢᠳᠠᠯ ᠮᠦᠨ ᠭᠡᠬᠦ ᠪᠣᠯᠣᠨ᠎ᠠ᠃ | ᠣᠬᠤᠷᠬᠠᠨ ᠨᠢᠭᠡᠨ ᠪᠠᠳᠠᠭ ᠰᠢᠯᠦᠭ ᠢ ᠵᠠᠳᠠᠯᠣᠨ ᠲᠠᠶᠢᠯᠪᠣᠷᠢᠯᠠᠵᠦ ᠰᠦᠪᠡᠭᠴᠢᠯᠡᠨ ᠰᠢᠨᠵᠢᠯᠡᠬᠦ ᠪᠠᠷ ᠲᠠᠮᠵᠢᠵᠦ᠂ | ᠡᠶᠢᠮᠦᠷᠬᠦᠦ ᠭᠦᠨ ᠭᠦᠨᠵᠡᠭᠡᠢ ᠣᠯᠠᠨ ᠣᠳᠬ᠎ᠠ ᠶᠢ ᠢᠯᠡᠷᠡᠭᠦᠯᠦᠨ ᠠᠭᠤᠳᠠᠯᠠᠭᠰᠠᠨ ᠰᠢᠬᠦᠮᠵᠢᠯᠡᠭᠴᠢ ᠳᠤ ᠠᠪᠴᠤ | ᠬᠡᠯᠡᠪᠡᠯ᠂ ᠣᠷᠭᠤᠭᠤᠯᠣᠨ ᠪᠣᠳᠣᠬᠤ ᠰᠣᠨᠢᠷᠬᠠᠯ ᠤᠨ ᠴᠢᠳᠠᠪᠣᠷᠢ᠂ ᠣᠬᠤᠴᠢᠯᠠᠨ ᠰᠡᠳᠬᠢᠬᠦ ᠰᠢᠨᠵᠢᠯᠡᠬᠦ ᠴᠢᠳᠠᠪᠣᠷᠢ᠂ | ᠣᠬᠠᠵᠦ ᠡᠵᠡᠮᠰᠢᠬᠦ ᠰᠢᠬᠦᠮᠵᠢᠯᠡᠯ ᠤᠨ ᠴᠢᠳᠠᠪᠣᠷᠢ ᠪᠦᠷᠢᠳᠦᠭᠰᠡᠨ ᠨᠢ ᠢᠯᠡᠷᠬᠡᠢ᠃ ᠲᠦᠷᠪᠡᠳᠦᠭᠡᠷ ᠲᠤ᠂ ᠦᠭᠡᠰ ᠤᠨ | ᠣᠳᠬ᠎ᠠ ᠪᠠ ᠭᠡᠰᠢᠭᠦᠨ ᠣᠳᠬ᠎ᠠ ᠶᠢ ᠣᠶᠠᠯᠳᠣᠭᠤᠯᠣᠭᠰᠠᠨ ᠣᠯᠠᠨ ᠲᠠᠪᠬᠤᠷᠭᠠᠳᠤ ᠲᠠᠶᠢᠯᠪᠣᠷᠢ ᠰᠢᠬᠦᠮᠵᠢ ᠶᠢᠨ ᠵᠠᠭᠪᠣᠷ | ᠲᠣᠭᠳᠠᠪᠣᠷᠢᠵᠢᠪᠠ᠃ | ᠠᠭᠸᠠᠩᠳᠠᠨᠳᠠᠷ ᠤᠨ ︽ᠬᠠᠶᠢᠷᠣᠪᠵᠧ ᠪᠠᠷ ᠵᠣᠬᠢᠶᠠᠭᠰᠠᠨ ︿ᠪᠣᠭᠳᠠ ᠶᠡᠭᠡ ᠡᠵᠡᠨ ᠤ ᠮᠠᠭᠳᠠᠭᠠᠯ ᠰᠦᠰᠦᠭ ᠤᠨ | ᠴᠡᠩᠭᠡᠯ ᠤᠨ ᠨᠠᠭᠤᠷ﹀ ᠤᠨ ᠲᠠᠶᠢᠯᠪᠣᠷᠢ ᠣᠷᠣᠰᠢᠪᠠᠢ︾ ᠭᠡᠬᠦ ᠲᠠᠶᠢᠯᠪᠣᠷᠢ ᠵᠣᠬᠢᠶᠠᠯ ᠳᠤ ᠦᠭᠡᠰ ᠤᠨ ᠣᠳᠬ᠎ᠠ ᠪᠠ | ᠭᠡᠰᠢᠭᠦᠨ ᠣᠳᠬ᠎ᠠ ᠭᠡᠵᠦ ᠢᠯᠭᠠᠨ ᠲᠠᠶᠢᠯᠪᠣᠷᠢᠯᠠᠭᠰᠠᠨ ᠰᠢᠬᠦᠮᠵᠢ ᠶᠢᠨ ᠵᠠᠭᠪᠣᠷ ᠪᠣᠢ᠃ ᠡᠨᠡ ᠨᠢ ᠪᠠᠰᠠ ᠨᠢᠭᠡ | ᠵᠦᠢᠯ ᠤᠨ ᠲᠠᠶᠢᠯᠪᠣᠷᠢᠯᠠᠨ ᠰᠢᠨᠵᠢᠯᠡᠬᠦ ᠠᠷᠭ᠎ᠠ ᠪᠣᠯᠣᠨ᠎ᠠ᠃ ︽ᠦᠪᠡᠷ ᠤᠨ ᠲᠣᠰᠠ ᠳᠤᠷ ᠭᠤᠷᠪᠠᠨ ᠲᠦᠷᠦᠯ ᠤᠨ᠂ | ᠠᠮᠣᠭᠤᠯᠠᠩ ᠴᠣ᠋ ᠡᠰᠡ ᠢᠷᠡᠭᠰᠡᠨ ᠮᠡᠳᠦ ᠪᠠᠷ ᠦᠵᠡᠭᠦᠯᠦᠭᠰᠡᠨ ᠴᠤ᠂ ᠦᠪᠡᠷ ᠤᠨ ᠣᠷᠣᠨ ᠮᠡᠳᠦ ᠡᠷᠭᠢᠯᠳᠦᠬᠦ ᠢᠨᠣ᠂ | ᠦᠨᠡᠬᠡᠷ ᠪᠣᠰᠣᠳ ᠤᠨ ᠲᠣᠰᠠᠳᠠ ᠦᠪᠡᠷ ᠢ ᠪᠠᠨ ᠲᠡᠪᠴᠢᠬᠦ ᠪᠣᠰᠣ︾ ﹇7﹈ ᠭᠡᠬᠦ ᠰᠢᠯᠦᠭ ᠢ ᠦᠭᠡᠰ ᠤᠨ ᠣᠳᠬ᠎ᠠ | ᠪᠠ ᠭᠡᠰᠢᠭᠦᠨ ᠣᠳᠬ᠎ᠠ ᠬᠤᠶᠠᠷ ᠪᠣᠢ ᠭᠡᠵᠦ ᠬᠤᠶᠠᠷ ᠲᠠᠯ᠎ᠠ ᠠᠴᠠ ᠨᠠᠷᠢᠯᠢᠭ ᠲᠠᠶᠢᠯᠪᠣᠷᠢᠯᠭᠰᠠᠨ ᠪᠠᠶᠢᠨ᠎ᠠ᠃ ᠡᠭᠦᠨ ᠳᠤ | ᠬᠡᠷᠪᠡ ᠦᠪᠡᠷ ᠪᠡᠶ᠎ᠡ ᠶᠢᠨ ᠲᠣᠰᠠ ᠶᠢᠨ ᠲᠦᠯᠦᠭᠡ ᠪᠣᠯ ᠬᠦᠮᠦᠨ ᠤ ᠭᠤᠷᠪᠠᠨ ᠲᠦᠷᠦᠯ ᠤᠨ ᠵᠢᠷᠭᠠᠯᠠᠩ ᠲᠡᠳᠦᠢ ᠪᠢᠰᠢ | ᠂ ᠲᠡᠭᠷᠢ ᠶᠢᠨ ᠵᠢᠷᠭᠠᠯᠠᠩ ᠴᠣ᠋ ᠭᠠᠯᠳᠣ ᠨᠦᠬᠡᠨ ᠲᠣᠳᠣᠷ᠎ᠠ ᠪᠠᠶᠢᠬᠤ ᠰᠢᠭ᠋ ᠭᠡᠵᠦ ᠠᠳᠡᠭᠦᠦ ᠭᠡᠮ ᠪᠣᠯᠬᠤ ᠶᠢ | ᠰᠡᠷᠡᠮᠵᠢᠯᠡᠬᠦᠯᠦᠭᠡᠳ ᠪᠣᠰᠣ ᠬᠠᠷᠢ ᠣᠷᠣᠨ ᠳᠤ ᠣᠳᠣᠭᠰᠠᠨ ᠬᠤᠳᠠᠯᠳᠣᠭᠠᠴᠢᠨ ᠦᠪᠡᠷ ᠤᠨ ᠨᠣᠳᠤᠭ ᠲᠠᠭᠠᠨ ᠪᠣᠴᠠᠨ | ᠢᠷᠡᠭᠡᠳ ᠪᠠᠶᠠᠰᠣᠭᠰᠠᠨ ᠲᠠᠢ ᠠᠳᠠᠯᠢ ᠪᠠᠷ᠂ ᠪᠣᠭᠳᠠ ᠶᠡᠭᠡ ᠡᠵᠡᠨ ᠽᠣᠩᠺᠠᠪᠠ ᠣᠷᠴᠢᠯᠠᠩ ᠳᠤ ᠵᠠᠶᠠᠭᠠᠵᠦ | ᠣᠷᠴᠢᠯᠠᠩ ᠢ ᠡᠰᠡ ᠲᠡᠪᠴᠢᠬᠦ ᠶᠢᠨ ᠬᠡᠷᠡᠭᠴᠡᠭᠡ ᠲᠣᠰᠠ ᠨᠢ ᠪᠣᠰᠣᠳ ᠤᠨ ᠲᠦᠯᠦᠭᠡ ᠪᠣᠯᠬᠤ ᠶᠣᠮ ᠭᠡᠰᠡᠨ ᠨᠢ ᠲᠣᠰ | ᠰᠢᠯᠦᠭ ᠤᠨ ᠭᠤᠣᠯ ᠰᠠᠨᠠᠭ᠎ᠠ ᠮᠦᠨ ᠭᠡᠵᠦ ᠠᠭᠸᠠᠩᠳᠠᠨᠳᠠᠷ ᠰᠢᠨᠵᠢᠯᠡᠨ ᠦᠭᠦᠯᠡᠵᠡᠢ᠃ ᠭᠡᠬᠦ ᠳᠡᠭᠡᠨ ᠡᠨᠡ ᠬᠦ ᠰᠠᠨᠠᠭ᠎ᠠ | ᠪᠠᠨ ᠣᠯᠠᠮ ᠭᠦᠨᠵᠡᠭᠡᠶᠢᠷᠡᠬᠦᠯᠦᠨ ᠲᠠᠶᠢᠯᠪᠣᠷᠢᠯᠠᠵᠦ᠂ ᠬᠦᠮᠦᠨ ᠤ ᠲᠦᠷᠦᠬᠦ᠂ ᠦᠳᠡᠯᠬᠦ᠂ ᠦᠬᠦᠬᠦ ᠵᠢᠮ᠎ᠡ ᠬᠠᠣᠯᠢ ᠶᠢᠨ | ᠠᠰᠠᠭᠤᠳᠠᠯ ᠢ ᠲᠣᠷᠠᠳᠣᠭᠰᠠᠨ ᠪᠦᠭᠡᠳ ᠭᠤᠷᠪᠠᠨ ᠣᠷᠣᠨ ᠤ ᠬᠦᠮᠦᠨ ᠠᠮᠢᠳᠠᠨ ᠳᠤ ᠠᠪᠴᠤ ᠬᠡᠯᠡᠪᠡᠯ ᠪᠦᠷ ᠦᠬᠦᠵᠦ | ᠲᠦᠷᠦᠬᠦ ᠨᠢ ᠶᠡᠷᠣ ᠶᠢᠨ ᠵᠦᠢ ᠪᠣᠯᠪᠠᠴᠤ ᠪᠣᠰᠣᠳ ᠤᠨ ᠲᠣᠰᠠ ᠶᠢᠨ ᠲᠦᠯᠦᠭᠡ᠂ ᠠᠮᠢᠳᠠᠨ ᠤ ᠦᠬᠦᠵᠦ | ᠲᠦᠷᠦᠬᠦ ᠶᠢᠨ ᠡᠭᠡᠯᠵᠢᠯᠡᠯ ᠢ ᠲᠦᠷᠢᠳᠭᠡᠵᠦ ᠠᠮᠢᠳᠠᠨ ᠪᠦᠬᠦᠨ ᠳᠤ ᠦᠨᠢᠳᠡ ᠶᠢᠨ ᠠᠮᠣᠭᠤᠯᠠᠩ ᠢ ᠣᠯᠭᠤᠬᠤ ᠨᠢ ᠶᠡᠭᠡ | ᠪᠣᠭᠳᠠ ᠽᠣᠩᠺᠠᠪᠠ ᠶᠢᠨ ᠡᠭᠦᠷᠭᠡ ᠵᠣᠷᠢᠯᠭ᠎ᠠ ᠮᠦᠨ ᠭᠡᠰᠡᠨ ᠰᠠᠨᠠᠭ᠎ᠠ ᠶᠢ ᠨᠢ ᠲᠣᠳᠣᠳᠬᠠᠵᠦ ᠦᠭᠴᠡᠢ᠃ ᠭᠡᠰᠢᠭᠦᠨ | ᠣᠳᠬ᠎ᠠ ᠪᠣᠶᠣ ᠰᠠᠯᠠᠭ᠎ᠠ ᠣᠳᠬ᠎ᠠ ᠳᠤ᠂ ᠲᠣᠰ ᠰᠢᠯᠦᠭ ᠤᠨ ᠭᠤᠣᠯ ᠣᠳᠬ᠎ᠠ ᠰᠠᠨᠠᠭ᠎ᠠ ᠲᠠᠢ ᠬᠤᠯᠪᠣᠭᠳᠠᠬᠤ ᠭᠦᠨ | ᠣᠬᠠᠭᠠᠨ ᠤ ᠣᠳᠬ᠎ᠠ ᠣᠴᠢᠷ ᠢ ᠰᠦᠪᠡᠭᠴᠢᠯᠡᠵᠦ᠂ ᠰᠠᠨᠰᠠᠷ ᠤᠨ ᠡᠴᠦᠰ ᠲᠤ ᠡᠰᠡ ᠣᠷᠣᠰᠢᠬᠤ᠂ ᠰᠠᠨᠰᠠᠷ ᠤᠨ | ᠡᠴᠦᠰ ᠤᠨ ᠣᠬᠠᠭᠳᠠᠬᠤᠨ᠂ ᠰᠠᠨᠰᠠᠷ ᠤᠨ ᠡᠴᠦᠰ ᠢ ᠬᠡᠷᠬᠢᠨ ᠲᠦᠷᠢᠳᠭᠡᠬᠦ ᠵᠡᠷᠭᠡ ᠣᠨᠣᠯ ᠤᠨ ᠠᠰᠠᠭᠤᠳᠠᠯ ᠢ | ᠰᠦᠪᠡᠭᠴᠢᠯᠡᠨ ᠲᠠᠶᠢᠯᠪᠣᠷᠢᠯᠠᠵᠦ᠂ ᠰᠢᠯᠦᠭ ᠤᠨ ᠭᠤᠣᠯ ᠠᠭᠤᠯᠭ᠎ᠠ ᠰᠠᠨᠠᠭ᠎ᠠ ᠶᠢ ᠲᠣᠳᠣᠷᠠᠭᠤᠯᠬᠤ ᠳᠤ ᠬᠠᠪᠰᠣᠷᠣᠮᠵᠢ | ᠪᠣᠯᠭᠠᠭᠰᠠᠨ ᠪᠠᠶᠢᠨ᠎ᠠ᠃ ᠲᠡᠷᠡ ᠪᠠᠷ ᠬᠠᠶᠢᠷᠣᠪᠵᠧ ᠶᠢᠨ ︽ᠠᠮᠣᠭᠤᠯᠠᠩ ᠴᠤ ᠡᠰᠡ ᠢᠷᠡᠭᠰᠡᠨ ᠮᠡᠳᠦ ᠪᠠᠷ | ᠦᠵᠡᠭᠦᠯᠦᠭᠰᠡᠨ ᠴᠤ︾ ᠭᠡᠳᠡᠭ ᠦᠭᠡ ᠶᠢ ︽ᠰᠠᠨᠰᠠᠷ ᠤᠨ ᠡᠴᠦᠰ ᠲᠤ ᠡᠰᠡ ᠣᠷᠣᠰᠢᠬᠤ︾ ᠭᠡᠵᠦ ᠣᠶᠢᠯᠠᠭᠠᠭᠰᠠᠨ | ᠪᠦᠭᠡᠳ ᠰᠠᠨᠰᠠᠷ ᠤᠨ ᠡᠴᠦᠰ ᠲᠤ ᠡᠰᠡ ᠣᠷᠣᠰᠢᠬᠤ ᠨᠢ ᠦᠪᠡᠷ ᠢ ᠪᠠᠨ ᠮᠦᠩᠬᠡ ᠣᠷᠣᠰᠢᠭᠤᠯᠵᠦ᠂ ᠰᠠᠨᠰᠠᠷ ᠤᠨ | ᠡᠷᠭᠢᠯᠳᠡ ᠠᠴᠠ ᠲᠣᠨᠢᠯᠬᠤ ᠭᠡᠰᠡᠨ ᠶᠠᠪᠣᠳᠠᠯ ᠪᠣᠯᠬᠤ ᠶᠣᠮ᠃ ᠭᠡᠬᠦ ᠳᠤ ᠡᠭᠦᠨ ᠢ ᠪᠡᠶᠡᠯᠡᠬᠦᠯᠬᠦ ᠭᠡᠪᠡᠯ ᠦᠢᠯᠡ ᠶᠢᠨ | ᠨᠢᠰᠸᠠᠨᠢᠰ ᠤᠨ ᠡᠷᠬᠡ ᠪᠠᠷ ᠣᠷᠴᠢᠯᠠᠩ ᠳᠤ ᠲᠦᠷᠦᠬᠦ ᠶᠢ ᠬᠤᠷᠢᠭᠯᠠᠬᠤ ᠶᠠᠪᠣᠳᠠᠯ ᠪᠣᠯᠣᠨ᠎ᠠ ᠭᠡᠵᠦ ᠵᠢᠭᠠᠵᠦ ᠭᠠᠷᠭᠠᠵᠠᠢ | ᠃ ᠲᠡᠷᠡ ︽ᠲᠡᠶᠢᠨ ᠨᠣᠮᠯᠠᠯ ᠤᠨ ᠣᠬᠠᠭᠠᠨ︾ ᠭᠡᠬᠦ ᠰᠣᠳᠣᠷ ᠠᠴᠠ ᠡᠰᠢᠯᠡᠵᠦ᠂ ᠰᠠᠨᠰᠠᠷ ᠤᠨ ᠡᠴᠦᠰ ᠭᠡᠬᠦ ᠨᠢ | ᠰᠠᠨᠰᠠᠷ ᠪᠠᠷᠠᠭᠳᠠᠵᠦ ᠲᠠᠭᠤᠰᠬᠤ᠂ ᠨᠠᠰᠣᠨ ᠤ ᠡᠴᠦᠰ ᠲᠤ ᠬᠦᠷᠦᠭᠰᠡᠨ᠂ ᠬᠦᠭᠰᠢᠷᠡᠭᠰᠡᠨ ᠬᠤᠸᠠᠷᠠᠭ ᠤᠨ ᠣᠶᠢᠷ᠎ᠠ | ᠰᠢᠳᠡᠷ ᠰᠠᠭᠤᠭᠰᠠᠨ ᠪᠣᠶᠣ ᠬᠦᠭᠰᠢᠷᠡᠬᠦ ᠶᠢᠨ ᠬᠢᠵᠠᠭᠠᠷ ᠲᠠᠯ᠎ᠠ ᠳᠤ ᠰᠠᠭᠤᠭᠰᠠᠨ᠂ ᠨᠢᠭᠡ ᠯᠡ ᠡᠴᠦᠰ ᠲᠤ ᠪᠠᠷᠢᠬᠤ | ᠦᠵᠡᠯ᠂ ᠮᠠᠭᠤᠯᠠᠪᠠᠰᠦ ᠵᠣᠬᠢᠰᠳᠠᠢ ᠬᠦᠮᠦᠨ ᠢ ᠬᠦᠮᠦᠨ ᠤ ᠡᠴᠦᠰ ᠭᠡᠬᠦ ᠲᠠᠪᠣᠨ ᠠᠭᠤᠯᠬᠤᠨ ᠲᠠᠢ ᠭᠡᠵᠦ | ᠲᠠᠶᠢᠯᠪᠣᠷᠢᠯᠠᠪᠠ᠃ ᠠᠳᠡ ᠣᠨᠴᠠᠭᠠᠶᠢᠯᠠᠨ ᠨᠢᠭᠡ ᠯᠡ ᠡᠴᠦᠰ ᠲᠤ ᠪᠠᠷᠢᠬᠤ ᠦᠵᠡᠯ ᠪᠠ ᠬᠦᠮᠦᠨ ᠤ ᠮᠠᠭᠤ ᠬᠦᠮᠦᠨ ᠢ | ᠰᠠᠨᠰᠠᠷ ᠤᠨ ᠡᠴᠦᠰ ᠤᠨ ᠴᠢᠬᠤᠯᠠ ᠨᠢᠭᠡᠨ ᠠᠭᠤᠯᠬᠤᠨ ᠪᠣᠯᠭᠠᠵᠦ ᠲᠠᠶᠢᠯᠪᠣᠷᠢᠯᠭᠰᠠᠨ ᠨᠢ ᠶᠡᠭᠡ ᠰᠣᠨᠢᠷᠬᠠᠯᠳᠠᠢ ᠶᠣᠮ᠃ | ᠡᠭᠦᠨ ᠠᠴᠠ ᠦᠵᠡᠪᠡᠯ᠂ ᠰᠠᠨᠰᠠᠷ ᠤᠨ ᠡᠴᠦᠰ ᠲᠤ ᠡᠰᠡ ᠣᠷᠣᠰᠢᠬᠤ ᠭᠡᠳᠡᠭ ᠨᠢ ᠵᠦᠪᠬᠡᠨ ᠰᠠᠨᠰᠠᠷ ᠲᠠᠭᠤᠰᠴᠤ᠂ | ᠬᠦᠮᠦᠨ ᠨᠠᠰᠣᠨ ᠡᠴᠦᠰ ᠲᠤ ᠬᠦᠷᠦᠭᠰᠡᠨ ᠣᠴᠢᠷ ᠲᠡᠳᠦᠢ ᠪᠢᠰᠢ᠂ ᠨᠢᠭᠡ ᠯᠡ ᠵᠦᠭ ᠢ ᠪᠠᠷᠢᠬᠤ ᠦᠵᠡᠯ᠂ | ᠮᠠᠭᠤᠯᠠᠬᠤ ᠵᠣᠬᠢᠰᠳᠠᠢ ᠮᠠᠭᠤ ᠬᠦᠮᠦᠨ ᠪᠣᠯᠬᠤ ᠨᠢ ᠪᠦᠷ ᠰᠠᠨᠰᠠᠷ ᠤᠨ ᠡᠴᠦᠰ ᠲᠤ ᠬᠦᠷᠦᠭᠰᠡᠨ ᠤ ᠪᠡᠯᠭᠡ ᠲᠡᠮᠳᠡᠭ | ᠪᠣᠯᠬᠤ ᠠᠵᠠᠢ᠃ ᠡᠶᠢᠮᠦ ᠳᠤ ᠠᠮᠢᠳᠠᠨ ᠤ ᠲᠣᠰᠠ ᠶᠢᠨ ᠲᠣᠯᠠᠳᠠ ᠰᠠᠨᠰᠠᠷ ᠤᠨ ᠡᠴᠦᠰ ᠢ ᠲᠦᠷᠢᠳᠭᠡᠬᠦ ᠴᠢᠬᠤᠯᠠ ᠲᠠᠢ | ᠪᠦᠭᠡᠳ ᠰᠠᠨᠰᠠᠷ ᠤᠨ ᠡᠴᠦᠰ ᠢ ᠲᠦᠷᠢᠳᠭᠡᠬᠦ ᠭᠡᠪᠡᠯ ᠭᠠᠭᠴᠠ ᠣᠷᠴᠢᠯᠠᠩ ᠰᠠᠨᠰᠠᠷ ᠤᠨ ᠭᠡᠮ ᠢ ᠯᠡ ᠦᠵᠡᠬᠦᠯᠦᠭᠡᠳ | ᠪᠣᠯᠬᠤ ᠪᠢᠰᠢ᠂ ᠣᠷᠴᠢᠯᠠᠩ ᠤᠨ ᠭᠡᠮ ᠠᠳᠡᠯ ᠢ ᠦᠵᠡᠭᠳᠡᠬᠦᠯᠬᠦ ᠪᠢᠯᠢᠭ᠂ ᠪᠣᠳᠠᠭᠠᠯᠢ ᠶᠢᠨ ᠪᠢ ᠦᠭᠡᠢ ᠣᠨᠣᠬᠤᠢ ᠶᠢᠨ | ᠪᠢᠯᠢᠭ ᠢᠶᠠᠷ ᠰᠠᠨᠰᠠᠷ ᠤᠨ ᠭᠡᠮ ᠢ ᠰᠢᠨᠵᠢᠯᠡᠵᠦ᠂ ᠡᠪᠳᠡᠷᠡᠬᠦ ᠦᠵᠡᠯ ᠤᠨ ᠲᠠᠷᠣᠯᠭ᠎ᠠ ᠶᠢ ᠦᠢᠯᠡᠳᠴᠦ᠂ ᠲᠠᠪᠣᠨ | ᠴᠣᠭᠴᠠ ᠶᠢᠨ ᠮᠦᠩᠬᠡ ᠪᠣᠰᠣ᠂ ᠵᠣᠪᠠᠯᠠᠩ ᠲᠠᠢ᠂ ᠦᠪᠡᠷ ᠤᠨ ᠮᠦᠨ ᠴᠢᠨᠠᠷ ᠤᠨ ᠪᠢ ᠪᠠᠷ ᠬᠤᠭᠤᠰᠣᠨ ᠪᠠ ᠪᠣᠰᠣ | ᠣᠳᠬ᠎ᠠ ᠶᠢᠨ ᠪᠢ ᠦᠭᠡᠢ ᠭᠡᠮ ᠪᠠ ᠣᠷᠴᠢᠯ ᠢ ᠬᠤᠷᠢᠭᠯᠠᠨ ᠲᠦᠷᠢᠳᠭᠡᠬᠦ ᠬᠡᠷᠡᠭᠳᠡᠢ ᠭᠡᠵᠦ ᠣᠨᠣᠰᠢᠯᠠᠭᠰᠠᠨ ᠪᠠᠶᠢᠳᠠᠭ᠃ | ᠡᠨᠡ ᠭᠡᠰᠢᠭᠦᠨ ᠣᠳᠬ᠎ᠠ ᠨᠢ ᠦᠭᠡᠰ ᠤᠨ ᠣᠳᠬ᠎ᠠ ᠳᠠᠭᠠᠨ ᠲᠣᠰᠠᠯᠠᠮᠵᠢ ᠶᠢᠨ ᠦᠢᠯᠡᠳᠦᠯ ᠦᠵᠡᠭᠦᠯᠵᠦ᠂ | ᠽᠣᠩᠺᠠᠪᠠ ᠶᠢᠨ ᠪᠣᠰᠣᠳ ᠤᠨ ᠲᠣᠰᠠ ᠶᠢᠨ ᠲᠦᠯᠦᠭᠡ ᠰᠠᠨᠰᠠᠷ ᠢ ᠡᠰᠡ ᠣᠭᠤᠷᠬᠤ ᠭᠡᠳᠡᠭ ᠢ ᠨᠡᠩ ᠲᠡᠭᠡᠳᠦ | ᠲᠡᠭᠳᠡᠷ ᠤᠨ ᠬᠦᠰᠡᠯ ᠵᠣᠷᠢᠯᠭ᠎ᠠ ᠪᠣᠯᠭᠠᠨ ᠲᠠᠶᠢᠯᠪᠣᠷᠢᠯᠠᠭᠰᠠᠨ ᠶᠣᠮ᠃ ᠡᠨᠡ ᠭᠠᠭᠴᠠ ᠨᠢᠭᠡᠨ ᠪᠠᠳᠠᠭ ᠰᠢᠯᠦᠭ ᠢ | ᠢᠩᠭᠢᠵᠦ ᠣᠳᠬ᠎ᠠ ᠶᠢᠨ ᠲᠠᠪᠬᠤᠷᠭ᠎ᠠ ᠬᠤᠪᠢᠶᠠᠨ ᠰᠢᠨᠵᠢᠯᠡᠵᠦ ᠲᠡᠯᠭᠡᠷᠡᠩᠭᠦᠢ ᠨᠠᠷᠢᠯᠢᠭ ᠪᠦᠭᠡᠳ ᠭᠦᠨ ᠭᠦᠨᠵᠡᠭᠡᠢ | ᠰᠦᠪᠡᠭᠴᠢᠯᠡᠯᠳᠡ ᠬᠢᠭᠰᠡᠨ ᠨᠢ ᠣᠳᠬ᠎ᠠ ᠵᠣᠬᠢᠶᠠᠯ ᠰᠢᠬᠦᠮᠵᠢᠯᠡᠯ ᠰᠣᠳᠣᠯᠣᠯ ᠤᠨ ᠨᠢᠭᠡᠨ ᠠᠮᠵᠢᠯᠳᠠ ᠲᠠᠢ ᠵᠢᠱᠢᠶ᠎ᠡ | ᠪᠣᠯᠬᠤ ᠨᠢ ᠯᠠᠪᠳᠠᠢ᠃ | ᠠᠭᠸᠠᠩᠳᠠᠨᠳᠠᠷ ᠤᠨ ᠵᠣᠬᠢᠶᠠᠯ ᠲᠠᠶᠢᠯᠪᠣᠷᠢᠯᠠᠨ ᠰᠣᠳᠣᠯᠬᠤ ᠠᠷᠭ᠎ᠠ ᠡᠨᠡᠬᠡᠨ ᠢᠶᠠᠷ ᠵᠣᠭᠰᠣᠬᠤ ᠦᠭᠡᠢ᠂ ᠠᠳᠡ | ᠵᠦᠪᠬᠡᠨ ᠶᠡᠷᠣᠳᠡ ᠬᠡᠷᠡᠭᠯᠡᠭᠳᠡᠬᠦ ᠬᠡᠳᠦᠨ ᠵᠦᠢᠯ ᠤᠨ ᠠᠷᠭ᠎ᠠ ᠵᠠᠭᠪᠤᠷ ᠢ ᠦᠵᠡᠭᠦᠯᠦᠭᠰᠡᠨ ᠲᠡᠳᠦᠢ ᠪᠢᠯᠡ᠂ ᠶᠠᠭᠤ ᠴᠤ | ᠭᠡᠰᠡᠨ ᠲᠡᠷᠡ ᠤᠳᠬ᠎ᠠ ᠵᠣᠬᠢᠶᠠᠯ ᠰᠣᠳᠣᠯᠣᠨ ᠲᠠᠶᠢᠯᠪᠣᠷᠢᠯᠠᠬᠤ ᠠᠰᠢᠳᠠᠢ ᠣᠯᠠᠨ ᠠᠷᠭ᠎ᠠ ᠪᠠᠷᠢᠯ ᠢ | ᠲᠣᠭᠳᠠᠪᠣᠷᠢᠵᠢᠭᠤᠯᠣᠨ ᠬᠡᠷᠡᠭᠯᠡᠵᠦ ᠮᠣᠩᠭᠤᠯ ᠣᠷᠠᠨ ᠵᠣᠬᠢᠶᠠᠯ ᠤᠨ ᠰᠣᠳᠣᠯᠣᠯ ᠲᠠᠶᠢᠯᠪᠤᠷᠢ ᠳᠤ ᠣᠯᠠᠨ ᠵᠦᠢᠯ ᠤᠨ | ᠠᠷᠭ᠎ᠠ ᠵᠠᠭᠪᠣᠷ ᠬᠠᠩᠭᠠᠭᠰᠠᠨ ᠪᠦᠭᠡᠳ ᠰᠠᠶᠢᠨ ᠦᠯᠢᠭᠡᠷ ᠵᠢᠱᠢᠶ᠎ᠡ ᠪᠣᠯᠣᠭᠰᠠᠨ ᠪᠠᠶᠢᠳᠠᠭ᠃ ᠡᠨᠡ ᠨᠢ ᠮᠦᠨ ᠴᠤ | ᠣᠷᠠᠨ ᠵᠣᠬᠢᠶᠠᠯ ᠤᠨ ᠰᠣᠳᠣᠯᠣᠯ ᠰᠢᠨᠵᠢᠯᠡᠯ ᠪᠣᠯ ᠠᠯᠢ ᠡᠷᠳᠡᠨ ᠠᠴᠠ ᠶᠠᠪᠣᠭᠳᠠᠵᠦ ᠪᠠᠶᠢᠭᠰᠠᠨ ᠪᠦᠭᠡᠳ | ᠠᠭᠸᠠᠩᠳᠠᠨᠳᠠᠷ ᠤᠨ ᠦᠶ᠎ᠡ ᠳᠤ ᠨᠡᠩ ᠶᠡᠭᠡ ᠬᠦᠭᠵᠢᠯᠳᠡ ᠪᠠᠨ ᠣᠯᠣᠭᠰᠠᠨ ᠢ ᠬᠠᠷᠠᠭᠤᠯᠵᠦ ᠪᠣᠢ᠃ ᠮᠦᠨ ᠴᠤ | ᠲᠡᠭᠦᠨ ᠤ ᠣᠷᠠᠨ ᠵᠣᠬᠢᠶᠠᠯ ᠤᠨ ᠰᠣᠳᠣᠯᠣᠯ ᠨᠢ ᠭᠦᠨ ᠤᠬᠠᠭᠠᠨ ᠰᠣᠳᠣᠯᠣᠯ ᠲᠠᠢ ᠨᠢᠭᠳᠠ ᠬᠤᠯᠪᠣᠭᠳᠠᠵᠦ ᠪᠠᠶᠢᠭ᠎ᠠ | ᠶᠢ ᠬᠠᠷᠠᠭᠤᠯᠵᠦ ᠪᠣᠢ᠃ | ᠵᠡᠭᠦᠯᠳᠡ ﹇1﹈ ﹇2﹈ ﹇3﹈ ﹇4﹈ ﹇5﹈ ﹇6﹈ ﹇7﹈ ︽ᠲᠠᠨᠳᠠᠷ ᠯᠾᠠᠷᠠᠮᠪᠠ ᠶᠢᠨ ᠰᠦᠩᠪᠤᠮ | ᠣᠷᠣᠰᠢᠪᠠᠢ︾ ︵ᠲᠦᠪᠡᠳ ᠬᠡᠪᠯᠡᠯ︶᠂ ᠲᠦᠪᠡᠳ ᠤᠨ ᠠᠷᠠᠳ ᠤᠨ ᠬᠡᠪᠯᠡᠯ ᠤᠨ ᠬᠤᠷᠢᠶ᠎ᠠ᠂ 2008 ᠣᠨ᠃ | 355-356᠂ 407 — 408᠂ 395᠂ 359᠂ 309᠂ 456᠂ 459 ᠳ᠋ᠣᠭᠡᠷ ᠨᠢᠭᠤᠷ᠃ | | ᠪᠤ᠂ ᠰᠢᠭᠤᠢ | ᠠᠯᠠᠱᠠ ᠯᠾᠠᠷᠠᠮᠪᠠ ᠠᠭᠸᠠᠩᠳᠠᠨᠳᠠᠷ ᠤᠨ ᠮᠣᠩᠭᠤᠯ ᠢᠷᠠᠭᠤ ᠨᠠᠶᠢᠷᠠᠭ ᠲᠤ ᠦᠵᠡᠬᠦᠯᠦᠭᠰᠡᠨ ᠵᠢᠳᠬᠦᠯ ᠢ ᠦᠭᠦᠯᠡᠬᠦ ᠨᠢ | ﹇ᠠᠭᠤᠯᠭ᠎ᠠ ᠶᠢᠨ ᠲᠣᠪᠴᠢ﹈ ᠲᠣᠰ ᠦᠭᠦᠯᠡᠯ ᠳᠤ ᠮᠣᠩᠭᠤᠯ ᠦᠨᠳᠣᠰᠣᠳᠡᠨ ᠤ ᠠᠯᠳᠠᠷᠳᠤ ᠤᠳᠬ᠎ᠠ ᠵᠣᠬᠢᠶᠠᠯᠴᠢ᠂ | ᠣᠳᠬ᠎ᠠ ᠵᠣᠬᠢᠶᠠᠯ ᠤᠨ ᠣᠨᠣᠯᠴᠢ ᠠᠭᠸᠠᠩᠳᠠᠨᠳᠠᠷ ᠤᠨ ᠰᠦᠩᠪᠣᠮ ᠵᠣᠬᠢᠶᠠᠯ ᠳᠤ ᠰᠠᠭᠤᠷᠢᠯᠠᠨ᠂ ᠲᠡᠭᠦᠨ ᠤ ᠮᠣᠩᠭᠤᠯ | ᠢᠷᠠᠭᠤ ᠨᠠᠶᠢᠷᠠᠭ ᠲᠤ ᠦᠵᠡᠭᠦᠯᠦᠭᠰᠡᠨ ᠯᠣᠳᠣ ᠶᠡᠭᠡ ᠬᠤᠪᠢ ᠨᠡᠮᠡᠭᠦᠷᠢ ᠶᠢ ᠰᠢᠨᠵᠢᠯᠡᠨ ᠦᠨᠡᠯᠡᠵᠦ᠂ ᠵᠣᠬᠢᠰᠳᠣ | ᠠᠶᠠᠯᠭᠤᠨ ᠤ ᠦᠯᠢᠭᠡᠷ ᠦᠭᠦᠯᠡᠬᠦᠢ ᠪᠢᠴᠢᠵᠦ᠂ ᠢᠷᠠᠭᠤ ᠨᠠᠶᠢᠷᠠᠭ ᠤᠨ ᠦᠵᠡᠰᠭᠦᠯᠡᠩᠳᠦ ᠲᠣᠯᠢ ᠶᠢ ᠬᠠᠩᠭᠠᠭᠰᠠᠨ᠂ | ᠰᠣᠷᠭᠠᠯ ᠰᠢᠯᠦᠭ ᠤᠨ ᠰᠣᠳᠣᠨ ᠬᠡᠪ ᠵᠢᠱᠢᠶ᠎ᠡ ᠶᠢ ᠡᠭᠦᠳᠦᠭᠰᠡᠨ᠂ ᠵᠠᠬᠢᠳᠠᠯ ᠤᠨ ᠬᠡᠯᠪᠡᠷᠢᠳᠦ ᠢᠷᠠᠭᠤ ᠨᠠᠶᠢᠷᠠᠭ ᠤᠨ | ᠣᠯᠠᠮᠵᠢᠯᠠᠯ ᠢ ᠪᠠᠳᠠᠷᠠᠭᠤᠯᠤᠨ ᠰᠣᠩᠭᠤᠳᠠᠭ ᠢᠷᠠᠭᠤ ᠨᠠᠶᠢᠷᠠᠭ ᠤᠨ ᠵᠠᠬᠢᠳᠠᠯ ᠢ ᠲᠣᠭᠤᠷᠪᠢᠭᠰᠠᠨ᠂ ᠲᠠᠬᠢᠯ ᠲᠡᠭᠦᠰᠭᠡᠯ | ᠤᠨ ᠰᠢᠯᠦᠭ ᠪᠠ ᠵᠠᠪᠰᠠᠷ ᠤᠨ ᠰᠢᠯᠦᠭ ᠨᠢ ᠣᠷᠠᠨ ᠠᠪᠢᠶᠠᠰ ᠪᠠ ᠦᠵᠡᠯ ᠰᠠᠨᠠᠭᠠᠨ ᠤ ᠭᠦᠨᠴᠡ ᠪᠠᠷ ᠢᠷᠠᠭᠤ ᠨᠠᠶᠢᠷᠠᠭ | ᠤᠨ ᠦᠵᠡᠰᠭᠦᠯᠡᠩᠳᠦ ᠲᠠᠯ᠎ᠠ ᠳᠤ ᠦᠩᠭᠡ ᠶᠢᠨ ᠲᠠᠨ᠎ᠠ ᠰᠣᠪᠣᠳ ᠰᠢᠬᠢᠳᠭᠡᠭᠰᠡᠨ ᠭᠡᠬᠦ ᠬᠡᠳᠦᠨ ᠲᠠᠯ᠎ᠠ ᠪᠠᠷ | ᠳ᠋ᠦᠩᠨᠡᠭᠰᠡᠨ ᠪᠠᠶᠢᠨ᠎ᠠ᠃ | ﹇ᠵᠠᠩᠭᠢᠯᠠᠭ᠎ᠠ ᠦᠭᠡ﹈ ᠠᠭᠸᠠᠩᠳᠠᠨᠳᠠᠷ ᠮᠣᠩᠭᠤᠯ ᠢᠷᠠᠭᠤ ᠨᠠᠶᠢᠷᠠᠭ ᠭᠠᠪᠢᠶ᠎ᠠ ᠵᠢᠳᠬᠦᠯ | ᠲᠦᠪᠡᠳ ᠮᠣᠩᠭᠤᠯ ᠣᠷᠣᠨ ᠳᠤ ᠠᠯᠳᠠᠷ ᠨᠡᠷ᠎ᠡ ᠪᠠᠨ ᠲᠠᠭᠤᠷᠢᠰᠣᠭᠤᠯᠣᠭᠰᠠᠨ ᠮᠣᠩᠭᠤᠯ ᠦᠨᠳᠣᠰᠣᠳᠡᠨ ᠤ | ᠠᠪᠢᠶᠠᠰᠳᠣ ᠢᠷᠠᠭᠤ ᠨᠠᠶᠢᠷᠠᠭᠴᠢ᠂ ᠤᠳᠬ᠎ᠠ ᠵᠣᠬᠢᠶᠠᠯ ᠤᠨ ᠣᠨᠣᠯᠴᠢ᠂ ᠭᠦᠨ ᠤᠬᠠᠭᠠᠨᠳᠠᠨ᠂ ᠬᠡᠯᠡᠨ ᠤ | ᠰᠢᠨᠵᠢᠯᠡᠯᠳᠡᠨ ᠠᠯᠠᠱᠠ ᠯᠾᠠᠷᠠᠮᠪᠠ ᠠᠭᠸᠠᠩᠳᠠᠨᠳᠠᠷ ᠵᠢᠴᠢ ᠲᠡᠭᠦᠨ ᠤ ᠵᠣᠬᠢᠶᠠᠯ ᠪᠦᠳᠦᠭᠡᠯ ᠤᠨ ᠰᠣᠳᠣᠯᠭᠠᠨ ᠣᠯᠠᠨ | ᠲᠠᠯ᠎ᠠ ᠪᠠᠷ ᠶᠠᠪᠣᠭᠳᠠᠵᠦ ᠮᠠᠰᠢ ᠣᠯᠠᠨ ᠠᠮᠵᠢᠯᠳᠠ ᠣᠯᠵᠦ ᠪᠠᠶᠢᠭ᠎ᠠ ᠪᠣᠯᠪᠠᠴᠤ᠂ ᠲᠡᠭᠦᠨ ᠤ ᠮᠣᠩᠭᠤᠯ ᠤᠳᠬ᠎ᠠ | ᠵᠣᠬᠢᠶᠠᠯ ᠳᠤ ᠦᠵᠡᠬᠦᠯᠦᠭᠰᠡᠨ ᠬᠤᠪᠢ ᠨᠡᠮᠡᠭᠦᠷᠢ ᠪᠠ ᠭᠠᠪᠢᠶ᠎ᠠ ᠵᠢᠳᠬᠦᠯ ᠢ ᠪᠦᠬᠦ ᠲᠠᠯ᠎ᠠ ᠪᠠᠷ ᠦᠨᠡᠯᠡᠬᠦ ᠨᠢ ᠪᠠᠰᠠ ᠴᠤ | ᠣᠮᠳᠣᠭᠠᠶᠢᠯᠠᠵᠦ ᠪᠣᠯᠣᠰᠢ ᠦᠭᠡᠢ ᠵᠠᠪᠠᠯ ᠭᠦᠢᠴᠡᠳᠭᠡᠬᠦ ᠴᠢᠬᠤᠯᠠᠳᠠᠢ ᠠᠵᠢᠯ ᠪᠣᠯᠬᠤ ᠶᠣᠮ᠃ ᠢᠷᠠᠭᠤ ᠨᠠᠶᠢᠷᠠᠭ ᠪᠣᠶᠣ | ᠪᠣᠰᠣᠳ ᠲᠦᠷᠦᠯ ᠤᠨ ᠪᠦᠳᠦᠭᠡᠯ ᠲᠣᠭᠤᠷᠪᠢᠳᠠᠭ ᠯᠠᠮᠠ ᠡᠷᠳᠡᠮᠳᠡᠳ ᠢ ᠣᠭᠳᠠᠷᠭᠤᠢ ᠶᠢᠨ ᠣᠳᠣᠨ ᠮᠡᠴᠢᠳ ᠢᠶᠠᠷ | ᠵᠦᠢᠷᠯᠡᠬᠦ ᠳᠤ ᠬᠦᠷᠪᠡᠯ᠂ ᠠᠭᠸᠠᠩᠳᠠᠨᠳᠠᠷ ᠪᠣᠯ ᠲᠡᠳᠡᠭᠡᠷ ᠤᠨ ᠲᠣᠳᠣᠷᠠᠬᠢ ᠮᠠᠰᠢ ᠭᠢᠯᠠᠯᠵᠠᠭᠰᠠᠨ ᠣᠳᠣᠨ ᠤ ᠨᠢᠭᠡ ᠨᠢ | ᠪᠣᠯᠬᠤ ᠪᠦᠭᠡᠳ ᠮᠣᠩᠭᠤᠯ ᠤᠳᠬ᠎ᠠ ᠵᠣᠬᠢᠶᠠᠯ ᠤᠨ ᠲᠡᠣᠬᠡᠨ ᠳᠤ ᠦᠪᠡᠷ ᠤᠨ ᠭᠡᠬᠦ ᠦᠪᠡᠷᠮᠢᠴᠡ ᠭᠡᠷᠡᠯ ᠭᠢᠯᠪᠠᠭ᠎ᠠ | ᠨᠡᠮᠡᠷᠢᠯᠡᠭᠰᠡᠨ ᠶᠣᠮ᠃ ᠡᠭᠦᠨ ᠢ ᠲᠡᠭᠦᠨ ᠤ ᠲᠣᠭᠤᠷᠪᠢᠨ ᠦᠯᠡᠳᠡᠭᠡᠭᠰᠡᠨ ᠰᠦᠩᠪᠣᠮ ᠵᠣᠬᠢᠶᠠᠯ ᠲᠣᠳᠣᠷᠠᠬᠢ ᠢᠷᠠᠭᠤ | ᠨᠠᠶᠢᠷᠠᠭ ᠤᠨ ᠪᠦᠳᠦᠭᠡᠯ᠂ ᠰᠢᠯᠦᠭ ᠵᠦᠢ ᠶᠢᠨ ᠲᠣᠬᠠᠢ ᠣᠨᠣᠯ ᠦᠵᠡᠯᠳᠡ᠂ ᠲᠣᠭᠤᠷᠪᠢᠬᠤᠢ ᠶᠢᠨ ᠣᠨᠣᠯ ᠪᠠᠷᠢᠮᠳᠠᠯᠠᠯ | ᠂ ᠤᠳᠬ᠎ᠠ ᠵᠣᠬᠢᠶᠠᠯ ᠤᠨ ᠲᠠᠶᠢᠯᠪᠤᠷᠢ ᠵᠣᠬᠢᠶᠠᠯ ᠵᠡᠷᠭᠡ ᠠᠴᠠ ᠣᠬᠠᠪᠤᠷᠢᠯᠠᠨ ᠮᠡᠳᠡᠷᠡᠵᠦ ᠪᠣᠯᠣᠨ᠎ᠠ᠃ ᠲᠣᠰ ᠦᠭᠦᠯᠡᠯ | ᠳᠤ ᠲᠡᠭᠦᠨ ᠤ ᠢᠷᠠᠭᠤ ᠨᠠᠶᠢᠷᠠᠭ ᠤᠨ ᠠᠮᠵᠢᠯᠳᠠ ᠶᠢ ᠰᠦᠪᠡᠭᠴᠢᠯᠡᠵᠦ᠂ ᠮᠣᠩᠭᠤᠯ ᠢᠷᠠᠭᠤ ᠨᠠᠶᠢᠷᠠᠭ ᠲᠤ | ᠦᠵᠡᠭᠦᠯᠦᠭᠰᠡᠨ ᠵᠢᠳᠬᠦᠯ ᠢ ᠦᠭᠦᠯᠡᠬᠦ ᠪᠣᠯᠣᠨ᠎ᠠ᠃ | 18 ᠠᠴᠠ 19 ᠳ᠋ᠣᠭᠡᠷ ᠵᠠᠭᠤᠨ ᠬᠦᠷᠳᠡᠯᠡᠬᠢ ᠡᠨᠡ ᠬᠤᠭᠤᠴᠠᠭᠠᠨ ᠳᠤ ᠮᠣᠩᠭᠤᠯᠴᠤᠳ ᠤᠨ ᠲᠠᠪᠣᠨ ᠤᠬᠠᠭᠠᠨ ᠢ | ᠪᠠᠭᠳᠠᠭᠠᠭᠰᠠᠨ ᠲᠣᠭᠤᠷᠪᠢᠬᠤᠢ ᠶᠢᠨ ᠦᠢᠯᠡᠰ ᠮᠠᠰᠢ ᠬᠦᠭᠵᠢᠶᠡᠨᠳᠡᠢ ᠡᠷᠴᠢᠮᠯᠢᠭ᠌ ᠶᠠᠪᠣᠭᠳᠠᠵᠦ᠂ ᠮᠣᠩᠭᠤᠯ ᠤᠳᠬ᠎ᠠ | ᠵᠣᠬᠢᠶᠠᠯ ᠤᠨ ᠦᠨᠳᠣᠷ ᠠᠮᠵᠢᠯᠳᠠ ᠶᠢ ᠬᠤᠷᠢᠶᠠᠵᠦ ᠪᠠᠶᠢᠭᠰᠠᠨ ᠶᠣᠮ᠃ ᠡᠨᠡ ᠲᠣᠳᠣᠷ᠎ᠠ ᠠᠯᠠᠱᠠ ᠯᠾᠠᠷᠠᠮᠪᠠ | ᠠᠭᠸᠠᠩᠳᠠᠨᠳᠠᠷ ᠤᠨ ᠢᠷᠠᠭᠤ ᠨᠠᠶᠢᠷᠠᠭ ᠦᠪᠡᠷ ᠤᠨ ᠭᠡᠬᠦ ᠣᠨᠴᠠᠯᠢᠭ ᠢᠶᠠᠷ ᠣᠯᠠᠨ ᠳᠤ ᠮᠡᠳᠡᠷᠡᠭᠳᠡᠨ ᠪᠢᠰᠢᠷᠡᠭᠳᠡᠵᠦ | ᠬᠤᠵᠢᠮ ᠤᠨ ᠬᠦᠮᠦᠰ ᠤᠨ ᠲᠠᠭᠠᠨ ᠰᠣᠷᠣᠯᠴᠠᠬᠤ ᠲᠠᠭᠤᠷᠢᠶᠠᠯ ᠪᠣᠯᠵᠦ ᠪᠠᠶᠢᠪᠠ᠃ ᠨᠢᠭᠡ ᠵᠣᠬᠢᠰᠳᠣ ᠠᠶᠠᠯᠭᠤᠨ ᠤ | ᠦᠯᠢᠭᠡᠷ ᠦᠭᠦᠯᠡᠬᠦᠢ ᠪᠢᠴᠢᠵᠦ᠂ ᠢᠷᠠᠭᠤ ᠨᠠᠶᠢᠷᠠᠭ ᠤᠨ ᠦᠵᠡᠰᠭᠦᠯᠡᠩᠳᠦ ᠲᠣᠯᠢ ᠶᠢ ᠬᠠᠩᠭᠠᠭᠰᠠᠨ᠃ ᠡᠷᠳᠡᠨ ᠤ | ᠡᠨᠡᠳᠬᠡᠭ ᠤᠨ ᠤᠳᠬ᠎ᠠ ᠵᠣᠬᠢᠶᠠᠯ ᠤᠨ ᠣᠨᠣᠯᠴᠢ ᠲᠠᠨᠳᠢᠨ ᠤ ︽ᠵᠣᠬᠢᠰᠳᠣ ᠠᠶᠠᠯᠭᠤᠨ ᠤ ᠲᠣᠯᠢ︾ ᠨᠢ ᠪᠣᠷᠬᠠᠨ ᠤ | ᠱᠠᠰᠢᠨ ᠲᠦᠪᠡᠳ ᠣᠷᠣᠨ ᠳᠤ ᠦᠷᠭᠡᠵᠢᠨ ᠬᠦᠭᠵᠢᠬᠦ ᠶᠢ ᠲᠠᠭᠠᠯᠳᠣᠨ ᠣᠯᠠᠮᠵᠢᠯᠠᠭᠳᠠᠵᠦ᠂ ᠪᠣᠷᠬᠠᠨ ᠤ ᠵᠠᠷᠯᠢᠭ ᠤᠨ | ᠲᠠᠶᠢᠯᠪᠣᠷᠢ ᠪᠣᠯᠬᠤ ︽ᠲᠠᠨᠵᠣᠣᠷ︾ ︵ᠱᠠᠰᠳᠢᠷ ᠵᠣᠬᠢᠶᠠᠯ ᠤᠨ ᠣᠷᠴᠢᠭᠤᠯᠭ᠎ᠠ︶ ᠲᠤ ᠬᠤᠷᠢᠶᠠᠭᠳᠠᠨ ᠣᠷᠣᠭᠰᠠᠨ | ᠪᠦᠭᠡᠳ ᠮᠣᠩᠭᠤᠯ ᠣᠷᠣᠨ ᠳᠤ ᠪᠠᠰᠠ ᠪᠤᠷᠬᠠᠨ ᠤ ᠱᠠᠰᠢᠨ ᠲᠡᠯᠭᠡᠷᠡᠬᠦ ᠶᠢ ᠲᠠᠭᠠᠯᠳᠣᠨ ᠢᠷᠡᠵᠦ ᠮᠣᠩᠭᠤᠯ ᠣᠷᠠᠨ | ᠵᠣᠬᠢᠶᠠᠯ ᠤᠨ ᠬᠦᠭᠵᠢᠯᠳᠡ ᠶᠢ ᠠᠬᠢᠭᠤᠯᠣᠭᠰᠠᠨ ᠪᠢᠯᠡ᠃ ︽ᠵᠣᠬᠢᠰᠳᠣ ᠠᠶᠠᠯᠭᠤ ᠶᠢᠨ ᠲᠣᠯᠢ︾ ᠶᠢᠨ ᠠᠷᠭ᠎ᠠ | ᠣᠨᠣᠯ ᠣᠷᠣᠵᠦ ᠢᠷᠡᠭᠰᠡᠨ ᠠᠴᠠ ᠮᠣᠩᠭᠤᠯ ᠢᠷᠠᠭᠤ ᠨᠠᠶᠢᠷᠠᠭ ᠤᠨ ᠪᠢᠴᠢᠯᠭᠡ ᠶᠢᠨ ᠠᠷᠭ᠎ᠠ ᠪᠠᠷᠢᠯ ᠡᠯᠪᠡᠭ ᠪᠠᠶᠠᠯᠢᠭ | ᠪᠣᠯᠵᠦ᠂ ᠣᠷᠠᠯᠢᠭ ᠤᠨ ᠬᠢᠷᠢ ᠬᠡᠮᠵᠢᠶ᠎ᠡ ᠴᠤ ᠶᠡᠬᠡᠪᠡᠷ ᠲᠡᠭᠡᠭᠰᠢᠯᠡᠭᠰᠡᠨ ᠪᠠᠶᠢᠳᠠᠭ᠃ ᠵᠢᠱᠢᠶᠡᠯᠡᠪᠡᠯ ᠠᠷᠪᠠᠨ | ᠲᠦᠪᠡᠳᠦᠭᠡᠷ ᠵᠠᠭᠤᠨ ᠤ ᠦᠶ᠎ᠡ ᠶᠢᠨ ᠢᠷᠠᠭᠤ ᠨᠠᠶᠢᠷᠠᠭᠴᠢ ᠴᠣᠶᠢᠵᠢᠡᠣᠳᠰᠡᠷ ᠤᠨ ︽ᠪᠣᠳᠢᠴᠠᠷᠢᠶᠠ ᠠᠸᠠᠳᠠᠷᠠ ᠶᠢᠨ | ᠲᠠᠶᠢᠯᠪᠣᠷᠢ ᠰᠢᠯᠦᠭ︾᠂ ︽ᠪᠠᠨᠵᠠᠷᠠᠭᠴᠢ ᠶᠢᠨ ᠲᠡᠭᠦᠰᠭᠡᠯ ᠰᠢᠯᠦᠭ︾᠂ ︽ᠪᠣᠷᠬᠠᠨ ᠤ ᠠᠷᠪᠠᠨ ᠬᠤᠶᠠᠷ | ᠵᠣᠬᠢᠶᠠᠩᠭᠤᠢ ᠶᠢᠨ ᠰᠢᠬᠢᠳᠭᠡᠯ ᠰᠢᠯᠦᠭ ᠪᠡ ᠲᠡᠬᠦᠰᠭᠡᠯ ᠰᠢᠯᠦᠭ︾ ᠵᠡᠷᠭᠡ ᠳᠤ ᠦᠪᠡᠷᠴᠢᠯᠡᠨ ᠢ ᠦᠭᠦᠯᠡᠬᠦ ᠴᠢᠮᠡᠭ᠂ | ᠦᠯᠢᠭᠡᠷ ᠤᠨ ᠴᠢᠮᠡᠭ᠂ ᠲᠦᠷᠰᠦᠳᠦ ᠴᠢᠮᠡᠭ ᠪᠠ ᠦᠢᠯᠡᠳᠬᠦᠶ᠎ᠡ ᠬᠢᠯᠪᠠᠷ ᠬᠤᠣᠰ ᠲᠡᠭᠦᠯᠳᠡᠷ ᠴᠢᠮᠡᠭ᠂ ᠡᠴᠦᠰ | ᠲᠡᠷᠢᠭᠦᠨ ᠢ ᠪᠠᠷᠢᠯᠳᠣᠭᠤᠯᠣᠭᠰᠠᠨ ᠬᠤᠣᠰ ᠲᠡᠭᠦᠯᠳᠡᠷ ᠴᠢᠮᠡᠭ ᠵᠡᠷᠭᠡ ᠶᠢ ᠬᠡᠷᠡᠭᠯᠡᠭᠰᠡᠨ ᠪᠠᠶᠢᠳᠠᠭ᠃ ᠡᠨᠡ ᠨᠢ ᠲᠣᠬᠠᠢ | ᠶᠢᠨ ᠦᠶ᠎ᠡ ᠶᠢᠨ ᠮᠣᠩᠭᠤᠯ ᠣᠷᠠᠨ ᠵᠣᠬᠢᠶᠠᠯ ᠤᠨ ᠣᠷᠠᠯᠢᠭ ᠤᠨ ᠬᠢᠷᠢ ᠬᠡᠮᠵᠢᠶ᠎ᠡ ᠶᠢ ᠵᠣᠬᠢᠬᠤ ᠬᠡᠮᠵᠢᠶ᠎ᠡ ᠪᠠᠷ | ᠲᠡᠭᠡᠭᠰᠢᠯᠡᠬᠦᠯᠦᠭᠰᠡᠨ ᠶᠣᠮ᠃ ᠭᠡᠪᠡᠴᠦ ᠵᠣᠬᠢᠰᠳᠣ ᠠᠶᠠᠯᠭᠤᠨ ᠤ ᠣᠨᠣᠯ ᠠᠷᠭ᠎ᠠ ᠶᠢ ᠦᠷᠭᠡᠨ ᠢᠶᠠᠷ ᠬᠡᠷᠡᠭᠯᠡᠵᠦ | ᠪᠣᠯᠪᠠᠰᠣᠷᠠᠩᠭᠤᠢ ᠴᠠᠭᠠᠷᠠᠬᠤ ᠬᠡᠮᠵᠢᠶᠡᠨ ᠳᠤ ᠬᠦᠷᠦᠭᠰᠡᠨ ᠨᠢ ᠠᠷᠪᠠᠨ ᠲᠣᠯᠣᠳᠣᠭᠠᠷ ᠵᠠᠭᠤᠨ ᠤ ᠡᠴᠦᠰ ᠠᠴᠠ 18᠂ | 19 ᠳ᠋ᠣᠭᠡᠷ ᠵᠠᠭᠤᠨ ᠳᠤ ᠣᠷᠣᠭᠰᠠᠨ ᠦᠶ᠎ᠡ ᠳᠤ ᠪᠢᠯᠡ᠃ 18 ᠳ᠋ᠣᠭᠠᠷ ᠵᠠᠭᠤᠨ ᠢᠶᠠᠷ ᠠᠪᠴᠤ ᠬᠡᠯᠡᠭᠰᠡᠨ ᠴᠤ᠂ | ᠬᠡᠳᠦᠶᠢᠪᠡᠷ ᠵᠣᠬᠢᠰᠳᠣ ᠠᠶᠠᠯᠭᠤᠨ ᠤ ᠠᠷᠭ᠎ᠠ ᠮᠡᠷᠭᠡᠰᠢᠯ ᠢ ᠬᠡᠷᠡᠭᠯᠡᠨ ᠲᠣᠭᠤᠪᠢᠬᠤ ᠬᠦᠮᠦᠨ ᠨᠡᠯᠢᠶᠡᠳ ᠣᠯᠠᠨ ᠪᠣᠢ | ᠪᠣᠯᠣᠭᠰᠠᠨ ᠴᠤ ᠵᠣᠬᠢᠰᠳᠣ ᠠᠶᠠᠯᠭᠤᠨ ᠤ ᠦᠯᠢᠭᠡᠷ ᠦᠭᠦᠯᠡᠬᠦᠢ ᠪᠢᠴᠢᠳᠡᠭ ᠡᠷᠳᠡᠮᠳᠡᠳ ᠬᠠᠷᠢᠴᠠᠩᠭᠤᠢ ᠪᠠᠷ ᠪᠠᠭ᠎ᠠ | ᠪᠠᠶᠢᠵᠠᠢ᠃ ᠡᠶᠢᠮᠦ ᠪᠠᠶᠢᠳᠠᠯ ᠲᠣᠣᠷ᠎ᠠ ᠠᠭᠸᠠᠩᠳᠠᠨᠳᠠᠷ ᠲᠠᠪᠢᠨ ᠨᠢᠭᠡᠨ ᠨᠠᠰᠣᠨ ᠤ ᠪᠡᠷᠬᠡ ᠶᠢ ᠦᠯᠦ ᠬᠠᠮᠢᠶᠠᠷᠣᠨ | ᠯᠠᠪᠷᠣᠩ ᠬᠡᠶᠢᠳ ᠤᠨ ᠳ᠋ᠣᠷᠠᠮᠪᠠ ᠯᠾᠠᠰᠢ ᠠᠴᠠ ᠵᠣᠬᠢᠰᠳᠣ ᠠᠶᠠᠯᠭᠤᠨ ᠤ ᠡᠷᠳᠡᠮ ᠣᠬᠠᠭᠠᠨ ᠢ ᠰᠣᠷᠣᠯᠴᠠᠵᠦ | ᠲᠡᠭᠦᠰᠭᠡᠭᠡᠳ ᠨᠣᠳᠤᠭ ᠲᠠᠭᠠᠨ ᠢᠷᠡᠭᠰᠡᠨ ᠤ ᠲᠠᠷᠠᠭ᠎ᠠ ᠦᠪᠡᠷ ᠢᠶᠠᠨ ᠲᠠᠬᠢᠨᠳᠠ ᠲᠣᠩᠭᠠᠵᠦ ᠪᠢᠰᠢᠯᠭᠠᠭᠠᠳ ᠬᠤᠵᠢᠮ | ᠨᠢ ︽ᠵᠣᠬᠢᠰᠳᠣ ᠠᠶᠠᠯᠭᠤᠨ ᠤ ᠲᠣᠯᠢ ᠶᠢᠨ ᠭᠤᠷᠪᠠᠨ ᠪᠦᠯᠦᠭ ᠤᠨ ᠵᠢᠱᠢᠶ᠎ᠡ ᠦᠯᠢᠭᠡᠷᠯᠡᠯ ᠣᠶᠣᠨ ᠢ ᠭᠡᠶᠢᠬᠦᠯᠦᠭᠴᠢ | ᠬᠦᠵᠦᠬᠦᠨ ᠴᠢᠮᠡᠭ ᠦᠵᠡᠰᠬᠦᠯᠡᠩᠳᠣ ᠰᠣᠪᠣᠳ ᠤᠨ ᠡᠷᠢᠭᠡ ᠬᠡᠮᠡᠭᠳᠡᠬᠦ ᠣᠷᠣᠰᠢᠪᠠᠢ︾ ︵34 ᠬᠠᠭᠤᠳᠠᠰᠤ︶ ᠭᠡᠬᠦ | ᠪᠦᠳᠦᠭᠡᠯ ᠢᠶᠠᠨ ᠲᠦᠪᠡᠳ ᠢᠶᠠᠷ ᠲᠣᠭᠤᠷᠪᠢᠵᠦ ᠵᠣᠬᠢᠰᠳᠣ ᠠᠶᠠᠯᠭᠤ ᠠᠩᠬ᠎ᠠ ᠰᠣᠷᠬᠤᠢ ᠬᠦᠮᠦᠰ ᠲᠤ | ᠵᠣᠷᠢᠭᠤᠯᠣᠭᠰᠠᠨ ᠪᠠ ᠡᠭᠦᠨ ᠤ ᠲᠠᠷᠠᠭ᠎ᠠ ᠨᠢ ︽ᠦᠯᠢᠭᠡᠷ ᠤᠨ ᠴᠢᠮᠡᠭ ᠤᠨ ᠡᠬᠦᠳᠡᠨ ᠠᠴᠠ ᠪᠠᠭᠰᠢ ᠪᠠᠨ ᠮᠠᠭᠳᠠᠬᠤ | ᠮᠠᠭᠳᠠᠭᠠᠯ ᠡᠷᠳᠡᠮ ᠤᠨ ᠲᠠᠯᠠᠢ ᠣᠷᠣᠭᠤ ᠣᠷᠣᠰᠬᠤ ᠰᠦᠵᠢᠭ ᠤᠨ ᠮᠦᠷᠡᠨ ᠬᠡᠮᠡᠭᠳᠡᠬᠦ ᠣᠷᠣᠰᠢᠪᠠᠢ︾ ︵4 | ᠬᠠᠭᠤᠳᠠᠰᠤ︶᠂ ︽ᠵᠣᠬᠢᠰᠳᠣ ᠠᠶᠠᠯᠭᠤᠨ ᠤ ᠲᠣᠯᠢ ᠶᠢᠨ ᠬᠤᠶᠠᠳᠣᠭᠠᠷ ᠪᠦᠯᠦᠭ ᠤᠨ ᠠᠳᠠᠯᠢᠳᠬᠠᠨ ᠭᠡᠶᠢᠬᠦᠯᠬᠦ | ᠲᠠᠭᠤᠨ ᠤ ᠡᠬᠦᠳᠡᠨ ᠠᠴᠠ ᠦᠪᠡᠷ ᠤᠨ ᠪᠠᠭᠰᠢ ᠶᠢ ᠮᠠᠭᠳᠠᠭᠰᠠᠨ ᠠᠳᠢᠰᠳᠢᠳ ᠢ ᠣᠷᠢᠬᠤ ᠡᠭᠡᠰᠢᠭ ᠠᠶᠠᠯᠭᠤᠨ ᠤ | ᠴᠡᠩᠭᠡᠯ︾ ︵9 ᠬᠠᠭᠤᠳᠠᠰᠤ︶ ᠭᠡᠬᠦ ᠵᠡᠷᠭᠡ ᠵᠣᠬᠢᠰᠳᠣ ᠠᠶᠠᠯᠭᠤᠨ ᠤ ᠦᠯᠢᠭᠡᠷ ᠦᠭᠦᠯᠡᠬᠦᠢ ᠶᠢᠨ ᠪᠦᠳᠦᠭᠡᠯ ᠢ | ᠲᠣᠭᠤᠷᠪᠢᠭᠰᠠᠨ ᠠᠴᠠ ᠵᠣᠬᠢᠰᠳᠣ ᠠᠶᠠᠯᠭᠤᠨ ᠤ ᠦᠯᠢᠭᠡᠷ ᠦᠭᠦᠯᠡᠬᠦᠢ ᠶᠢᠨ ᠭᠡᠷᠡᠯᠳᠦ ᠲᠣᠯᠢ ᠶᠢ ᠡᠷᠭᠦᠭᠰᠡᠨ ᠪᠠᠶᠢᠵᠠᠢ | ᠃ ︽ᠦᠵᠡᠰᠬᠦᠯᠡᠩᠳᠣ ᠰᠣᠪᠣᠳ ᠤᠨ ᠡᠷᠢᠭᠡ︾ ᠳᠤ ᠵᠣᠬᠢᠰᠳᠣ ᠠᠶᠠᠯᠭᠤᠨ ᠤ ᠲᠣᠯᠢ ᠶᠢᠨ ᠨᠢᠭᠡᠳᠦᠭᠡᠷ ᠪᠦᠯᠦᠭ ᠤᠨ | ᠦᠯᠵᠡᠢ ᠦᠭᠦᠯᠡᠬᠦ᠂ ᠮᠦᠷᠭᠦᠯ ᠦᠭᠦᠯᠡᠬᠦ᠂ ᠪᠣᠳᠠᠰ ᠢ ᠮᠠᠭᠠᠳ ᠦᠵᠡᠬᠦᠯᠬᠦ ᠪᠠ ᠲᠠᠶᠢᠯᠬᠤ᠂ ᠵᠣᠬᠢᠰᠳᠣ᠂ ᠰᠠᠩ᠂ | ᠬᠤᠷᠢᠶᠠᠬᠤ ᠠᠴᠠ ᠡᠬᠢᠯᠡᠨ ᠦᠭᠦᠯᠡᠭᠳᠡᠬᠦᠨ ᠤ ᠠᠷᠪᠠᠨ ᠨᠠᠢᠮᠠᠨ ᠤᠳᠬ᠎ᠠ᠂ ᠡᠮᠣᠨᠡᠳᠤ ᠪᠠ ᠲᠣᠷᠣᠨᠠᠳᠤ ᠶᠢᠨ ᠮᠦᠷ ᠢ | ᠢᠯᠭᠠᠬᠤ ᠨᠡᠶᠢᠳᠡ ᠪᠣᠰᠤ ᠶᠢᠨ ᠠᠷᠪᠠᠨ ᠴᠢᠮᠡᠭ ᠬᠦᠷᠳᠡᠯᠡᠬᠢ ᠪᠠ ᠬᠤᠶᠠᠳᠣᠭᠠᠷ ᠪᠦᠯᠦᠭ ᠤᠨ ᠤᠳᠬ᠎ᠠ ᠶᠢᠨ ᠭᠤᠴᠢᠨ | ᠲᠠᠪᠤᠨ ᠴᠢᠮᠡᠭ᠂ ᠭᠤᠷᠪᠠᠳᠤᠭᠠᠷ ᠪᠦᠯᠦᠭ ᠤᠨ ᠲᠠᠭᠤᠨ ᠤ ᠴᠢᠮᠡᠭ ᠤᠨ ᠬᠤᠤᠰ ᠲᠡᠭᠦᠯᠳᠡᠷ ᠴᠢᠮᠡᠭ᠂ ᠦᠬᠡᠷ ᠤᠨ | ᠰᠢᠭᠡᠰᠦᠨ ᠤ ᠮᠦᠷ ᠤᠨ ᠴᠢᠮᠡᠭ᠂ ᠰᠠᠮᠠᠨᠳᠠᠪᠠᠳᠠᠷ᠎ᠠ ᠶᠢᠨ ᠬᠦᠷᠳᠦᠨ ᠤ ᠴᠢᠮᠡᠭ᠂ ᠡᠭᠡᠰᠢᠭ ᠮᠠᠭᠠᠳᠯᠠᠬᠤ ᠴᠢᠮᠡᠭ ᠵᠡᠷᠭᠡ | ᠳᠤ ᠪᠦᠷ ᠦᠯᠢᠭᠡᠷ ᠦᠭᠦᠯᠡᠬᠦᠢ ᠪᠢᠴᠢᠭᠰᠡᠨ ᠪᠦᠭᠡᠳ ᠨᠢᠭᠤᠴᠠ ᠦᠭᠡᠰ ᠤᠨ ᠴᠢᠮᠡᠭ ᠲᠤ ᠪᠢᠴᠢᠭᠰᠡᠨ ᠲᠠᠪᠣᠳᠣᠭᠠᠷ | ᠲᠠᠯᠠᠢ ᠯᠠᠮᠠ ᠶᠢᠨ ᠵᠠᠷᠢᠮ ᠬᠡᠳᠦᠨ ᠵᠢᠱᠢᠶ᠎ᠡ ᠰᠢᠯᠦᠭ ᠲᠤ ᠲᠠᠶᠢᠯᠪᠤᠷᠢ ᠬᠢᠭᠰᠡᠨ ᠪᠠᠶᠢᠳᠠᠭ᠃ ᠲᠤᠬᠠᠢ ᠶᠢᠨ ᠦᠶ᠎ᠡ ᠳᠤ | ᠵᠠᠷᠢᠮ ᠨᠢᠭᠡᠨ ᠴᠢᠮᠡᠭ ᠪᠣᠶᠣ ᠬᠤᠶᠠᠳᠣᠭᠠᠷ ᠪᠦᠯᠦᠭ ᠤᠨ ᠤᠳᠬ᠎ᠠ ᠶᠢᠨ ᠭᠤᠴᠢᠨ ᠲᠠᠪᠣᠨ ᠴᠢᠮᠡᠭ ᠲᠤ ᠦᠯᠢᠭᠡᠷ | ᠦᠭᠦᠯᠡᠬᠦᠢ ᠪᠢᠴᠢᠳᠡᠭ ᠬᠦᠮᠦᠰ ᠬᠠᠷᠢᠴᠠᠩᠭᠤᠢ ᠣᠯᠠᠨ ᠪᠠᠶᠢᠭᠰᠠᠨ ᠠᠴᠠ ᠪᠣᠰᠤ᠂ ᠢᠩᠭᠢᠵᠦ ᠭᠤᠷᠪᠠᠨ ᠪᠦᠯᠦᠭ ᠢᠶᠠᠷ | ᠦᠯᠢᠭᠡᠷ ᠦᠭᠦᠯᠡᠬᠦᠢ ᠪᠢᠴᠢᠳᠡᠭ ᠨᠢ ᠲᠣᠩ ᠴᠦᠬᠡᠨ ᠪᠠᠶᠢᠵᠠᠢ᠃ ᠡᠩ ᠲᠡᠷᠢᠭᠦᠨ ᠳᠤ ᠲᠡᠳᠡᠭᠡᠷ ᠣᠯᠠᠨ ᠴᠢᠮᠡᠭ ᠤᠨ | ᠨᠠᠷᠢᠨ ᠢᠯᠭᠠᠯ ᠢ ᠭᠠᠷᠭᠠᠵᠦ ᠴᠢᠳᠠᠭᠰᠠᠨ ᠨᠢ ᠠᠭᠸᠠᠩᠳᠠᠨᠳᠠᠷ ᠤᠨ ᠨᠠᠷᠢᠯᠢᠭ ᠰᠣᠷᠣᠯᠴᠠᠯᠭ᠎ᠠ ᠰᠣᠳᠣᠯᠣᠯ ᠪᠠ | ᠠᠪᠢᠶᠠᠰᠳᠣ ᠣᠷᠣᠯᠳᠣᠯᠭ᠎ᠠ ᠶᠢ ᠬᠠᠷᠠᠭᠤᠯᠵᠦ ᠪᠣᠢ᠃ ᠡᠨᠡ ᠨᠢ ᠮᠦᠨ ᠪᠣᠰᠤᠳ ᠰᠣᠷᠣᠯᠴᠠᠬᠤ ᠬᠦᠮᠦᠰ ᠲᠤ ᠨᠡᠯᠢᠶᠡᠳ | ᠪᠦᠷᠢᠨ ᠪᠦᠳᠦᠨ ᠬᠡᠪ ᠵᠢᠱᠢᠶ᠎ᠡ ᠪᠣᠶᠣ ᠲᠣᠯᠢ ᠶᠢ ᠬᠠᠩᠭᠠᠨ ᠦᠭᠴᠡᠢ᠃ ᠲᠠᠷᠠᠭ᠎ᠠ ᠨᠢ᠂ ᠲᠡᠳᠡᠭᠡᠷ ᠣᠯᠠᠨ ᠴᠢᠮᠡᠭ ᠢ | ᠣᠰᠣ ᠴᠠᠰᠤ ᠰᠢᠭ᠋ ᠲᠠᠳᠮᠠᠭᠠᠢ ᠬᠡᠷᠡᠭᠯᠡᠵᠦ ᠪᠠᠶᠢᠭᠰᠠᠨ ᠨᠢ ᠲᠡᠭᠦᠨ ᠤ ᠢᠷᠠᠭᠤ ᠨᠠᠶᠢᠷᠠᠭ ᠤᠨ ᠲᠣᠭᠤᠷᠪᠢᠯ ᠤᠨ | ᠪᠣᠯᠪᠠᠰᠣᠷᠠᠯ ᠴᠠᠭᠠᠷᠠᠯ ᠢ ᠬᠠᠷᠠᠭᠤᠯᠵᠦ ᠪᠣᠢ᠃ ᠵᠢᠱᠢᠶᠡᠯᠡᠪᠡᠯ᠂ ᠨᠡᠶᠢᠳᠡ ᠪᠣᠰᠤ ᠶᠢᠨ ᠠᠷᠪᠠᠨ ᠴᠢᠮᠡᠭ ᠤᠨ ᠰᠠᠮᠠᠳᠢ ᠶᠢᠨ | ᠡᠷᠳᠡᠮ ᠤᠨ ᠣᠯᠠᠨ ᠨᠣᠮ ᠢ ᠵᠢᠷᠣᠭᠯᠠᠭᠰᠠᠨ ᠵᠢᠱᠢᠶ᠎ᠡ ᠳᠤ ︽ᠠᠷᠢᠭᠤᠨ ᠣᠷᠣᠨ ᠤ ᠲᠡᠭᠷᠢ ᠪᠠᠷ ᠣᠬᠢᠶᠠᠭᠰᠠᠨ | ᠬᠤᠪᠴᠠᠰᠣ ᠪᠠᠨ ᠰᠢᠪᠬᠠᠬᠤ ᠦᠶ᠎ᠡ᠂ ᠠᠯᠳᠠ ᠪᠠᠷᠢᠭᠴᠢ ︵ᠭᠠᠵᠠᠷ ᠲᠡᠯᠡᠬᠡᠢ︶ ᠪᠠᠶᠠᠷᠯᠠᠵᠦ ᠨᠣᠭᠤᠭᠠᠨ ᠣᠳᠠ | ᠨᠦᠮᠦᠷᠦᠭᠡᠳ᠂ ᠠᠴᠢᠶ᠎ᠠ ᠦᠷ᠎ᠡ ᠶᠢᠨ ᠡᠭᠦᠷᠭᠡ ᠪᠠᠷ ᠣᠷᠭᠤᠭ᠎ᠠ ᠮᠤᠳᠣ ᠠᠯᠵᠢᠶᠠᠯ ᠡᠳ᠋ᠯᠡᠨ᠂ ᠠᠳᠠᠭ ᠮᠠᠭᠤ ᠭᠠᠮᠰᠢᠭ | ᠠᠴᠠ ᠵᠢᠭᠰᠢᠵᠦ ᠠᠶᠠᠷᠬᠠᠨ ᠲᠣᠳᠠᠭᠠᠨ ᠣᠳᠪᠠᠢ︾ ﹇1﹈ ᠭᠡᠵᠦ ᠠᠮᠢ ᠰᠡᠳᠬᠢᠯ ᠦᠭᠡᠢ ᠲᠡᠭᠷᠢ᠂ ᠭᠠᠵᠠᠷ᠂ | ᠣᠷᠭᠤᠭ᠎ᠠ ᠮᠣᠳᠣ ᠵᠡᠷᠭᠡ ᠳᠤ ᠠᠮᠢ ᠰᠡᠳᠬᠢᠯ ᠣᠯᠭᠤᠵᠦ᠂ ᠬᠤᠪᠴᠠᠰᠤ ᠰᠢᠪᠬᠠᠬᠤ᠂ ᠪᠠᠶᠠᠷᠯᠠᠬᠤ᠂ ᠠᠯᠵᠢᠶᠠᠯ ᠡᠳ᠋ᠯᠡᠬᠦ | ᠂ ᠠᠶᠠᠷᠬᠠᠨ ᠲᠣᠳᠠᠭᠠᠬᠤ ᠭᠡᠬᠦ ᠮᠡᠳᠦ ᠶᠢᠨ ᠠᠮᠢ ᠰᠡᠳᠬᠢᠯᠭᠡ ᠪᠣᠶᠣ ᠠᠮᠢ ᠰᠡᠳᠬᠢᠯᠭᠡᠳᠦ ᠦᠢᠯᠡ ᠬᠦᠳᠡᠯᠦᠯ ᠪᠣᠢ | ᠪᠣᠯᠭᠠᠨ ᠲᠦᠷᠰᠦᠯᠡᠭᠰᠡᠨ ᠨᠢ ᠠᠭᠸᠠᠩᠳᠠᠨᠳᠠᠷ ᠤᠨ ᠢᠷᠠᠭᠤ ᠨᠠᠶᠢᠷᠠᠭ ᠤᠨ ᠣᠷ᠎ᠠ ᠠᠪᠢᠶᠠᠰ ᠢ ᠭᠠᠶᠢᠬᠠᠭᠤᠯᠵᠦ ᠪᠠᠶᠢᠭ᠎ᠠ | ᠶᠣᠮ᠃ ᠨᠡᠩᠳᠡ ᠬᠤᠷ᠎ᠠ ᠪᠣᠷᠣᠭᠠᠨ ᠪᠠᠭᠤᠬᠤ ᠶᠢ ᠲᠡᠭᠷᠢ ᠬᠤᠪᠴᠠᠰᠤ ᠰᠢᠪᠬᠠᠬᠤ ᠭᠡᠵᠦ ᠲᠦᠷᠰᠦᠯᠡᠭᠰᠡᠨ ᠨᠢ ᠬᠤᠪᠣᠷ | ᠭᠠᠶᠢᠬᠠᠮᠰᠢᠭ ᠲᠦᠷᠰᠦᠯᠡᠯ ᠪᠣᠯᠵᠠᠢ᠃ ᠪᠠᠰᠠ ᠬᠤᠣᠰ ᠲᠡᠭᠦᠯᠳᠡᠷ ᠴᠢᠮᠡᠭ ᠤᠨ ᠭᠤᠷᠪᠠᠨᠳᠠ ᠲᠠᠬᠢᠭᠰᠠᠨ ᠴᠢᠮᠡᠭ ᠢ ︽ | ᠢᠷᠠᠭᠤ ᠪᠦᠭᠡᠳ ᠤᠶᠠᠩᠭ᠎ᠠ ᠪᠠᠷ ᠪᠠᠶᠠᠰᠠᠬᠤᠯᠠᠩ ᠲᠦᠷᠦᠮᠣᠢ︾ ﹇2﹈ ᠭᠡᠵᠦ ᠭᠤᠷᠪᠠᠨᠳᠠ ᠡᠨᠡ ᠮᠦᠷ ᠢ | ᠲᠠᠪᠳᠠᠭᠰᠠᠨ ᠰᠢᠯᠦᠭ ᠤᠨ ᠵᠢᠱᠢᠶ᠎ᠡ ᠭᠠᠷᠭᠠᠭᠰᠠᠨ ᠨᠢ ᠭᠤᠶᠢᠳᠠ ᠢᠷᠠᠭᠤ ᠪᠣᠯᠣᠭᠰᠠᠨ ᠪᠦᠭᠡᠳ ᠠᠳᠠᠯᠢ ᠪᠣᠰᠤ ᠶᠢᠨ | ᠰᠠᠨᠠᠭ᠎ᠠ ᠪᠠᠨ ᠢᠯᠡᠳᠭᠡᠵᠦ ᠴᠢᠳᠠᠭᠰᠠᠨ ᠰᠣᠩᠭᠤᠳᠠᠭ ᠵᠢᠱᠢᠶ᠎ᠡ ᠪᠣᠯᠣᠭᠰᠠᠨ ᠪᠠᠶᠢᠨ᠎ᠠ᠃ ᠭᠤᠷᠪᠠ ᠳᠤ᠂ ᠡᠳᠡᠭᠡᠷ | ᠦᠯᠢᠭᠡᠷ ᠦᠭᠦᠯᠡᠬᠦᠢ ᠪᠣᠶᠣ ᠵᠢᠱᠢᠶ᠎ᠡ ᠰᠢᠯᠦᠭ ᠨᠢ ᠦᠪᠡᠷ ᠤᠨ ᠰᠠᠨᠠᠭ᠎ᠠ ᠰᠡᠳᠬᠢᠯᠭᠡ ᠪᠠᠨ ᠢᠯᠡᠳᠭᠡᠭᠰᠡᠨ ᠢᠶᠠᠷ ᠦᠯᠦ | ᠪᠠᠷᠠᠮ ᠵᠣᠬᠢᠰᠳᠣ ᠠᠶᠠᠯᠭᠤᠨ ᠤ ᠲᠣᠬᠠᠢ ᠦᠵᠡᠯᠳᠡ ᠲᠠᠨᠢᠯᠳᠠ ᠪᠠᠨ ᠢᠯᠡᠳᠭᠡᠵᠦ ᠴᠢᠳᠠᠭᠰᠠᠨ ᠪᠠᠶᠢᠨ᠎ᠠ᠃ ᠲᠡᠭᠦᠨ ᠤ | ᠦᠯᠢᠭᠡᠷ ᠦᠭᠦᠯᠡᠬᠦᠢ ᠳᠤ ᠵᠣᠬᠢᠰᠳᠣ ᠠᠶᠠᠯᠭᠤᠨ ᠤ ᠠᠮᠢ ᠪᠡᠶ᠎ᠡ ᠴᠢᠮᠡᠭ ᠤᠨ ᠣᠬᠠᠭᠳᠠᠬᠤᠨ ᠬᠠᠷᠠᠭᠤᠯᠤᠭᠳᠠᠵᠠᠢ᠃ | ᠶᠠᠭ ᠫᠷᠣᠹᠧᠰᠰᠤᠷ ᠪᠡ᠊ · ᠭᠡᠷᠡᠯᠳᠦ ᠶᠢᠨ ︽ᠵᠣᠬᠢᠶᠠᠭᠴᠢ ᠪᠠᠷ ︿ᠵᠣᠬᠢᠰᠳᠣ ᠠᠶᠠᠯᠭᠤᠨ ᠤ ᠲᠣᠯᠢ﹀ ᠶᠢᠨ ᠣᠨᠣᠯ | ᠤᠨ ᠦᠨᠳᠣᠰᠣᠯᠡᠯ ᠢ ᠪᠡᠶᠡᠴᠢ ᠦᠢᠯᠡᠳᠦᠯᠭᠡ ᠪᠠᠷ ᠡᠵᠡᠮᠰᠢᠨ᠂ ᠪᠠᠭᠰᠢ ᠠᠴᠠ ᠰᠣᠷᠬᠤ ᠨᠣᠮ ᠠᠴᠠ ᠣᠩᠰᠢᠬᠤ ᠪᠡᠶ᠎ᠡ | ᠪᠠᠷ ᠲᠣᠷᠰᠢᠬᠤ ᠭᠤᠷᠮᠣᠰᠣᠨ ᠬᠦᠴᠦᠨ ᠢᠶᠠᠷ ᠵᠣᠬᠢᠰᠳᠣ ᠠᠶᠠᠯᠭᠤᠨ ᠤ ᠤᠬᠠᠭᠠᠨ ᠳᠤ ᠬᠠᠨᠳᠣᠭᠰᠠᠨ ᠲᠤᠯᠠ᠂ | ᠰᠣᠳᠣᠯᠣᠯᠭᠠᠨ ᠤ ᠦᠷ᠎ᠡ ᠳ᠋ᠦᠩ ᠨᠢ ᠬᠡᠶᠢᠰᠪᠤᠷᠢ ᠨᠣᠮᠯᠠᠯ ᠠᠴᠠ ᠨᠡᠩ ᠵᠠᠶᠢᠳᠠᠭᠤ ᠪᠣᠯᠵᠦ ᠰᠢᠯᠦᠭ ᠤᠨ ᠶᠣᠰᠣᠨ ᠤ | ᠬᠠᠤᠯᠢ ᠵᠢᠮ᠎ᠡ ᠯᠦᠭᠡ ᠣᠯᠠᠮ ᠣᠶᠢᠷᠠᠳᠣᠵᠦ ᠣᠴᠢᠵᠠᠢ︾ ﹇3﹈ ᠭᠡᠵᠦ ᠬᠡᠯᠡᠭᠰᠡᠨ ᠮᠡᠳᠦ ᠪᠠᠷ᠂ ᠠᠭᠸᠠᠩᠳᠠᠨᠳᠠᠷ | ᠵᠢᠱᠢᠶ᠎ᠡ ᠰᠢᠯᠦᠭ ᠪᠢᠴᠢᠬᠦ ᠪᠠᠷ ᠲᠠᠮᠵᠢᠨ ᠣᠨᠣᠯ ᠪᠠ ᠦᠢᠯᠡᠳᠦᠯᠭᠡ ᠶᠢᠨ ᠣᠶᠠᠯᠳᠣᠯ ᠤᠨ ᠠᠰᠠᠭᠤᠳᠠᠯ ᠢ | ᠰᠢᠢᠳᠪᠦᠷᠢᠯᠡᠭᠰᠡᠨ ᠪᠠᠶᠢᠨ᠎ᠠ᠃ ᠡᠶᠢᠮᠦ ᠠᠴᠠ ᠠᠭᠸᠠᠩᠳᠠᠨᠳᠠᠷ ᠤᠨ ᠵᠣᠬᠢᠰᠳᠣ ᠠᠶᠠᠯᠭᠤᠨ ᠤ ᠦᠯᠢᠭᠡᠷ ᠦᠭᠦᠯᠡᠬᠦᠢ | ᠶᠢᠨ ᠪᠦᠳᠦᠭᠡᠯ ᠤᠳ ᠨᠢ ᠮᠣᠩᠭᠤᠯ ᠣᠷᠠᠨ ᠵᠣᠬᠢᠶᠠᠯ ᠳᠠᠬᠢ ᠵᠣᠬᠢᠰᠳᠣ ᠠᠶᠠᠯᠭᠤᠨ ᠤ ᠭᠡᠷᠡᠯᠳᠣ ᠲᠣᠯᠢ ᠪᠣᠯᠵᠠᠢ ᠭᠡᠵᠦ | ᠬᠡᠯᠡᠬᠦ ᠳᠤ ᠬᠡᠳᠦᠷᠡᠬᠦ ᠦᠭᠡᠢ ᠶᠣᠮ᠃ | ᠬᠤᠶᠠᠷ ︽ᠰᠣᠷᠣᠯᠴᠠᠭᠳᠠᠬᠤᠨ · ᠬᠦᠮᠦᠨ ᠤ ᠨᠣᠮ ᠤᠨ ᠪᠠᠶᠠᠷ ᠬᠤᠷᠢᠮ︾ ᠭᠡᠬᠦ ᠣᠷᠳᠣ ᠰᠢᠯᠦᠭᠯᠡᠯ ᠨᠢ | ᠮᠣᠩᠭᠤᠯ ᠢᠷᠠᠭᠤ ᠨᠠᠶᠢᠷᠠᠭ ᠲᠤ ᠰᠣᠷᠭᠠᠯ ᠰᠢᠯᠦᠭ ᠤᠨ ᠰᠣᠳᠣᠨ ᠬᠡᠪ ᠵᠢᠱᠢᠶ᠎ᠡ ᠪᠣᠯᠵᠠᠢ᠃ ᠰᠣᠷᠭᠠᠯ ᠰᠢᠯᠦᠭ ᠪᠣᠯ | ᠮᠣᠩᠭᠤᠯ ᠤᠨ ᠡᠷᠳᠡᠨ ᠤ ᠣᠯᠠᠮᠵᠢᠯᠠᠯᠳᠣ ᠢᠷᠠᠭᠤ ᠨᠠᠶᠢᠷᠠᠭ ᠤᠨ ᠴᠢᠬᠤᠯᠠ ᠨᠢᠭᠡᠨ ᠲᠦᠷᠦᠯ ᠵᠦᠢᠯ ᠪᠣᠯᠣᠨ᠎ᠠ᠃ | ᠪᠤᠷᠬᠠᠨ ᠤ ᠱᠠᠰᠢᠨ ᠤ ᠰᠣᠷᠭᠠᠯ ᠰᠢᠯᠦᠭ ᠮᠣᠩᠭᠤᠯ ᠳᠤ ᠣᠯᠠᠮᠵᠢᠯᠠᠭᠳᠠᠭᠰᠠᠨ ᠤ ᠲᠠᠷᠠᠭ᠎ᠠ ᠮᠣᠩᠭᠤᠯ ᠤᠨ ᠢᠷᠠᠭᠤ | ᠨᠠᠶᠢᠷᠠᠭ ᠢ ᠨᠦᠯᠦᠭᠡᠯᠡᠵᠦ᠂ ᠨᠡᠩ ᠡᠯᠪᠡᠭ ᠪᠠᠶᠠᠯᠢᠭ ᠠᠭᠤᠯᠬᠤᠨ ᠲᠠᠢ᠂ ᠪᠤᠷᠬᠠᠨ ᠤ ᠱᠠᠰᠢᠨ ᠤ ᠨᠣᠮᠯᠠᠯ ᠤᠨ ᠦᠩᠭᠡ | ᠠᠶᠠᠰᠳᠣ ᠪᠣᠶᠣ ᠱᠠᠰᠢᠨ ᠪᠠ ᠲᠦᠷᠦ ᠶᠢᠨ ᠬᠤᠣᠰ ᠶᠣᠰᠣᠨ ᠤ ᠰᠣᠷᠭᠠᠯ ᠰᠢᠯᠦᠭ ᠢ ᠪᠣᠢ ᠪᠣᠯᠭᠠᠭᠰᠠᠨ ᠪᠠᠶᠢᠳᠠᠭ᠃ | ᠡᠭᠦᠨ ᠳᠤ ᠠᠯᠠᠱᠠ ᠯᠾᠠᠷᠠᠮᠪᠠ ᠶᠢᠨ ︽ᠬᠦᠮᠦᠨ ᠤ ᠨᠣᠮ ᠤᠨ ᠪᠠᠶᠠᠷ ᠬᠤᠷᠢᠮ︾ ᠨᠢ ᠡᠨᠡ ᠲᠠᠯ᠎ᠠ ᠶᠢᠨ | ᠲᠦᠯᠦᠭᠡᠯᠡᠭᠴᠢ ᠪᠦᠳᠦᠭᠡᠯ ᠪᠣᠯᠵᠦ ᠪᠣᠯᠣᠨ᠎ᠠ᠃ ᠨᠢᠭᠡ ᠳᠤ᠂ ᠲᠣᠰ ᠰᠢᠯᠦᠭ ᠤᠨ ᠠᠭᠤᠯᠭ᠎ᠠ ᠡᠯᠪᠡᠭ᠂ ᠰᠣᠷᠭᠠᠯ ᠤᠨ | ᠠᠶᠠᠰ ᠦᠳᠭᠡᠨ᠃ ᠠᠳᠡ ᠡᠷᠳᠡᠮᠳᠡᠨ ᠯᠠᠮᠠ ᠶᠢ ᠬᠦᠨᠳᠦᠳᠭᠡᠬᠦ᠂ ᠮᠡᠷᠭᠡᠳ ᠢ ᠬᠦᠨᠳᠦᠯᠡᠬᠦ᠂ ᠮᠡᠷᠭᠡᠨ ᠲᠡᠨᠡᠭ ᠢ | ᠢᠯᠭᠠᠬᠤ᠂ ᠮᠠᠭᠤ ᠵᠠᠩ ᠠᠪᠤᠷᠢ ᠶᠢ ᠲᠡᠪᠴᠢᠬᠦ᠂ ᠬᠦᠮᠦᠨ ᠲᠠᠢ ᠨᠦᠬᠦᠷᠯᠡᠬᠦ᠂ ᠠᠮᠢᠳᠣᠷᠠᠯ ᠢᠶᠠᠨ ᠬᠡᠷᠬᠢᠨ ᠲᠦᠪᠯᠡᠬᠦ᠂ | ᠶᠢᠷᠳᠢᠨᠴᠦ ᠪᠠ ᠪᠣᠳᠠᠰ ᠦᠵᠡᠭᠳᠡᠯ ᠢ ᠲᠠᠨᠢᠬᠤ᠂ ᠨᠢᠭᠦᠯ ᠠᠴᠠ ᠬᠤᠯᠠᠳᠠᠵᠦ ᠪᠣᠶᠠᠨ ᠤ ᠦᠢᠯᠡᠰ ᠢᠯᠡᠭᠦᠦ ᠬᠢᠬᠦ᠂ | ᠣᠮᠣᠷᠬᠠᠯ ᠢ ᠲᠡᠪᠴᠢᠬᠦ᠂ ᠱᠠᠭᠱᠠᠪᠣᠳ ᠢ ᠰᠠᠬᠢᠬᠤ ᠵᠡᠷᠭᠡ ᠣᠯᠠᠨ ᠠᠭᠤᠯᠭ᠎ᠠ ᠶᠢ ᠨᠣᠮᠯᠠᠭᠰᠠᠨ ᠪᠦᠭᠡᠳ ᠨᠣᠮᠯᠠᠯ | ᠰᠣᠷᠭᠠᠯ ᠤᠨ ᠠᠶᠠᠰ ᠦᠳᠭᠡᠨ᠃ ᠵᠢᠱᠢᠶ᠎ᠡ ᠲᠣᠷᠠᠳᠣᠪᠠᠯ᠂ ︽ᠬᠠᠮᠤᠭ ᠬᠦᠮᠦᠨ ᠨᠠᠰᠣᠨ ᠤ ᠬᠠᠭᠠᠰ ᠢ ᠨᠣᠶᠢᠷ ᠢᠶᠠᠨ | ᠭᠠᠮᠨᠠᠬᠤ ᠪᠠᠷ ᠠᠪᠳᠠᠬᠤ᠂ ᠬᠠᠶᠢᠷᠠᠯᠠᠵᠦ ᠲᠡᠭᠦᠨ ᠤ ᠬᠠᠭᠠᠰ ᠢ ᠬᠤᠭᠤᠯᠠ ᠣᠮᠳᠠ ᠲᠦᠭᠦᠭᠡᠷᠡᠨ ᠪᠣᠯᠭᠤᠭᠠᠵᠦ | ᠬᠤᠷᠣᠭᠠᠬᠤ᠂ ᠬᠠᠮᠣᠵᠦ ᠦᠯᠡᠳᠡᠭᠰᠡᠨ ᠨᠢ ᠵᠠᠪᠬᠠᠢ ᠶᠠᠷᠢᠶᠡᠨ ᠴᠠᠯᠴᠢᠵᠦ ᠴᠠᠭ ᠢ ᠦᠩᠭᠡᠷᠡᠭᠡᠬᠦ ᠶᠣᠰᠣᠨ ᠳᠤ᠂ ᠬᠠᠷᠢᠨ | ᠨᠢ ᠰᠣᠷᠮᠠᠭᠠᠢ ᠰᠡᠳᠬᠢᠯ ᠴᠤ ᠵᠢᠭᠡᠬᠦᠴᠡᠬᠦ ᠦᠬᠡᠢ ᠨᠢ ᠵᠢᠭᠳᠡᠶᠢᠭᠡᠨ︾ ﹇4﹈ ᠭᠡᠵᠦ ᠬᠦᠮᠦᠨ ᠤ ᠬᠠᠶᠢᠷᠠᠨ ᠠᠮᠢ ᠨᠠᠰᠤ | ᠪᠠ ᠴᠠᠭ ᠢᠶᠠᠨ ᠲᠠᠯᠠᠭᠠᠷ ᠦᠩᠭᠡᠷᠡᠭᠡᠵᠦ ᠪᠠᠶᠢᠬᠤ ᠶᠢ ᠰᠢᠬᠦᠮᠵᠢᠯᠡᠨ ᠰᠣᠷᠭᠠᠭᠰᠠᠨ ᠪᠦᠭᠡᠳ ︽ᠬᠠᠷᠢᠭᠤᠴᠠᠨ | ᠬᠡᠯᠡᠯᠴᠡᠭᠴᠢ ᠪᠣᠰᠣᠳ ᠤᠨ ᠬᠠᠷᠢᠭᠤ ᠶᠢ ᠬᠠᠷᠢᠭᠤᠯᠣᠨ ᠴᠢᠳᠠᠭᠰᠠᠨ ᠲᠡᠳᠦᠶᠢᠬᠡᠨ ᠢᠶᠠᠷ᠂ ᠬᠠᠮᠤᠭ ᠨᠣᠮ ᠢ ᠬᠦᠢᠴᠡᠳ | ᠮᠡᠳᠡᠪᠡ ᠬᠡᠮᠡᠨ ᠣᠮᠣᠭᠯᠠᠬᠤ ᠬᠡᠷᠡᠭ ᠦᠬᠡᠢ᠂ ᠬᠠᠷᠢᠨ ᠨᠠᠷᠢᠨ ᠰᠢᠯᠭᠠᠳᠠᠭ ᠰᠡᠴᠡᠨ ᠣᠬᠠᠭᠠᠨ ᠤ ᠢᠳᠡ ᠪᠠᠷ᠂ | ᠬᠠᠪᠣᠳᠠᠢ ᠱᠠᠵᠢᠨ ᠤ ᠶᠣᠰᠣᠨ ᠳᠤ ᠰᠣᠯᠢᠭᠳᠠᠬᠤ ᠦᠬᠡᠢ ᠶᠢᠨ ᠵᠠᠩᠰᠢᠯ ᠢ ᠬᠠᠳᠠᠭᠠᠯᠠᠬᠤ ᠭᠡᠷᠡᠭᠳᠡᠢ︾ ﹇5﹈ ᠭᠡᠬᠦ | ᠨᠢᠭᠡᠨ ᠪᠠᠳᠠᠭ ᠲᠤ ᠲᠡᠮᠡᠴᠡᠬᠦᠢ ᠶᠢᠨ ᠦᠶᠡᠰ ᠨᠦᠭᠦᠭᠡ ᠡᠳᠡᠭᠡᠳ ᠢᠶᠠᠨ ᠢᠯᠠᠭᠰᠠᠨ ᠴᠤ ᠬᠠᠮᠤᠭ ᠢ ᠮᠡᠳᠡᠴᠢᠭᠡᠭᠰᠡᠨ | ᠭᠡᠵᠦ ᠣᠮᠣᠷᠬᠠᠭᠯᠠᠬᠤ ᠬᠡᠷᠡᠭ ᠦᠭᠡᠢ᠂ ᠬᠠᠷᠢᠨ ᠨᠠᠷᠢᠨ ᠨᠢᠭᠳᠠ ᠰᠢᠯᠭᠠᠳᠠᠭ ᠣᠬᠠᠭᠠᠨ ᠤ ᠢᠳᠡ ᠬᠦᠴᠦᠨ ᠢᠶᠠᠷ | ᠱᠠᠰᠢᠨ ᠤ ᠶᠣᠰᠣ ᠲᠦᠷᠢᠮ᠂ ᠵᠠᠩ ᠦᠢᠯᠡ ᠶᠢ ᠬᠠᠮᠠᠭᠠᠯᠠᠬᠤ ᠬᠡᠷᠡᠭᠳᠡᠢ ᠭᠡᠬᠦ ᠰᠠᠨᠠᠭ᠎ᠠ ᠲᠣᠳᠣᠷᠠᠵᠦ ᠪᠣᠢ᠃ ᠪᠠᠰᠠ ︽ | ᠱᠠᠵᠢᠨ ᠤ ᠬᠤᠸᠠᠷᠠᠭ ᠤᠳ ᠬᠦᠳᠡᠭᠡ ᠮᠣᠷᠢᠯᠠᠬᠤ ᠦᠶ᠎ᠡ ᠳᠤ ᠲᠠᠭᠤᠣ ᠪᠢᠳᠡᠭᠡᠢ ᠠᠶᠠᠯ᠂ ᠱᠠᠷᠵᠢᠭᠢᠨᠠᠭᠰᠠᠨ | ᠬᠠᠷᠠᠴᠣᠣᠯ ᠤᠨ ᠮᠦᠷᠦᠢ ᠲᠠᠢ ᠨᠠᠭᠠᠳᠣᠮ ᠤᠨ ᠭᠠᠵᠠᠷ ᠪᠢᠳᠡᠭᠡᠢ ᠣᠴᠢ᠂ ᠰᠢᠮᠳᠠᠵᠦ ᠲᠡᠭᠡᠳᠣᠰ ᠤᠨ ᠶᠠᠪᠣᠳᠠᠯ ᠳᠤ | ᠢᠳᠡᠪᠬᠢᠯᠡᠨ ᠲᠡᠭᠡᠭᠰᠢ ᠪᠠᠨ ᠬᠠᠷᠠᠬᠤ ᠭᠡᠷᠡᠭᠳᠡᠢ᠂ ᠱᠠᠯᠠᠪᠠᠴᠦ ᠰᠠᠭᠠᠯᠢ ᠬᠠᠪᠬ᠎ᠠ ᠵᠡᠭᠦᠭᠦ ᠠᠷᠭᠠᠨ ᠳᠤ ᠰᠣᠷᠴᠦ ᠪᠢᠳᠡᠭᠡᠢ | ᠦᠢᠯᠡᠳ︾ ﹇6﹈᠂ ︽ᠭᠡᠵᠢᠶᠡᠳᠡ ᠪᠣᠰᠣᠳ ᠤᠨ ᠬᠤᠣᠷ ᠢ ᠮᠠᠯᠳᠠᠨ ᠱᠣᠣᠯᠠᠨ ᠬᠤᠴᠢᠯᠠᠬᠤ ᠪᠠᠨ ᠴᠦᠭᠡᠳᠭᠡᠪᠡᠰᠦ | ᠦᠵᠡᠰᠭᠦᠯᠡᠩᠳᠡᠢ᠂ ᠭᠡᠳᠣᠷᠴᠦ ᠲᠡᠬᠢᠷ᠂ ᠲᠦᠯᠡᠢ᠂ ᠣᠷᠣᠩᠬᠢ᠂ ᠪᠦᠭᠳᠣᠷ ᠲᠡᠷᠢᠭᠦᠳᠡᠨ ᠢ ᠡᠯᠡᠭᠯᠡᠬᠦ ᠶᠢ ᠲᠡᠪᠴᠢ᠂ | ᠭᠡᠨ ᠢ ᠴᠦ ᠲᠣᠬᠤᠢ ︵ᠴᠣᠬᠤᠷ︶᠂ ᠨᠢᠰᠣᠳᠡᠢ᠂ ᠬᠤᠵᠢᠭᠢᠷ ᠬᠡᠮᠡᠨ ᠪᠣᠣ ᠲᠠᠭᠤᠳᠠ᠂ ᠭᠡᠨ ᠳᠤ ᠴᠦ ᠠᠮᠠ ᠨᠡᠶᠢᠯᠡᠵᠦ | ᠦᠢᠯᠡᠳᠣᠨ ᠪᠣᠰᠣᠳ ᠲᠤ ᠨᠡᠷ᠎ᠡ ᠴᠣᠯᠠ ᠪᠢᠳᠡᠭᠡᠢ ᠦᠭ︾ ﹇7﹈ ᠭᠡᠬᠦ ᠮᠡᠳᠦ ᠪᠠᠷ ᠱᠠᠰᠢᠨ ᠤ ᠬᠤᠸᠠᠷᠠᠭ ᠯᠠᠮᠠ ᠳᠤ | ᠰᠣᠷᠭᠠᠭᠰᠠᠨ ᠪᠠ ᠡᠩ ᠤᠨ ᠬᠦᠮᠦᠰ ᠲᠤ ᠰᠣᠷᠭᠠᠭᠰᠠᠨ ᠰᠣᠷᠭᠠᠯ ᠨᠣᠮᠯᠠᠯ ᠪᠣᠢ᠃ ᠬᠤᠶᠠᠷ ᠲᠤ᠂ ᠨᠣᠮᠯᠠᠯ ᠰᠣᠷᠭᠠᠯ | ᠤᠨ ᠦᠭᠡᠰ ᠪᠤᠶᠤ ᠰᠡᠴᠡᠨ ᠮᠡᠷᠭᠡᠨ ᠦᠭᠡᠰ ᠪᠣᠯᠣᠨ ᠠᠮᠢᠳᠣᠯᠢᠭ ᠲᠦᠷᠰᠦᠯᠡᠯ ᠵᠦᠢᠷᠯᠡᠯ ᠤᠨ ᠣᠶᠠᠯᠳᠣᠯ ᠪᠣᠯᠣᠨ᠎ᠠ᠃ | ︽ᠭᠡᠳᠣᠷᠭᠡᠢ ᠲᠡᠭᠡᠳᠣᠰ ᠢᠶᠠᠷ ᠬᠤᠭᠤᠰᠣᠨ ᠴᠢᠨᠠᠷ ᠣᠬᠠᠭᠠᠨ ᠮᠡᠳᠡᠭᠦ ᠳᠤ ᠨᠡᠩ ᠨᠠᠷᠢᠬᠠᠨ ᠴᠦ᠂ ᠭᠡᠳᠦ ᠪᠦᠳᠦᠭᠦᠨ | ᠦᠵᠡᠯ ᠡᠨᠡ ᠮᠣᠩᠬᠠᠭ ᠢ ᠰᠢᠨᠵᠢᠯᠡᠭᠰᠡᠨ ᠠᠴᠠ ᠡᠪᠳᠡᠳᠡᠭ᠂ ᠬᠡᠵᠢᠶᠡᠳᠡ ᠲᠠᠷᠬᠠᠨ ᠪᠠᠭᠠᠵᠢ ᠦᠷᠦᠯᠪᠢ ᠬᠠᠪᠴᠢᠨ | ᠪᠠᠷᠢᠬᠤ ᠳᠠᠭᠠᠨ ᠮᠡᠷᠭᠡᠨ ᠴᠦ᠂ ᠭᠡᠷᠪᠡ ᠳᠤ ᠮᠦᠩᠭᠦᠨ ᠤ ᠣᠰᠣ ᠶᠢ ᠴᠢᠳᠬᠤᠪᠠᠰᠣ ᠲᠡᠭᠦᠨ ᠢ ᠶᠠᠭᠠᠬᠢᠵᠦ ᠪᠣᠯᠭᠠᠨᠠᠮ︾ | ﹇8﹈ ᠭᠡᠬᠦ ᠨᠢᠭᠡᠨ ᠪᠠᠳᠠᠭ ᠲᠤ ᠬᠡᠳᠦᠷᠬᠡᠢ ᠲᠡᠭᠡᠳᠦᠰ ᠤᠨ ᠬᠤᠭᠤᠰᠣᠨ ᠴᠢᠨᠠᠷ ᠢ ᠣᠬᠠᠭᠠᠨ ᠮᠡᠳᠡᠬᠦ ᠶᠢ ᠲᠠᠷᠬᠠᠨ ᠤ | ᠪᠠᠭᠠᠵᠢ ᠦᠷᠦᠯᠪᠢ ᠪᠠᠷ ᠦᠯᠢᠭᠡᠷᠯᠡᠨ ᠢᠯᠡᠳᠭᠡᠭᠰᠡᠨ ᠪᠠᠶᠢᠳᠠᠭ᠃ ᠡᠨᠡ ᠨᠢ ᠶᠠᠭ ᠨᠣᠮᠯᠠᠯ ᠪᠠ ᠵᠦᠢᠷᠯᠡᠯ ᠤᠨ | ᠣᠶᠠᠯᠳᠣᠯ ᠤᠨ ᠦᠷ᠎ᠡ ᠪᠦᠳᠦᠭᠡᠯ ᠪᠣᠯᠣᠨ᠎ᠠ᠃ ᠭᠤᠷᠪᠠ ᠳᠤ᠂ ᠱᠠᠰᠢᠨ ᠤ ᠶᠣᠰᠣ ᠪᠠ ᠲᠦᠷᠦ ᠶᠢᠨ ᠶᠣᠰᠣ᠂ ᠪᠣᠷᠬᠠᠨ | ᠤ ᠱᠠᠰᠢᠨᠳᠠᠨ ᠪᠠ ᠢᠷᠭᠡᠨ ᠬᠠᠷᠠᠴᠤᠰ ᠲᠤ ᠪᠦᠷ ᠲᠣᠬᠢᠷᠠᠬᠤ ᠰᠣᠷᠭᠠᠯ ᠨᠣᠮᠯᠠᠯ ᠪᠣᠯᠣᠨ᠎ᠠ᠃ ᠨᠢᠭᠡ ᠯᠡ ᠦᠭᠡ ᠪᠠᠷ | ᠬᠡᠯᠡᠪᠡᠯ ︽ᠬᠦᠮᠦᠨ ᠤ ᠨᠣᠮ ᠤᠨ ᠪᠠᠶᠠᠷ ᠬᠤᠷᠢᠮ︾ ᠨᠢ ᠬᠦᠮᠦᠨ ᠤ ᠲᠣᠬᠠᠢ ᠬᠠᠯᠠᠮᠵᠢᠯᠠᠯ ᠪᠠ ᠬᠠᠶᠢᠷ᠎ᠠ ᠰᠣᠷᠭᠠᠯ | ᠤᠨ ᠢᠯᠡᠷᠡᠬᠦᠯᠦᠯ ᠮᠦᠨ᠃ ᠲᠦᠷᠪᠡ ᠳᠤ᠂ ᠮᠣᠩᠭᠤᠯᠴᠣᠳ ᠤᠨ ᠠᠮᠢᠳᠣᠷᠠᠯ ᠠᠬᠤᠢ ᠲᠠᠢ ᠨᠢᠭᠳᠠ ᠬᠤᠯᠪᠣᠭᠳᠠᠭᠰᠠᠨ | ᠢᠶᠠᠷ ᠢᠯᠡ ᠲᠣᠳᠣ ᠦᠨᠳᠣᠰᠣᠳᠡᠨ ᠤ ᠣᠨᠴᠠᠯᠢᠭ ᠲᠣᠪᠣᠶᠢᠮ᠎ᠠ᠃ ︽ᠰᠢᠯᠢᠳᠡᠭ ᠪᠠᠶᠢᠳᠠᠰᠣ ᠦᠨᠢᠶ᠎ᠡ ᠪᠠᠨ ᠠᠯᠠᠭᠠᠳ | ᠮᠢᠬᠠᠨ ᠤ ᠦᠨ᠎ᠡ ᠪᠠᠷ᠂ ᠰᠢᠷᠪᠡᠭᠡᠳᠡᠭ ᠭᠤᠨᠵᠢ ᠶᠢ ᠪᠣᠰᠣᠳ ᠨᠢᠭᠡᠨ ᠠᠴᠠ ᠡᠷᠢᠵᠦ ᠬᠠᠮᠢᠭ᠎ᠠ ᠠᠴᠠ ᠵᠣᠬᠢᠬᠤ ᠪᠣᠢ᠂ | ᠰᠢᠨᠡᠭᠡᠨ ᠬᠢᠷᠠᠭᠰᠠᠨ ᠲᠠᠬ᠎ᠠ ᠶᠢᠨ ᠵᠠᠬ᠎ᠠ ᠣᠷᠠᠭᠳᠠᠪᠠᠰᠣ ᠴᠦ᠂ ᠰᠢᠯᠢᠵᠦ ᠲᠡᠭᠦᠨ ᠤ ᠬᠤᠷᠮᠣᠢ ᠣᠭᠳᠣᠯᠵᠦ ᠨᠦᠭᠦᠪᠡᠯ | ᠵᠣᠬᠢᠮᠵᠢ ᠦᠬᠡᠢ︾ ﹇9﹈ ᠭᠡᠬᠦ ᠮᠡᠳᠦ ᠮᠣᠩᠭᠤᠯᠴᠤᠳ ᠤᠨ ᠠᠮᠢᠳᠣᠷᠠᠯ ᠠᠬᠤᠢ ᠲᠠᠢ ᠬᠤᠯᠪᠣᠭᠳᠠᠭᠰᠠᠨ ᠰᠢᠯᠦᠭᠯᠡᠯ | ᠣᠯᠠᠨ ᠪᠣᠢ᠃ ᠲᠠᠪᠤ ᠳᠤ᠂ ᠡᠨᠡ ᠨᠢ ᠰᠠᠵᠠ ᠪᠠᠨᠳᠢᠳᠠ ᠶᠢᠨ ︽ᠰᠣᠪᠠᠰᠢᠳᠢ︾ ᠶᠢᠨ ᠰᠣᠷᠭᠠᠯ ᠰᠢᠯᠦᠭ ᠤᠨ | ᠣᠯᠠᠮᠵᠢᠯᠠᠯ ᠢ ᠵᠠᠯᠭᠠᠮᠵᠢᠯᠠᠭᠰᠠᠨ ᠮᠦᠷᠳᠡᠭᠡᠨ ᠦᠪᠡᠷ ᠤᠨ ᠠᠬᠤᠢ ᠣᠷᠴᠢᠨ ᠲᠠᠢ ᠪᠠᠨ ᠤᠶᠠᠯᠳᠣᠭᠰᠠᠨ ᠰᠣᠷᠭᠠᠯ | ᠰᠢᠯᠦᠭ ᠪᠣᠯᠬᠤ ᠶᠣᠮ᠃ ᠡᠶᠢᠮᠦ ᠠᠴᠠ ᠲᠡᠷᠡ ᠨᠢ ᠮᠣᠩᠭᠤᠯ ᠣᠷᠠᠨ ᠵᠣᠬᠢᠶᠠᠯ ᠤᠨ ᠲᠡᠣᠬᠡᠨ ᠲᠡᠭᠡᠷ᠎ᠡ ᠴᠢᠬᠤᠯᠠ | ᠪᠠᠶᠢᠷᠢ ᠶᠢ ᠡᠵᠡᠯᠡᠬᠦ ᠶᠣᠰᠣᠳᠠᠢ᠃ |