ᠬᠦᠷᠣᠭᠡᠰᠣᠴᠢᠨ ᠬᠦᠪᠡᠬᠦᠨ
ᠨᠡᠶᠢᠲᠡᠯᠡᠭᠰᠡᠨ ᠴᠠᠭ᠄
2019-11-08
ᠣᠷᠠᠢ ︵ᠣᠷᠢᠳ︶ ᠴᠠᠭ ᠲᠤ ᠲᠢᠢᠪ ᠤᠨ ᠪᠦᠳᠦᠵᠦ ᠪᠠᠶᠢᠬᠤ ᠳᠤ᠂ ᠬᠦᠷᠦᠭᠡᠰᠣᠴᠢᠨ ᠡᠪᠦᠭᠡᠨ ᠨᠢᠭᠡ ᠬᠦᠪᠡᠬᠦᠨ ᠎ ᠲᠠᠢ ᠪᠠᠶᠢᠭ᠎ᠠ᠃ ᠲᠡᠳᠡ ᠠᠬᠤ ᠳᠠᠭᠠᠨ ᠣᠢ ᠴᠣᠭᠤ ᠰᠠᠭᠤᠳᠠᠭ᠂ ᠬᠠᠭᠠᠷᠬᠠᠢ ᠨᠢᠭᠡ ᠠᠶᠠᠭ᠎ᠠ ᠲᠠᠢ᠂ ᠲᠣᠭᠤᠭ᠎ᠠ ᠲᠠᠢ ᠪᠠᠶᠢᠭ᠎ᠠ ᠰᠠᠨ᠃ ᠪᠠᠪᠠᠢ ᠨᠢ ᠬᠤᠳᠦ ︵ᠦᠷᠬᠦᠯᠵᠢ︶ ᠬᠦᠷᠦᠭᠡᠰᠦ ᠠᠯᠠᠳᠠᠭ᠂ ᠲᠡᠬᠦᠨ ᠢᠶᠠᠷ ᠢᠶᠠᠨ ᠬᠤᠭᠤᠯᠠᠢ ᠪᠠᠨ ᠲᠡᠵᠢᠭᠡᠳᠡᠭ ᠪᠠᠶᠢᠭ᠎ᠠ᠃ ᠨᠢᠭᠡᠨᠳᠡ ᠪᠠᠪᠠᠢ ᠨᠢ ᠡᠪᠡᠳᠦᠭᠡᠳ᠂ ᠦᠬᠦᠬᠦ ᠲᠡᠭᠡᠷ᠎ᠡ ᠪᠠᠨ ᠬᠦᠪᠡᠬᠦᠨ ᠳᠡᠭᠡᠨ ᠵᠠᠬᠢᠪᠠ᠄ ︽ᠴᠢ ᠠᠩᠨᠠᠬᠤ ᠳᠠᠭᠠᠨ ᠡᠨᠡ ᠬᠤᠶᠢᠳᠦ ᠬᠠᠳᠠ ᠶᠢᠨ ᠠᠷᠦ ᠳᠤ ᠭᠠᠷᠴᠦ ᠪᠣᠥ ᠠᠩᠨᠠᠭᠠᠷᠠᠢ︾᠃ ᠪᠠᠪᠠᠢ ᠪᠠᠨ ᠬᠠᠳᠠᠯᠠᠭᠠᠳ ︵ᠬᠦᠳᠡᠭᠡᠯᠡᠬᠦᠯᠦᠭᠡᠳ︶᠂ ᠲᠡᠷᠡ ᠬᠦᠪᠡᠬᠦᠨ ᠣᠯᠣᠭᠰᠠᠨ ᠶᠠᠭᠤᠮ᠎ᠠ ᠪᠠᠷ ᠢᠶᠠᠨ ᠬᠤᠭᠤᠯᠠᠢ ᠎ ᠪᠠᠨ ᠲᠡᠵᠢᠭᠡᠳᠡᠭ ᠪᠠᠶᠢᠭ᠎ᠠ᠃ ᠨᠢᠭᠡᠨᠳᠡ᠄ ︽ᠡᠨᠡ ᠠᠪᠦ ᠮᠢᠨᠢ ᠨᠠᠮᠠᠢᠢ ᠶᠢ ᠪᠠᠨ ᠶᠠᠭᠤᠨ ᠳᠤ ᠬᠤᠶᠢᠳᠦ ᠬᠠᠳᠠ ᠶᠢᠨ ᠠᠷᠦ ᠳᠤ ᠭᠠᠷᠬᠤ ᠦᠭᠡᠢ ᠬᠡᠵᠦ ᠵᠠᠬᠢᠪᠠ ᠳ᠋ᠠ︾ ᠭᠡᠳ —᠂ ᠨᠢᠭᠡ ᠠᠩᠨᠠᠵᠦ ᠶᠠᠪᠣᠬᠤ ᠳᠠᠭᠠᠨ᠂ ᠲᠡᠷᠡ ᠬᠤᠶᠢᠳᠦ ᠬᠠᠳᠠ ᠶᠢᠨ ᠠᠷᠦ ᠳᠤ ᠭᠠᠷᠪᠠ᠃ ᠲᠡᠨᠳᠡ ᠪᠠᠨ ᠠᠩᠨᠠᠵᠦ ᠶᠠᠪᠣᠳᠠᠯ᠎ᠠ ᠪᠠᠨ᠂ ᠨᠢᠭᠡ ᠣᠷᠴᠠ ᠬᠠᠷᠠᠵᠦ ᠣᠷᠬᠢᠪᠠ᠃ ᠲᠡᠬᠦᠨ ᠴᠣᠭᠤ ᠣᠷᠣᠬᠤ ᠳᠤᠨᠢ᠂ ᠡᠯᠳᠡᠪ ᠢᠶᠠᠷ ᠢᠶᠠᠨ ᠢᠳᠡᠭᠡᠨ ᠪᠡᠯᠡᠳᠣᠭᠡ ᠲᠠᠢ ᠪᠠᠶᠢᠪᠠ᠃ ᠬᠦᠷᠦᠭᠡᠰᠣᠴᠢᠨ ᠬᠦᠪᠡᠬᠦᠨ ᠶᠡᠭᠡ ᠭᠠᠶᠢᠬᠠᠵᠦ ᠲᠠᠩᠨᠠᠵᠦ ᠰᠠᠭᠤᠪᠠ᠃ ᠲᠡᠭᠡᠵᠦ ᠰᠠᠭᠤᠬᠤ ᠳᠤᠨᠢ᠂ ᠨᠢᠭᠡ ᠬᠡᠢ ᠬᠤᠭᠤᠯᠠᠢ᠄ ︽ᠢᠳᠡᠭᠡ ᠎ ᠪᠠᠨ ᠢᠳᠡᠭᠡᠳᠦᠢ︾ — ᠭᠡᠪᠡ ᠬᠦᠷᠦᠭᠡᠰᠣᠴᠢᠨ ᠬᠦᠪᠡᠬᠦᠨ ᠤ ᠢᠳᠡᠭᠡᠯᠡᠵᠦ ᠪᠠᠶᠢᠬᠤ ᠳᠤ᠂ ᠨᠢᠭᠡ ᠶᠡᠭᠡ ᠭᠤᠶᠣ ᠪᠠᠴᠠᠭᠠᠨ ᠣᠷᠣᠵᠦ ᠢᠷᠡᠪᠡ᠃ ᠲᠡᠷᠡ ᠪᠠᠴᠠᠭᠠᠨ ᠲᠠᠢ ᠪᠠᠨ ᠵᠤᠭᠠᠯᠠᠯᠳᠣᠵᠦ ︵ᠶᠠᠷᠢᠯᠴᠠᠵᠦ︶ ᠬᠦᠭᠡᠷᠦᠯᠳᠦᠵᠦ ᠪᠡᠶ᠎ᠡ ᠪᠡᠶ᠎ᠡ ᠳᠡᠭᠡᠨ ᠶᠡᠭᠡ ᠪᠠᠷ ᠲᠣᠷᠠᠯᠠᠪᠠᠳ᠃ ᠲᠡᠭᠡᠵᠦ ᠢᠷᠡᠭᠰᠡᠨ ᠪᠡᠶ᠎ᠡ ᠪᠠᠷ ᠢᠶᠠᠨ ᠬᠦᠷᠦᠭᠡᠰᠣᠴᠢᠨ ᠬᠦᠪᠡᠭᠦᠨ ᠲᠡᠷᠡ ᠪᠠᠴᠠᠭᠠᠨ ᠢᠶᠠᠨ ᠰᠠᠮᠠᠭᠠᠨ ᠪᠣᠯᠭᠠᠵᠦ ᠭᠡᠷ ᠲᠡᠭᠡᠨ ᠠᠴᠠᠷᠠᠪᠠ᠃ ᠬᠠᠮᠳᠦ ᠭᠠᠯ ᠢᠶᠠᠨ ᠲᠦᠯᠡᠵᠦ ᠰᠠᠭᠤᠬᠤ ᠳᠠᠭᠠᠨ᠂ ᠲᠡᠳᠡ ᠨᠠᠷ ᠶᠡᠭᠡ ᠪᠠᠷ ᠪᠠᠶᠠᠵᠢᠵᠦ ᠵᠠᠬᠠᠯᠠᠭ᠎ᠠ ︵ᠡᠬᠢᠯᠡᠭᠡ︶ ᠰᠠᠨ ᠃ ᠰᠠᠮᠠᠭᠠᠨ ᠨᠢ ᠬᠠᠭᠠᠨ ᠤ ᠬᠤᠳᠳᠤᠭ ᠠᠴᠠ ᠣᠰᠣ ᠠᠪᠳᠠᠭ ᠪᠠᠶᠢᠭ᠎ᠠ᠃ ᠬᠠᠭᠠᠨ ᠤ ᠬᠦᠯᠦᠰᠣᠴᠢᠳ᠂ ᠪᠠᠷᠯᠤᠭ ᠎ ᠤᠳ ᠨᠢ ᠬᠦᠷᠦᠭᠡᠰᠣᠴᠢᠨ ᠬᠦᠪᠡᠬᠦᠨ ᠤ ᠰᠠᠮᠠᠭᠠᠨ ᠤ ᠭᠤᠶᠣ ᠰᠠᠶᠢᠬᠠᠨ ᠢ ᠨᠢ ᠶᠡᠭᠡ ᠪᠠᠷ ᠰᠠᠶᠢᠬᠠᠰᠢᠶᠠᠭᠠᠳ᠂ ᠬᠠᠷᠠᠭᠰᠠᠨ ᠭᠠᠵᠠᠷ ᠲᠠᠭᠠᠨ ᠮᠡᠳᠡᠯ ᠦᠭᠡᠢ ᠪᠠᠷ ᠶᠡᠭᠡ ᠦᠨᠢ ︵ᠣᠳᠠᠭᠠᠨ︶ ᠴᠣᠭᠤ ᠪᠠᠶᠢᠴᠢᠬᠠᠳᠠᠭ ᠪᠠᠶᠢᠭ᠎ᠠ᠃ ︵ᠮᠠᠯ ᠭᠠᠶᠢᠬᠠᠭᠠᠳ ᠶᠠᠭ ᠵᠣᠭᠰᠣᠴᠢᠬᠠᠳᠠᠭ ᠪᠠᠶᠢᠵᠠᠢ︶᠃ ᠬᠠᠭᠠᠨ ︽ᠡᠳᠡ ᠮᠢᠨᠢ ᠶᠠᠭᠤᠨ ᠳᠤ ᠡᠶᠢᠮᠦ ᠪᠣᠯᠣᠭᠠᠳ ᠪᠣᠢ︾ — ᠭᠡᠵᠦ ᠰᠠᠨᠠᠭᠠᠳ᠂ ᠲᠡᠳᠡᠨ ᠤ ᠪᠠᠨ ᠬᠤᠶᠢᠨ᠎ᠠ ᠎ ᠠᠴᠠ ᠬᠠᠷᠠᠳᠠᠭ ᠪᠣᠯᠪᠠ᠃ ᠲᠡᠭᠡᠵᠦ ᠨᠢᠭᠡ ᠶᠠᠪᠣᠬᠤ ᠳᠠᠭᠠᠨ᠂ ᠬᠦᠷᠦᠭᠡᠰᠣᠴᠢᠨ ᠬᠦᠪᠡᠬᠦᠨ ᠤ ᠰᠠᠮᠠᠭᠠᠨ ᠢ ᠬᠠᠷᠠᠵᠦ ᠣᠷᠬᠢᠪᠠ᠃ ᠲᠡᠷᠡ ᠬᠦᠪᠡᠬᠦᠨ ᠤ ᠰᠠᠮᠠᠭᠠᠨ ᠳᠤ ᠶᠡᠭᠡ ᠪᠠᠷ ᠲᠣᠷᠠᠯᠠᠵᠦ᠂ ᠡᠬᠦᠨ ᠢ ᠬᠠᠶᠢᠰᠢᠨ ᠭᠡᠳ ︵ᠶᠠᠭᠠᠬᠢᠵᠦ︶ ᠪᠣᠯᠢᠶᠠᠬᠤ ᠪᠣᠢ ᠳ᠋ᠠ ᠭᠡᠵᠦ ︵ᠪᠣᠯᠢᠶᠠᠶ᠎ᠠ ᠳ᠋ᠠ ᠭᠡᠵᠦ︶᠂ ᠪᠣᠳᠣᠯ ᠳᠤ ᠣᠨᠠᠪᠠ᠃ ᠡᠨᠡ ᠲᠡᠷᠡ ᠬᠦᠮᠦᠨ ᠠᠴᠠ ᠲᠣᠭᠤᠯᠬᠤ ᠳᠤᠨᠢ᠂ ᠵᠡᠬᠦᠨ ᠵᠦᠭ ᠲᠡᠰᠢ ᠨᠢᠭᠡ ᠭᠠᠶᠢᠬᠠᠭᠤᠷ ᠤᠨ ᠭᠠᠶᠢᠬᠠᠭᠤᠷ᠂ ᠲᠠᠩᠨᠠᠭᠤᠷ ᠤᠨ ᠲᠠᠩᠨᠠᠭᠤᠷ ᠪᠣᠢ ᠬᠡᠯᠳᠣᠪᠡ᠃ ᠬᠠᠭᠠᠨ ᠲᠡᠷᠡ ᠴᠠᠭ ᠲᠠᠭᠠᠨ ᠬᠦᠷᠦᠭᠡᠰᠣᠴᠢᠨ ᠬᠦᠪᠡᠬᠦᠨ ᠢ ᠢᠷᠡ ᠭᠡᠭᠦᠯᠦᠭᠡᠳ᠂ ᠡᠶᠢᠮᠦ ᠵᠠᠬᠢᠷᠣᠯᠳᠠ ᠦᠭᠪᠠ᠃ ︽ᠶᠠᠭᠤᠨ ᠴᠦ ᠪᠣᠯᠤᠭ᠂ ᠴᠢ ᠨᠠᠮᠠᠳᠦ ᠵᠡᠬᠦᠨ ᠵᠦᠭ ᠲᠠᠢ ᠠᠴᠠ ᠭᠠᠶᠢᠬᠠᠭᠤᠷ ᠤᠨ ᠭᠠᠶᠢᠬᠠᠭᠤᠷ᠂ ᠲᠠᠩᠨᠠᠭᠤᠷ ᠤᠨ ᠲᠠᠩᠨᠠᠭᠤᠷ ᠠᠴᠠᠷᠠ᠃ ᠬᠡᠷᠪᠡ ᠠᠴᠠᠷᠠᠭ᠎ᠠ ᠦᠭᠡᠢ ᠪᠣᠯᠪᠠᠯ ᠴᠢᠨᠢ᠂ ᠪᠢ ᠴᠢᠮᠠᠢ ᠠᠯᠠᠬᠤ ᠪᠢ︾᠃ ᠬᠦᠷᠦᠭᠡᠰᠣᠴᠢᠨ ᠬᠦᠪᠡᠬᠦᠨ ᠶᠡᠭᠡ ᠰᠠᠨᠠᠭᠠᠨ ᠳᠤ ᠪᠣᠳᠣᠩᠬᠠᠢ ᠭᠡᠷ ᠲᠡᠭᠡᠨ ᠬᠠᠷᠢᠵᠦ ᠢᠷᠡᠪᠡ᠃ ᠰᠠᠮᠠᠭᠠᠨ ᠨᠢ᠄ — ᠶᠠᠭᠤᠨ ᠳᠤ ᠬᠠᠭᠠᠨ ᠲᠠᠭᠤᠳᠠᠭ᠎ᠠ ᠪᠣᠢ︖ — ᠭᠡᠵᠦ ᠰᠣᠷᠠᠪᠠ᠃ ᠬᠦᠷᠦᠭᠡᠰᠣᠴᠢᠨ ᠬᠦᠪᠡᠬᠦᠨ ᠰᠠᠮᠠᠭᠠᠨ ᠎ ᠳᠠᠭᠠᠨ ᠬᠡᠯᠡᠵᠣ ᠦᠭᠪᠠ᠂ ᠲᠡᠭᠡᠭᠰᠡᠨ ᠪᠡᠶ᠎ᠡ ᠪᠠᠷ ᠢᠶᠠᠨ ᠬᠡᠯᠡᠨ᠎ᠡ᠄ — ᠪᠢ ᠴᠢᠨᠢ ᠴᠢᠮᠠ ᠠᠴᠠᠭᠠᠨ ᠰᠠᠯᠤᠭ᠎ᠠ ᠪᠢ ᠳ᠋ᠠ᠂ ᠬᠠᠮᠢᠭ᠎ᠠ ᠠᠴᠠ ᠭᠠᠶᠢᠬᠠᠭᠤᠷ ᠤᠨ ᠭᠠᠶᠢᠬᠠᠭᠤᠷ᠂ ᠲᠠᠩᠨᠠᠭᠤᠷ ᠎ ᠤᠨ ᠲᠠᠩᠨᠠᠭᠤᠷ ᠠᠴᠠᠷᠠᠬᠤ ᠶᠣᠮ ᠪᠣᠢ ᠪᠢ᠃ — ᠡᠬᠦᠨ ᠢ ᠲᠦᠬᠦᠷᠭᠡᠬᠦ ᠯᠡ ᠪᠠᠶᠢᠬᠤ ᠴᠢ᠂ ᠰᠠᠨᠠᠭ᠎ᠠ ᠪᠠᠨ ᠶᠡᠭᠡ ᠪᠠᠷ ᠪᠣᠥ ᠵᠣᠪᠠ — ᠭᠡᠵᠦ ᠰᠠᠮᠠᠭᠠᠨ ᠨᠢ ᠬᠡᠯᠡᠪᠠ ᠲᠡᠭᠡᠭᠡᠳ ᠰᠠᠮᠠᠭᠠᠨ ᠨᠢ ᠨᠢᠭᠡ ᠰᠢᠪᠠᠭᠤ ᠬᠢᠵᠦ ᠦᠭᠪᠠ᠃ ᠲᠡᠭᠡᠭᠡᠳ ᠡᠷ᠎ᠡ ᠳᠡᠭᠡᠨ ᠢᠩᠭᠢᠵᠦ ᠬᠡᠯᠡᠪᠡ᠄ ᠡᠨᠡ ᠰᠢᠪᠠᠭᠤᠨ ᠳᠤ ᠰᠠᠭᠤᠭᠠᠳ᠂ ᠮᠢᠨᠦ ᠡᠬᠡ ᠶᠢᠨ ᠳᠤ ᠣᠴᠢ᠂ ᠡᠬᠡ ᠮᠢᠨᠢ ᠬᠤᠥ ᠬᠡᠯᠡᠵᠦ ᠦᠭᠬᠦ᠃ ᠴᠢᠮᠠᠢᠢ ᠲᠠᠨᠢᠬᠤ ᠶᠢᠨ ᠲᠣᠯᠠ᠂ ᠪᠢ ᠴᠢᠮᠠᠳᠦ ᠠᠯᠳᠠᠨ ᠪᠦᠭᠡᠵᠢ ᠪᠠᠨ ᠦᠭᠬᠦ ᠪᠢ᠃ ᠲᠡᠨᠳᠡ ᠬᠦᠷᠦᠭᠡᠳ᠂ ᠪᠦᠭᠡᠵᠢ ᠲᠠᠢ ᠭᠠᠷ ᠎ ᠢᠶᠠᠷ ᠢᠶᠠᠨ ᠡᠬᠦᠳᠡ ᠶᠢ ᠨᠢ ᠨᠡᠭᠡᠭᠡᠷᠡᠢ᠂ ᠲᠡᠷᠡ ᠪᠦᠭᠡᠵᠢ ᠪᠠᠷ ᠴᠢᠨᠢ ᠮᠢᠨᠦ ᠡᠬᠡ ᠴᠢᠮᠠᠢᠢ ᠲᠠᠨᠢᠬᠤ᠃ ᠬᠦᠷᠣᠭᠡᠰᠣᠴᠢᠨ ᠬᠦᠪᠡᠬᠦᠨ ᠰᠠᠮᠠᠭᠠᠨ ᠤ ᠪᠠᠨ ᠬᠢᠭᠰᠡᠨ ᠰᠢᠪᠠᠭᠤᠨ ᠲᠡᠭᠡᠷ᠎ᠡ ᠬᠠᠷᠭᠤᠢ ᠳᠤ ᠮᠣᠷᠳᠠᠪᠠ᠃ ᠨᠢᠰ ᠨᠢᠰᠣᠭ᠍ᠰᠡᠭᠡᠷ᠂ ᠰᠠᠮᠠᠭᠠᠨ ᠤ ᠪᠠᠨ ᠡᠬᠡ ᠶᠢᠨ ᠳᠤ ᠬᠦᠷᠪᠠ᠃ ᠰᠢᠪᠠᠭᠤ ᠪᠠᠨ ᠲᠡᠨᠳᠡ ᠪᠠᠨ ᠨᠢᠭᠤᠭᠠᠳ᠂ ᠬᠠᠳᠠᠮ ᠡᠬᠡ ᠎ ᠶᠢᠨ ᠳᠡᠭᠡᠨ ᠣᠷᠣᠪᠠ᠃ ᠣᠷᠣᠵᠦ ᠢᠷᠡᠭᠰᠡᠨ ᠬᠤᠶᠢᠨ᠎ᠠ ᠨᠢ᠂ ᠬᠤᠶᠢᠳᠦ ᠬᠠᠨ᠎ᠠ ᠶᠢᠨ ᠬᠠᠵᠠᠭᠤᠳᠠ ᠰᠠᠭᠤᠭᠰᠠᠨ ᠨᠢᠭᠡ ᠶᠡᠭᠡ ᠦᠳᠡᠯᠴᠢᠭᠡᠭᠰᠡᠨ ᠴᠢᠪᠠᠭᠠᠴᠠ ᠪᠣᠰᠪᠠ᠃ ᠲᠡᠬᠦᠨ ᠲᠠᠢ ᠪᠠᠨ ᠮᠡᠨᠳᠣᠴᠢᠯᠡᠯᠳᠣᠭᠡᠳ ᠪᠠᠶᠢᠬᠤ ᠳᠠᠭᠠᠨ᠂ ᠰᠠᠮᠠᠭᠠᠨ ᠎ ᠤ ᠪᠠᠨ ᠪᠦᠭᠡᠵᠢ ᠲᠡᠭᠡᠷ᠎ᠡ ᠲᠡᠷᠡ ᠴᠢᠪᠠᠭᠠᠴᠠ ᠶᠢᠨ ᠬᠠᠷᠠᠬᠤ ᠪᠠᠷ ᠭᠠᠷᠭᠠᠪᠠ᠃ ᠴᠢᠪᠠᠭᠠᠴᠠ ᠪᠦᠭᠡᠵᠢ ᠶᠢ ᠨᠢ ᠬᠠᠷᠠᠵᠦ ᠂ ᠡᠨᠡ ᠬᠦᠷᠭᠡᠨ ᠬᠦᠪᠡᠬᠦᠨ ᠮᠢᠨᠢ ᠢᠷᠡᠭᠡ ᠭᠡᠵᠦ ᠮᠡᠳᠡᠪᠡ᠃ ᠨᠢᠭᠡ ᠬᠡᠳᠦᠢ ᠵᠣᠭᠠᠯᠠᠳᠠᠭᠠᠳ ︵ᠶᠠᠷᠢᠯᠴᠠᠭᠠᠳ︶ ᠪᠠᠶᠢᠬᠤ ᠳᠠᠭᠠᠨ᠂ ᠬᠠᠳᠠᠮ ᠡᠬᠡ ᠨᠢ ᠢᠩᠬᠢᠵᠦ ᠬᠡᠯᠡᠪᠠ᠄ ︽ᠮᠦᠨᠦ ᠮᠢᠨᠦ ᠭᠤᠷᠪᠠᠨ ᠬᠦᠪᠡᠬᠦᠳ ᠣᠷᠣᠵᠦ ᠢᠷᠡᠬᠦ᠂ ᠲᠡᠳᠡ ᠮᠢᠨᠢ ᠴᠢᠨ᠋ᠸ᠎ᠠ ᠨᠤᠭᠤᠳ ᠪᠣᠯᠣᠭᠠᠳ ᠶᠠᠪᠣᠳᠠᠭ ᠶᠤᠮ᠃ ᠡᠳᠡ ᠴᠢᠨᠢ ᠶᠡᠭᠡ ᠠᠭᠤᠷ ᠲᠠᠢ᠂ ᠴᠢᠬᠤᠯ ᠲᠠᠢ ᠶᠠᠭᠤᠮᠠᠳ᠂ ᠨᠢᠬᠡ ᠴᠦ ᠬᠦᠮᠦᠨ ᠢ ᠠᠳᠡ ᠠᠴᠠ ᠲᠠᠯᠪᠢᠳᠠᠭ ᠦᠭᠡᠢ︾ ᠬᠦᠷᠦᠭᠡᠰᠣᠴᠢᠨ ᠬᠦᠪᠡᠬᠦᠨ ᠠᠪᠳᠠᠷ᠎ᠠ ᠴᠣᠭᠤ ᠣᠷᠣᠵᠦ ᠬᠤᠷᠭᠤᠳᠠᠪᠠ᠃ ᠬᠤᠷᠭᠤᠳᠠᠭᠠᠳ ᠯᠡ ᠪᠠᠶᠢᠬᠤ ᠳᠤᠨᠢ᠂ ᠭᠤᠷᠪᠡᠨ ᠴᠢᠨ᠋ᠸ᠎ᠠ ᠨᠤᠭᠤᠳ ᠣᠷᠣᠵᠦ ᠢᠷᠡᠪᠡᠳ᠂ ᠣᠷᠣᠵᠦ ᠢᠷᠡᠭᠰᠡᠭᠡᠷ᠄ — ᠠᠳᠡ ᠮᠠᠨᠢ ᠬᠦᠮᠦᠨ ᠤ ᠦᠨᠦᠷ ᠶᠠᠭᠤᠨ ᠳᠤ ᠪᠠᠶᠢᠨᠠᠮ᠂ ᠬᠡᠨ ᠢᠷᠡᠭᠡ ᠪᠣᠢ︖ — ᠭᠡᠵᠦ ᠡᠬᠡ ᠠᠴᠠ ᠪᠠᠨ ᠠᠰᠠᠭᠤᠪᠠᠳ᠃ ᠡᠬᠡ ᠨᠢ᠄ — ᠬᠦᠷᠭᠡᠨ ᠬᠦᠪᠡᠬᠦᠨ ᠲᠠᠨᠢ ᠢᠷᠡᠭᠡ ᠯᠡ — ᠬᠡᠪᠡ᠃ ᠭᠤᠷᠪᠡᠨ ᠴᠢᠨ᠋ᠸ᠎ᠠ ᠶᠡᠭᠡ ᠪᠠᠷ ᠪᠠᠶᠠᠷᠯᠠᠵᠦ᠂ ᠲᠡᠷᠡ ᠬᠦᠷᠦᠭᠡᠰᠣᠴᠢᠨ ᠬᠦᠪᠡᠬᠦᠨ ᠢ ᠠᠪᠳᠠᠷ᠎ᠠ ᠴᠣᠭᠤ ᠠᠴᠠ ᠨᠢ ᠭᠠᠷᠭᠠᠵᠦ ᠵᠣᠭᠠᠯᠠᠳᠠᠪᠠ᠃ ᠲᠡᠭᠡᠭᠡᠳ᠄ ︽ᠴᠢ ᠮᠢᠨᠢ ᠶᠠᠮᠠᠷ ᠬᠡᠷᠡᠭ ᠢᠶᠠᠷ ᠠᠳᠡ ᠢᠷᠡᠭᠡ ᠪᠣᠢ ᠴᠢ︖︾ — ᠬᠡᠯᠳᠣᠪᠠᠳ᠃ ᠬᠦᠷᠦᠭᠡᠰᠣᠴᠢᠨ ᠬᠦᠪᠡᠬᠦᠨ ᠬᠤᠥ ᠵᠣᠭᠠᠯᠠᠵᠣ ︵ᠪᠦᠬᠦᠳᠡ ᠶᠢ ᠨᠢ ᠬᠡᠯᠡᠵᠦ︶ ᠦᠭᠪᠡ᠃ ᠴᠢᠨ᠋ᠸ᠎ᠠ ᠨᠤᠭᠤᠳ᠄ — ᠰᠠᠨᠠᠭ᠎ᠠ ᠪᠠᠨ ᠶᠡᠭᠡ ᠪᠠᠷ ᠪᠣᠥ ᠵᠣᠪᠠ᠃ ᠮᠠᠨ ᠤ ᠠᠷᠦ ᠲᠡᠭᠡᠷ᠎ᠡ ᠠᠴᠠ ︵ᠪᠢᠳᠡᠨ ᠤ ᠵᠣ ᠨᠢᠷᠣᠭᠤᠨ ᠲᠡᠭᠡᠷ᠎ᠡ ᠎ ᠠᠴᠠ︶ ᠨᠢᠵᠢᠭᠡᠳ ᠵᠦᠰᠣᠮ ᠠᠷᠠᠰᠣ ᠶᠢ ᠮᠠᠨᠢ ᠣᠭᠳᠣᠯᠠᠵᠦ ᠠᠪ᠃ ᠲᠡᠳᠡ ᠠᠷᠠᠰᠣ ᠨᠤᠭᠤᠳ ᠢᠶᠠᠨ ᠲᠣᠭᠤᠭᠰᠢ ᠎ ᠨᠢ ᠬᠠᠷᠠᠭᠤᠯᠣᠭᠠᠳ ᠰᠠᠵᠢᠷᠡᠭᠡ ᠪᠣᠯᠪᠠᠯ ᠴᠢᠨᠢ᠂ ᠭᠤᠷᠪᠡᠨ ᠴᠢᠨᠸ᠎ᠠ ᠪᠣᠢ ᠪᠣᠯᠬᠤ᠂ ᠪᠣᠯᠢᠭᠤᠯᠬᠤ ᠪᠠᠨ ᠰᠠᠨᠠᠪᠠᠯ᠂ ᠦᠭᠡᠳᠡ ᠨᠢ ᠬᠠᠷᠠᠭᠤᠯᠣᠭᠠᠳ ᠰᠠᠵᠢᠷᠡᠭᠡᠷᠡᠢ᠃ ᠬᠦᠷᠦᠭᠡᠰᠣᠴᠢᠨ ᠬᠦᠪᠡᠬᠦᠨ ᠲᠡᠳᠡᠨ ᠠᠴᠠ ᠨᠢ ᠨᠢᠵᠢᠭᠡᠳ ᠵᠦᠰᠣᠮ ᠠᠷᠠᠰᠣ ᠠᠷᠦ ᠲᠣᠮᠳᠡ ᠠᠴᠠ ᠨᠢ ᠣᠭᠳᠣᠯᠠᠵᠣ ᠠᠪᠣᠪᠠ᠂ ᠲᠡᠳᠡᠨ ᠨᠢ ᠬᠦᠷᠭᠡᠨ ᠬᠦᠪᠡᠬᠦᠨ ᠳᠡᠭᠡᠨ ᠢᠩᠬᠢᠵᠦ ᠬᠡᠯᠡᠪᠡᠳ᠄ ︽ᠴᠢ ᠮᠦᠨᠦ ᠵᠡᠬᠦᠨ ᠲᠡᠰᠢ ᠪᠠᠨ ᠣᠴᠢ᠂ ᠶᠠᠪᠣᠳᠠᠯ᠎ᠠ ᠪᠠᠨ ᠬᠤᠶᠠᠷ ᠵᠢᠯᠠᠭ᠎ᠠ ᠶᠢᠨ ᠬᠤᠭᠤᠷᠣᠨᠳᠦ ᠬᠤᠶᠠᠷ ᠮᠣᠭᠠᠢ ᠬᠠᠷᠣᠬᠤ ᠴᠢ᠂ ᠲᠡᠳᠡ ᠨᠠᠷ ᠨᠢᠭᠡ ᠨᠢ ᠴᠠᠭᠠᠨ ᠂ ᠨᠦᠬᠦᠭᠡᠳᠡ ᠨᠢ ᠬᠠᠷ᠎ᠠ ᠪᠠᠶᠢᠬᠤ᠃ ᠲᠡᠭᠡᠭᠡᠳ ᠲᠡᠳᠡ ᠨᠠᠷ ᠪᠡᠶ᠎ᠡ ᠪᠡᠶ᠎ᠡ ᠳᠡᠭᠡᠨ ︽ᠴᠢ ᠴᠠᠭᠠᠨ ᠴᠢ᠂ ᠮᠠᠭᠤᠬᠠᠢ ᠴᠢ ᠂ ᠴᠢ ᠬᠠᠷ᠎ᠠ ᠴᠢ — ᠮᠠᠭᠤᠬᠠᠢ ᠴᠢ︾ ᠬᠡᠯᠳᠣᠭᠡᠳ ᠪᠠᠶᠢᠯᠳᠣᠵᠦ ᠪᠠᠶᠢᠬᠤ᠂ ᠬᠠᠵᠠᠭᠤ ᠳᠤᠨᠢ ᠣᠴᠢᠭᠠᠳ᠂ ᠴᠢ ᠢᠩᠬᠢᠵᠦ ᠬᠡᠯᠡᠭᠡᠷᠡᠢ᠄ ︽ᠴᠠᠭᠠᠨ ᠳᠤ ᠲᠠᠨᠢ ᠴᠠᠭᠠᠨ ᠨᠢ ᠰᠠᠶᠢᠬᠠᠨ᠂ ᠬᠠᠷ᠎ᠠ ᠲᠠᠨᠢ ᠳᠤ ᠬᠠᠷ᠎ᠠ ᠨᠢ ᠰᠠᠶᠢᠬᠠᠨ︾ ᠲᠡᠭᠡᠭᠡᠳ ᠲᠡᠳᠡ ᠨᠠᠷ ᠰᠦᠭᠡᠯᠴᠡᠬᠦ ᠪᠠᠨ ᠪᠣᠯᠢᠭᠠᠳ᠂ ᠴᠢᠮᠡᠢᠢ ᠭᠡᠷ ᠲᠡᠭᠡᠨ ᠣᠷᠢᠬᠤ᠂ ᠴᠢ ᠲᠡᠳᠡᠨ ᠤ ᠳᠤ ᠣᠴᠢᠭᠠᠳ᠂ ᠭᠠᠭᠴᠠ ᠲᠠᠰᠢᠭᠤᠷ ᠣᠭᠤᠳᠡ ᠬᠤᠶᠠᠷ ᠢ ᠨᠢ ᠠᠪᠣᠭᠠᠷᠠᠢ᠃ ᠲᠡᠷᠡ ᠬᠤᠶᠠᠷ ᠢᠶᠠᠨ ᠠᠪᠣᠭᠠᠳ᠂ ᠴᠠᠰᠢ ᠎ ᠪᠠᠨ ᠣᠴᠢᠭᠠᠷᠠᠢ᠂ ᠨᠢᠭᠡ ᠶᠡᠭᠡ ᠭᠡᠷ ᠪᠠᠶᠢᠬᠤ᠃ ᠲᠡᠷᠡ ᠶᠡᠭᠡ ᠭᠡᠷ ᠲᠤ ᠴᠢᠨᠢ ᠬᠡᠢ ᠠᠮᠢᠳᠠᠨ ᠪᠠᠶᠢᠳᠠᠭ᠃ ᠴᠢ ᠲᠡᠨᠳᠡ ᠬᠦᠷᠦᠭᠳ ᠬᠤᠷᠭᠤᠳᠠᠭᠠᠷᠠᠢ᠃ ᠲᠡᠭᠡᠭᠡᠳ ᠶᠠᠭᠤ ᠦᠵᠡᠨ᠎ᠡ ᠴᠢ᠂ ᠲᠣᠭᠤᠯᠣᠨ᠎ᠠ ᠴᠢ᠂ ᠠᠪᠣᠭᠠᠳ ᠢᠷᠡᠭᠡᠷᠡᠢ᠃ ᠬᠦᠷᠦᠭᠡᠰᠣᠴᠢᠨ ᠬᠦᠪᠡᠬᠦᠨ ᠬᠷᠭᠤᠢ ᠳᠠᠭᠠᠨ ᠮᠣᠷᠳᠠᠪᠠ᠃ ᠬᠤᠶᠠᠷ ᠵᠢᠯᠠᠭ᠎ᠠ ᠶᠢᠨ ᠬᠤᠭᠤᠷᠣᠨᠳᠦ ᠨᠢᠰᠴᠦ ᠶᠠᠪᠣᠳᠠᠯ᠎ᠠ ᠪᠠᠨ᠂ ᠬᠤᠶᠠᠷ ᠮᠣᠭᠠᠢ ᠬᠠᠷᠠᠵᠣ ᠣᠷᠬᠢᠪᠡ᠃ ︽ᠴᠢ ᠴᠠᠭᠠᠨ ᠴᠢ — ᠮᠠᠭᠤᠬᠠᠢ ᠴᠢ᠂ ᠴᠢ ᠬᠠᠷ᠎ᠠ ᠴᠢ — ᠮᠠᠭᠤᠬᠠᠢ ᠴᠢ︾ ᠬᠡᠯᠳᠣᠵᠦ ᠪᠠᠶᠢᠪᠠ᠃ ᠬᠦᠷᠦᠭᠡᠰᠣᠴᠢᠨ ᠬᠦᠪᠡᠬᠦᠨ ᠲᠡᠳᠡᠨ ᠳᠤ᠄ ︽ᠴᠠᠭᠠᠨ ᠳᠤ ᠲᠠᠨᠢ ᠴᠠᠭᠠᠨ ᠨᠢ ᠰᠠᠶᠢᠬᠠᠨ᠂ ᠬᠠᠷ᠎ᠠ ᠲᠠᠨᠢ ᠳᠤ ᠬᠠᠷ᠎ᠠ ᠨᠢ ᠰᠠᠶᠢᠬᠠᠨ︾ — ᠭᠡᠪᠡ᠃ ᠮᠣᠭᠠᠳ ᠪᠠᠶᠢᠯᠳᠣᠬᠤ ᠪᠠᠨ ᠪᠣᠯᠢᠵᠦ ᠭᠡᠷ ᠭᠡᠷ ᠲᠡᠭᠡᠨ ᠣᠷᠢᠪᠡᠳ᠃ ᠬᠠᠷ᠎ᠠ ᠮᠣᠭᠠᠢ ᠨᠢ ᠬᠠᠷ᠎ᠠ ᠲᠠᠯᠠᠢ ᠎ ᠶᠢᠨ ᠬᠠᠭᠠᠨ᠂ ᠴᠠᠭᠠᠨ ᠮᠣᠭᠠᠢ ᠨᠢ ᠴᠠᠭᠠᠨ ᠲᠠᠯᠠᠢ ᠶᠢᠨ ᠬᠠᠭᠠᠨ ᠪᠠᠶᠢᠭ᠎ᠠ᠃ ᠴᠠᠭᠠᠨ ᠬᠠᠭᠠᠨ ᠤ ᠳᠤ ᠣᠴᠢᠵᠦ ᠲᠠᠰᠢᠭᠤᠷ᠂ ᠬᠠᠷ᠎ᠠ ᠬᠠᠭᠠᠨ ᠤ ᠳᠤ ᠣᠴᠢᠵᠦ ᠣᠭᠤᠳᠠ ᠠᠪᠣᠪᠠ᠃ ᠲᠡᠭᠡᠭᠡᠳ ᠴᠠᠰᠢ ᠪᠠᠨ ᠮᠣᠷᠳᠠᠪᠠ᠃ ᠶᠠᠪᠣᠳᠠᠯ᠎ᠠ ᠎ ᠪᠠᠨ ᠭᠡᠷ ᠬᠠᠷᠠᠪᠠ᠂ ᠬᠤᠷᠭᠤᠳᠣᠭᠠᠳ ᠴᠢᠩᠨᠠᠬᠤ ᠳᠤᠨᠢ᠂ ᠲᠣᠳᠣᠷ᠎ᠠ ᠨᠢ ᠬᠡᠢ ᠠᠮᠢᠳᠡᠨ ᠠᠩᠨᠠᠭᠰᠠᠨ ᠢᠶᠠᠨ ᠢᠷᠡᠭᠡᠳ᠄ ︽ᠱᠦᠮᠫᠣᠯᠡᠬᠦᠷ᠂ ᠢᠳᠡᠭᠡ ᠪᠠᠨ ᠲᠠᠯᠪᠢ ᠡ︾ ᠬᠡᠯᠳᠣᠨ᠎ᠠ᠃ ᠲᠡᠭᠡᠬᠦ ᠳᠤᠨᠢ ᠶᠠᠩᠵᠦ ᠪᠦᠷᠢ ᠶᠢᠨ ᠢᠳᠡᠭᠡᠨ ᠲᠠᠯᠪᠢᠭᠳᠠᠪᠠ᠃ ᠢᠳᠡᠭᠡᠯᠡᠭᠡᠳ᠂ ᠬᠡᠢ ᠠᠮᠢᠳᠠᠨ ᠠᠩᠨᠠᠭᠤᠷᠢ ᠳᠠᠭᠠᠨ ᠭᠠᠷᠪᠠ᠃ ᠬᠦᠷᠦᠭᠡᠰᠣᠴᠢᠨ ᠬᠦᠪᠡᠬᠦᠨ ᠭᠡᠷ ᠲᠤ ᠣᠷᠣᠵᠦ᠂ ᠫᠦᠮᠫᠣᠯᠡᠬᠦᠷ᠂ ᠱᠦᠮᠫᠣᠯᠡᠬᠦᠷ ᠨᠠᠮᠠᠳᠠᠢ ︵ᠨᠠᠳᠠ ᠲᠠᠢ︶ ᠣᠴᠢᠬᠤ ᠤᠤ ᠴᠢ︖︾ ᠭᠡᠵᠦ ᠰᠣᠷᠠᠪᠠ᠃ ᠲᠡᠷᠡ ᠨᠢ᠄ ︽ᠣᠴᠢᠬᠤ ᠪᠢ︾ — ᠭᠡᠪᠡ᠃ ᠬᠦᠷᠦᠭᠡᠰᠣᠴᠢᠨ ᠬᠦᠪᠡᠬᠦᠨ ᠲᠡᠭᠦᠨ ᠢᠶᠠᠨ ᠠᠪᠣᠭᠠᠳ᠂ ᠰᠦᠬᠡᠷᠬᠦ ᠪᠠᠨ ᠮᠣᠷᠳᠠᠪᠠ ᠂ ᠭᠡᠷ ᠲᠡᠭᠡᠨ ᠬᠦᠷᠦᠭᠡᠳ᠂ ᠬᠠᠭᠠᠨ ᠤ ᠳᠤ ᠣᠴᠢᠪᠠ᠃ ︽ᠭᠠᠶᠢᠬᠠᠭᠤᠷ ᠤᠨ ᠭᠠᠶᠢᠬᠠᠭᠤᠷ᠂ ᠲᠠᠩᠨᠠᠭᠤᠷ ᠤᠨ ᠲᠠᠩᠨᠠᠭᠤᠷ ᠭᠡᠭᠡᠴᠢ ᠶᠠᠭᠤᠨ ᠪᠣᠢ᠂ ᠬᠠᠷᠠᠭᠤᠯ︾ — ᠭᠡᠨ᠎ᠡ᠃ ᠬᠦᠪᠡᠬᠦᠨ᠄ ︽ᠫᠦᠮᠫᠣᠯᠡᠬᠦᠷ᠂ ᠱᠦᠮᠫᠣᠯᠡᠬᠦᠷ᠂ ᠬᠦᠮᠦᠨ ᠵᠣᠨ ᠢ ᠢᠳᠡᠭᠡᠯᠡᠭᠦᠯ︕︾ — ᠭᠡᠪᠡ᠃ ᠫᠦᠮᠫᠣᠯᠡᠬᠦᠷ᠂ ᠱᠦᠮᠫᠣᠯᠡᠬᠦᠷ ᠢᠳᠡᠭᠡ ᠪᠠᠨ ᠲᠠᠯᠪᠢᠵᠦ᠂ ᠠᠮᠢᠳᠠᠨ ᠵᠣᠨ ᠢ ᠬᠦᠨᠳᠦᠯᠡᠪᠡ᠃ ᠲᠡᠭᠡᠭᠡᠳ ᠲᠠᠰᠢᠭᠤᠷ ᠢᠶᠠᠨ ᠭᠠᠷᠭᠠᠭᠠᠳ᠂ ᠣᠷᠣᠭᠰᠢ ᠪᠠᠨ ᠬᠠᠷᠠᠭᠤᠯᠬᠤ ᠳᠤᠨᠢ ᠶᠡᠭᠡ ᠲᠠᠯᠠᠢ ᠪᠣᠢ ᠪᠣᠯᠵᠦ᠂ ᠬᠦᠮᠦᠨ ᠵᠣᠨ ᠢ ᠣᠷᠣᠰᠬᠠᠨ ᠠᠯᠳᠠᠪᠠ᠃ ᠦᠭᠡᠳᠡ ᠎ ᠨᠢ ᠪᠣᠯᠭᠠᠬᠤ ᠳᠤᠨᠢ᠂ ᠲᠠᠯᠠᠢ ᠦᠭᠡᠢ ᠪᠣᠯᠪᠠ᠃ ᠣᠭᠤᠳᠠ ᠪᠠᠨ ᠭᠠᠷᠭᠠᠭᠠᠳ ᠣᠷᠣᠭᠤᠭᠰᠢ ᠨᠢ ᠬᠠᠷᠠᠭᠤᠯᠬᠤ ᠳᠤᠨᠢ᠂ ᠶᠡᠭᠡ ᠲᠠᠯᠠᠢ ᠪᠣᠢ ᠪᠣᠯᠵᠦ᠂ ᠠᠮᠢᠳᠠᠨ ᠵᠣᠨ ᠢ ᠣᠷᠣᠰᠬᠠᠨ ᠠᠯᠳᠠᠪᠠ᠃ ᠴᠢᠨ᠋ᠸ᠎ᠠ ᠶᠢᠨ ᠠᠷᠠᠰᠣ ᠶᠢ ᠭᠠᠷᠭᠠᠭᠠᠳ ᠣᠷᠣᠭᠤᠭᠰᠢ ᠨᠢ ᠬᠠᠷᠠᠭᠤᠯᠣᠭᠠᠳ ᠰᠠᠵᠢᠷᠡᠬᠦ ᠳᠤᠨᠢ᠂ ᠭᠤᠷᠪᠠᠨ ᠴᠢᠨ᠋ᠸ᠎ᠠ ᠪᠣᠢ ᠪᠣᠯᠵᠦ᠂ ᠬᠠᠭᠠᠨ ᠢ ᠪᠣᠢ ᠦᠭᠡᠢ ᠮᠠᠯ ᠎ ᠲᠠᠢ᠂ ᠵᠦᠭᠡᠷᠢ ᠲᠠᠢ ᠨᠢ ᠵᠠᠯᠬᠢᠪᠠ᠃ ᠬᠦᠷᠦᠭᠡᠰᠣᠴᠢᠨ ᠬᠦᠪᠡᠬᠦᠨ ᠦᠪᠡᠷ ᠢᠶᠠᠨ ᠬᠠᠭᠠᠨ ᠪᠣᠯᠵᠣ ᠰᠠᠭᠤᠵᠦ᠂ ᠠᠷᠠᠳ ᠵᠤᠨ ᠢᠶᠠᠨ ᠶᠡᠭᠡ ᠪᠠᠷ ᠪᠠᠶᠠᠷᠯᠠᠭᠤᠯᠵᠣ᠂ ᠪᠠᠶᠠᠵᠢᠭᠤᠯᠵᠦ ᠰᠠᠭᠤᠪᠠ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号