| ᠤᠷᠢᠳᠤ ᠴᠠᠭ ᠲᠤ ᠠᠬ᠎ᠠ ᠳᠡᠭᠦᠦ ᠬᠤᠶᠠᠷ᠂ ᠰᠠᠭᠤᠭᠰᠠᠨ ᠶᠤᠮ ᠭᠡᠯᠴᠡᠬᠦ᠃ ᠠᠬ᠎ᠠ ᠨᠢ ᠪᠠᠶᠠᠨ ᠪᠠᠶᠢᠪᠠ ᠠᠬᠤ᠃ | ᠳᠡᠭᠦᠦ ᠨᠢ ᠦᠬᠡᠶᠢᠲᠠᠢ ᠪᠠᠶᠢᠪᠠ ᠠᠬᠤ᠃ ᠳᠡᠭᠦᠦ ᠨᠢ ᠪᠠᠶᠠᠨ ᠠᠬ᠎ᠠ ᠳᠤ ᠪᠠᠨ ᠬᠥᠳᠡᠯᠮᠦᠷᠢᠯᠡᠵᠦ᠂ ᠠᠮᠠ ᠪᠠᠨ | ᠴᠠᠳᠬᠠᠵᠤ᠂ ᠠᠷᠤ ᠪᠠᠨ ᠪᠥᠭᠯᠡᠵᠦ ᠶᠠᠪᠤᠳᠠᠭ ᠰᠠᠨ ᠠᠬᠤ᠃ ᠳᠡᠭᠦᠦ ᠬᠥᠪᠡᠭᠦᠨ ᠳᠤ ᠨᠢ ᠵᠦᠬᠡᠷᠢ ᠭᠡᠬᠦ ᠠᠴᠠ ᠠᠳᠠᠭ | ᠭᠤᠶᠢᠷ ᠮᠣᠷᠢ ᠲᠠᠢ᠂ ᠮᠣᠳᠣᠨ ᠮᠠᠭᠤ ᠠᠷᠪᠠᠭᠠ ᠲᠠᠢ ᠪᠠᠶᠢᠪᠠ᠃ ᠬᠡᠳᠦᠢ ᠬᠥᠳᠡᠯᠮᠦᠷᠢᠯᠡᠭᠰᠡᠨ ᠴᠦ ᠳᠡᠭᠦᠦ ᠬᠥᠪᠡᠭᠦᠨ | ᠨᠢ ᠠᠮᠠ ᠪᠠᠨ ᠲᠡᠵᠢᠭᠡᠬᠦ ᠠᠴᠠ ᠠᠷᠤ ᠪᠠᠨ ᠪᠥᠭᠯᠡᠬᠦ ᠠᠴᠠ ᠣᠨᠳᠣᠣ ᠶᠠᠭᠤᠮ᠎ᠠ ᠣᠯᠣᠨ᠎ᠠ ᠦᠭᠡᠢ᠃ ᠲᠤᠵᠢ ︵ | ᠦᠷᠭᠦᠯᠵᠢ︶ ᠦᠬᠡᠶᠢᠲᠠᠢ ᠶᠠᠪᠤᠪᠠ᠃ | ᠮᠠᠯ ᠲᠠᠢ ᠪᠣᠯᠣᠨ᠎ᠠ ᠭᠡᠵᠤ ᠳᠡᠭᠦᠦ ᠬᠥᠪᠡᠭᠦᠨ ᠨᠢᠭᠡ ᠦᠨᠢᠶ᠎ᠡ ᠪᠠ ᠬᠤᠨᠢ ᠠᠬ᠎ᠠ ᠠᠴᠠ ᠪᠠᠨ ᠠᠪᠤᠪᠠ᠃ ᠬᠤᠨᠢᠨ ᠤ | ᠬᠤᠷᠠᠭᠠᠯᠠᠬᠤ ᠳᠤ ᠨᠢ᠂ ᠦᠨᠢᠶ᠎ᠡ ᠨᠢ ᠰᠢᠪᠠᠷ ᠲᠤ ᠣᠷᠣᠵᠤ ᠦᠬᠦᠴᠢᠬᠡᠪᠡ᠃ ᠲᠤᠭᠤᠯ ᠢ ᠨᠢ ᠲᠡᠵᠢᠭᠡᠵᠦ᠂ ᠦᠨᠢᠶ᠎ᠡ | ᠪᠣᠯᠭᠠᠪᠠ ᠠᠬᠤ᠃ ᠦᠨᠢᠶᠡᠨ ᠤ ᠲᠤᠭᠤᠯᠯᠠᠬᠤ ᠳᠤ ᠨᠢ ᠬᠤᠨᠢ ᠨᠢ ᠴᠢᠨ᠋ᠸ᠎ᠠ ᠳᠤ ᠢᠳᠡᠭᠦᠯᠪᠡ ᠠᠬᠤ᠃ ᠲᠠᠷᠢᠶ᠎ᠠ | ᠲᠠᠷᠢᠬᠤ ᠳᠤ ᠨᠢ᠂ ᠮᠥᠨᠳᠥᠷ ᠲᠤ ᠨᠢ ᠴᠣᠬᠢᠭᠳᠠᠵᠤ ᠬᠤᠴᠣᠷᠪᠠ᠃ ᠲᠡᠭᠡᠵᠦ ᠶᠠᠳᠠᠵᠤ ᠰᠠᠭᠤᠪᠠ ᠳᠡᠭᠦᠦ ᠨᠢ᠃ | ᠨᠢᠭᠡᠨᠲᠡ ᠳᠡᠭᠦᠦ ᠬᠥᠪᠡᠭᠦᠨ ᠠᠬ᠎ᠠ ᠶᠢᠨ ᠢᠶᠠᠨ ᠲᠠᠷᠢᠶ᠎ᠠ ᠶᠢ ᠬᠠᠳᠤᠵᠤ ᠪᠠᠶᠢᠪᠠ᠃ ᠴᠠᠭᠠᠨ ᠲᠣᠯᠣᠭᠠᠢ ᠲᠠᠢ ᠡᠪᠦᠭᠡᠨ | ᠢᠷᠠᠵᠤ᠂ ᠲᠤᠯᠤᠮ ᠴᠣᠭᠤ ︵ᠳᠣᠲᠣᠷ᠎ᠠ︶ ᠪᠠᠨ ᠶᠠᠭᠤᠮ᠎ᠠ ᠲᠡᠭᠦᠵᠦ ᠣᠷᠣᠪᠠ ᠭᠡᠨ᠎ᠡ᠃ ᠳᠡᠭᠦᠦ ᠬᠥᠪᠡᠭᠦᠨ ᠬᠠᠵᠠᠭᠤ | ᠳᠤ ᠨᠢ ᠣᠴᠢᠵᠤ ᠰᠤᠷᠠᠪᠠ᠄ | — ᠴᠢ ᠶᠠᠭᠤ ᠬᠢᠵᠦ ᠶᠠᠪᠤᠨ᠎ᠠ ᠪᠤᠢ ᠴᠢ — ᠭᠡᠵᠤ᠃ | — ᠪᠢ ᠠᠬ᠎ᠠ ᠬᠥᠪᠡᠭᠦᠨ ᠤ ᠴᠢᠨᠢ ᠵᠣᠯ ᠵᠠᠶᠠᠭᠠᠴᠢ ᠪᠢ᠂ ᠠᠬ᠎ᠠ ᠳᠤ ᠴᠢᠨᠢ ᠵᠣᠯ ᠲᠡᠭᠦᠵᠦ ᠶᠠᠪᠤᠨ᠎ᠠ ᠪᠢ — | ᠭᠡᠪᠡ᠃ | — ᠴᠢ ᠵᠣᠯ ᠵᠠᠶᠠᠭᠠᠴᠢ ᠭᠡᠪᠡ ᠦᠦ ᠴᠢ᠂ ᠨᠠᠳᠠ ᠳᠤ ᠬᠡᠯᠡᠵᠦ ᠥᠭᠭᠦᠭᠡᠴᠢ᠂ ᠶᠠᠭᠤᠨ ᠳᠤ ᠵᠣᠯ ᠵᠠᠶᠠᠭ᠎ᠠ ᠴᠦ | ᠦᠭᠡᠢ ᠢᠩᠭᠢᠵᠦ ᠵᠣᠪᠠᠵᠤ ᠲᠣᠯᠢᠵᠤ ᠶᠠᠪᠤᠬᠤ ᠬᠥᠮᠥᠨ ᠪᠤᠢ ᠪᠢ︖ ᠬᠥᠳᠡᠯᠮᠦᠷᠢᠯᠡᠨᠡ ᠪᠢ ᠦᠬᠦᠲᠡᠯ᠎ᠡ ᠪᠠᠨ | ᠴᠠᠶᠢᠲᠠᠯ᠎ᠠ ᠪᠠᠨ ᠥᠷᠯᠥᠭᠡᠨ ᠤ ᠬᠠᠪ ᠬᠠᠷ᠎ᠠ ︵ᠬᠠᠷᠠᠩᠭᠤᠢ︶ ᠪᠠᠷ ᠪᠣᠰᠣᠨ᠎ᠠ᠃ ᠦᠳᠡᠰᠢ ᠶᠢᠨ ᠬᠠᠷᠠᠩᠭᠤᠢ ᠳᠤ | ᠤᠨᠲᠠᠨ᠎ᠠ ᠪᠢ᠂ ᠣᠯᠣᠭᠰᠠᠨ ᠢᠶᠠᠷ ᠢᠶᠠᠨ ᠠᠮᠠ ᠪᠠᠨ ᠲᠡᠵᠢᠭᠡᠭᠡᠳ᠂ ᠠᠷᠤ ᠪᠠᠨ ᠪᠥᠭᠯᠡᠭᠡᠳ ᠶᠠᠪᠤᠨᠠᠮ᠂ ᠭᠤᠣᠯ ᠪᠡᠶ᠎ᠡ | ᠭᠤᠳᠣᠩ ᠲᠣᠯᠣᠭᠠᠢ ᠶᠠᠪᠤᠨᠠᠮ᠂ ᠶᠠᠭᠤᠨ ᠳᠤ ᠲᠡᠶᠢᠮᠦ ᠪᠠᠶᠢᠬᠤ ᠶᠤᠮ ᠠ ᠪᠤᠢ︖ | — ᠴᠢᠮ᠎ᠠ ᠲᠠᠢ ᠴᠤᠭ ᠲᠤ ᠪᠠᠨ ᠭᠠᠢ ᠲᠦᠢᠳ ᠴᠢᠨᠢ ᠶᠠᠪᠤᠨ᠎ᠠ᠃ ᠮᠡᠳᠡᠭᠦᠯᠦᠯ ᠦᠭᠡᠢ ᠪᠠᠷ ᠵᠥᠭᠡᠭᠡᠵᠦ ᠣᠴᠢᠵᠤ | ᠂ ᠪᠢᠰᠢ ᠭᠠᠵᠠᠷ ᠲᠤ ᠰᠠᠭᠤᠷᠢᠰᠢ᠃ ᠭᠠᠢ ᠲᠦᠢᠳ ᠴᠢᠨᠢ ᠡᠨᠡ ᠭᠠᠵᠠᠷ ᠲᠤ ᠪᠠᠨ ᠦᠯᠡᠬᠦ ᠭᠡᠪᠡ ᠴᠠᠭᠠᠨ ᠲᠣᠯᠣᠭᠠᠢ | ᠲᠠᠢ ᠡᠪᠦᠭᠡᠨ᠃ | ᠳᠡᠭᠦᠦ ᠬᠥᠪᠡᠭᠦᠨ ᠪᠣᠷᠣ ᠮᠣᠷᠢ ᠪᠠᠨ ᠬᠥᠯᠯᠡᠭᠡᠳ᠂ ᠲᠡᠷᠭᠡ ᠳᠤ ᠪᠠᠨ ᠰᠠᠮᠠᠭᠠᠨ ᠢᠶᠠᠨ ᠬᠥᠪᠡᠭᠦᠨ ᠪᠠᠴᠠᠭᠠᠨ ᠬᠤᠶᠠᠷ | ᠲᠠᠢ ᠨᠢ ᠰᠠᠭᠤᠯᠭᠠᠭᠠᠳ᠂ ᠵᠥᠭᠡᠭᠡᠵᠦ ᠶᠠᠪᠤᠴᠢᠬᠠᠨ᠎ᠠ᠃ ᠨᠢᠭᠡ ᠭᠤᠣᠯ ᠳᠤ ᠬᠠᠷᠠᠬᠤ ᠳᠤ ᠨᠢ ᠮᠣᠳᠣ ᠦᠭᠡᠢ ᠪᠠᠶᠢᠪᠠ᠃ | ᠨᠥᠭᠦᠭᠡ ᠭᠤᠣᠯ ᠳᠤ ᠣᠷᠣᠬᠤ ᠳᠤ ᠨᠢ᠂ ᠤᠰᠤ ᠨᠢ ᠬᠤᠯᠠ ᠪᠠᠶᠢᠪᠠ᠃ ᠭᠤᠷᠪᠠᠳᠠᠭᠢ ᠭᠤᠣᠯ ᠳᠤ ᠣᠷᠣᠪᠠ᠃ | ᠴᠠᠪᠴᠢᠯᠠᠩ ︵ᠬᠠᠳᠤᠯᠠᠩ︶ ᠦᠭᠡᠢ ᠪᠠᠶᠢᠪᠠ᠃ ᠴᠠᠭᠠᠰᠢ ᠪᠠᠨ ᠣᠴᠢᠪᠠ᠃ ᠨᠢᠭᠡ ᠨᠠᠭᠤᠷ ᠪᠠᠶᠢᠪᠠ᠂ ᠰᠠᠮᠠᠭᠠᠨ ᠨᠢ | ᠣᠴᠢᠵᠤ᠂ ᠦᠵᠡᠵᠦ ᠢᠷᠡᠭᠡᠳ ᠬᠡᠯᠡᠪᠡ᠃ | — ᠳᠠᠪᠤᠰᠤ ᠲᠠᠢ ᠨᠠᠭᠤᠷ — ᠭᠡᠵᠤ᠃ | ᠴᠠᠭᠠᠰᠢ ᠪᠠᠨ ᠶᠠᠪᠤᠬᠤ ᠳᠤ ᠨᠢ᠂ ᠨᠢᠭᠡ ᠭᠤᠣᠯ ᠳᠤ ᠴᠠᠪᠴᠢᠯᠠᠩ ᠴᠦ᠂ ᠣᠢ ᠴᠦ᠂ ᠮᠣᠳᠣᠨ ᠴᠦ ᠣᠶᠢᠷ᠎ᠠ ᠪᠠᠶᠢᠪᠠ | ᠃ ᠮᠣᠷᠢ ᠪᠠᠨ ᠪᠠᠭᠤᠯᠭᠠᠵᠤ᠂ ᠢᠳᠡᠭᠡᠨ ᠢᠶᠠᠨ ᠪᠠᠷᠢᠬᠤ ᠭᠡᠬᠦ ᠳᠤ ᠨᠢ᠂ ᠰᠦᠬᠡ ᠨᠢ ᠦᠭᠡᠢ ᠪᠠᠶᠢᠪᠠ᠃ ᠲᠡᠷᠭᠡᠨ | ᠳᠣᠣᠷ᠎ᠠ ᠪᠠᠨ ᠬᠤᠨᠣᠵᠤ᠂ ᠥᠷᠯᠥᠭᠡ ᠪᠣᠯᠬᠤ ᠳᠤ ᠨᠢ᠂ ᠮᠣᠷᠢ ᠪᠠᠨ ᠤᠨᠤᠭᠠᠳ᠂ ᠰᠦᠬᠡ ᠪᠠᠨ ᠠᠪᠴᠢᠷᠠᠶ᠎ᠠ ᠭᠡᠳ | ᠪᠠᠭᠤᠴᠠᠨ ᠳᠡᠭᠡᠷ᠎ᠡ ᠪᠠᠨ ᠣᠴᠢᠪᠠ᠃ ᠭᠡᠷ ᠴᠣᠭᠤ ︵ᠳᠣᠲᠣᠷ᠎ᠠ︶ ᠨᠢ ᠨᠢᠭᠡ ᠶᠠᠭᠤᠮ᠎ᠠ ᠪᠠᠶᠢᠪᠠ᠃ ᠭᠡᠷ ᠲᠤ ᠪᠠᠨ | ᠣᠷᠣᠭᠠᠳ ᠶᠡᠭᠡ ᠪᠠᠷ ᠬᠡᠯᠡᠪᠡ᠄ | — ᠶᠠᠭᠤ ᠪᠣᠯᠣᠭᠠᠳ ᠠᠳᠡ ᠤᠬᠢᠯᠠᠨ᠎ᠠ ᠪᠤᠢ︖ — ᠭᠡᠵᠤ᠃ | — ᠪᠢ ᠴᠢᠨᠦ ᠭᠠᠢ ᠲᠦᠢᠳ ᠮᠥᠨ᠃ ᠶᠠᠭᠤᠨ ᠳᠤ ᠨᠠᠮᠠᠶᠢ ᠪᠠᠨ ᠠᠳᠡ ᠣᠷᠬᠢᠪᠠ ᠴᠢ᠂ ᠨᠠᠮᠠᠶᠢ ᠪᠠᠨ | ᠠᠪᠠᠴᠢᠭᠠᠴᠢ ᠴᠢ — ᠭᠡᠪᠡ ᠠᠬᠤ᠃ ᠳᠡᠭᠦᠦ ᠬᠥᠪᠡᠭᠦᠨ ᠰᠠᠨᠠᠪᠠ᠄ ︽ᠡᠨᠡ ᠭᠠᠢ ᠲᠦᠢᠳ ᠮᠢᠨᠢ ᠰᠠᠯᠬᠤ ᠪᠠᠨ | ᠪᠣᠯᠢᠪᠠ᠃ ᠶᠠᠭᠠᠬᠢᠬᠤ ᠬᠡᠷᠡᠭᠯᠡᠬᠦ ᠬᠥᠮᠥᠨ ᠪᠤᠢ ᠪᠢ︖︾ ᠭᠡᠵᠤ ᠪᠣᠱᠤᠭ᠎ᠠ ᠳᠡᠭᠡᠷ᠎ᠡ ᠪᠠᠨ ᠰᠠᠭᠤᠵᠤ ᠲᠠᠮᠠᠬᠢ ᠪᠠᠨ | ᠲᠠᠲᠠᠪᠠ᠃ ᠲᠡᠭᠡᠵᠦ ᠰᠠᠭᠤᠬᠤ ᠳᠤ ᠪᠠᠨ ᠰᠠᠨᠠᠪᠠ᠄ ︽ᠡᠨᠡ ᠲᠣᠳᠬᠠᠷ ᠢᠶᠠᠨ ᠡᠨᠡ ᠬᠤᠳᠬᠠᠨᠠᠭ ᠬᠦᠲᠦᠰᠦᠨ ︵ | ᠲᠠᠮᠠᠬᠢᠨ ᠤ ᠤᠭᠤᠲᠠ︶ ᠳᠤ ᠪᠠᠨ ᠣᠷᠣᠭᠤᠯᠤᠭᠠᠳ᠂ ᠨᠢᠭᠤᠷ ᠤᠷᠤᠭᠤ ᠬᠠᠶᠠᠵᠤ ᠣᠷᠬᠢᠬᠤ ᠪᠢ︾ ᠭᠡᠵᠤ᠃ ᠵᠠ | ᠲᠣᠳᠬᠠᠷ ᠲᠤ ᠪᠠᠨ ᠬᠡᠯᠡᠪᠡ᠄ | — ᠡᠨᠡ ᠬᠤᠳᠬᠠᠨᠠᠭ ᠬᠦᠲᠦᠰᠦᠨ ᠳᠣᠲᠣᠷ᠎ᠠ ᠣᠷᠣᠵᠤ ᠴᠢᠳᠠᠬᠤ ᠪᠣᠯᠪᠠᠯ ᠴᠢᠨᠢ ᠠᠪᠠᠴᠢᠬᠤ ᠪᠢ᠂ ᠴᠢᠳᠠᠬᠤ | ᠦᠭᠡᠢ ᠠᠬᠤ ᠳᠤ ᠴᠢᠨᠢ ᠠᠳᠡ ᠣᠷᠬᠢᠨ᠎ᠠ — ᠭᠡᠪᠡ᠃ ᠵᠠ ᠲᠣᠳᠬᠠᠷ ᠨᠢ ᠬᠤᠳᠬᠠᠨᠠᠭ ᠳᠣᠲᠣᠷ᠎ᠠ ᠨᠢ ᠮᠢᠲᠠᠷ | ᠪᠠᠶᠢᠲᠠᠯ᠎ᠠ ᠨᠢ ᠣᠷᠣᠪᠠ᠃ ᠳᠡᠭᠦᠦ ᠬᠥᠪᠡᠭᠦᠨ ᠰᠠᠷᠢᠰᠤᠨ ᠣᠭᠤᠰᠣᠷ ᠢᠶᠠᠷ ᠨᠢ ᠲᠠᠲᠠᠨ ᠤᠶᠠᠵᠤ ᠣᠷᠬᠢᠪᠠ ᠠᠬᠤ᠃ | ᠨᠠᠭᠤᠷ ᠲᠤ ᠬᠦᠷᠬᠦ ᠳᠤ ᠪᠠᠨ ᠬᠤᠳᠬᠠᠨᠠᠭ ᠢᠶᠠᠨ ᠨᠠᠭᠤᠷ ᠤᠷᠤᠭᠤ ᠬᠠᠶᠠᠵᠤ ᠣᠷᠬᠢᠪᠠ᠃ ᠭᠠᠢ ᠲᠣᠳᠬᠠᠷ ᠨᠢ | ᠨᠠᠭᠤᠷ ᠳᠣᠲᠣᠷ᠎ᠠ ᠠᠴᠠ ᠪᠠᠷᠬᠢᠷᠠᠨ ᠬᠠᠶᠢᠬᠢᠷᠠᠪᠠ᠄ | — ᠠᠪᠤᠭᠠᠴᠢ ᠨᠠᠮᠠᠶᠢ ᠪᠠᠨ᠂ ᠬᠠᠶᠢᠷᠠᠯᠠᠭᠠᠴᠢ — ᠭᠡᠵᠤ᠃ | ᠳᠡᠭᠦᠦ ᠬᠥᠪᠡᠭᠦᠨ ᠣᠳᠣ ᠴᠦ ᠬᠤᠶᠢᠲᠤ ᠳᠤ ᠪᠠᠨ ᠭᠠᠢ ᠲᠦᠢᠳ ᠠᠴᠠ ᠪᠠᠨ ᠰᠠᠯᠪᠠ ᠭᠡᠵᠤ᠂ ᠪᠤᠷᠬᠠᠨ ᠵᠠᠶᠠᠭ᠎ᠠ | ᠪᠠᠨ ᠳᠤᠷᠠᠰᠴᠤ᠂ ᠴᠠᠭᠠᠰᠢ ᠪᠠᠨ ᠣᠴᠢᠪᠠ ᠠᠬᠤ᠃ | ᠳᠡᠭᠦᠦ ᠬᠥᠪᠡᠭᠦᠨ ᠰᠢᠨ᠎ᠡ ᠨᠤᠲᠤᠭ ᠳᠡᠭᠡᠷ᠎ᠡ ᠰᠠᠮᠠᠭᠠᠨ ᠲᠠᠢ ᠪᠠᠨ ᠰᠠᠶᠢᠨ ᠡᠪᠲᠡᠢ ᠡᠶᠡᠲᠡᠢ ᠰᠠᠭᠤᠵᠤ᠂ ᠬᠠᠪ | ᠬᠠᠷᠠᠩᠭᠤᠢ ᠳᠤ ᠪᠣᠰᠴᠤ᠂ ᠬᠠᠪ ᠬᠠᠷᠠᠩᠭᠤᠢ ᠳᠤ ᠤᠨᠲᠠᠵᠤ ᠬᠥᠳᠡᠯᠮᠦᠷᠢᠯᠡᠵᠦ᠂ ᠭᠤᠷᠪᠠᠨ ᠵᠢᠯ ᠪᠣᠯᠣᠭᠠᠳ᠂ ᠳᠤᠮᠳᠠ | ᠶᠢᠨ ᠪᠠᠶᠠᠨ ᠪᠣᠯᠪᠠ ᠠᠬᠤ᠃ ᠪᠦᠷ ᠴᠠᠭᠠᠰᠢᠳᠠ ᠪᠠᠶᠠᠵᠢᠵᠤ ᠠᠬ᠎ᠠ ᠬᠥᠪᠡᠭᠦᠨ ᠠᠴᠠ ᠪᠠᠨ ᠳᠤᠲᠠᠬᠤ ᠪᠠᠨ ᠪᠣᠯᠢᠪᠠ᠃ | ᠠᠬ᠎ᠠ ᠨᠢ ᠳᠤᠭᠤᠯᠪᠠ᠂ ᠳᠡᠭᠦᠦ ᠬᠥᠪᠡᠭᠦᠨ ᠨᠢ ᠪᠠᠶᠠᠵᠢᠵᠤ᠂ ᠠᠬ᠎ᠠ ᠠᠴᠠ ᠪᠠᠨ ᠳᠤᠲᠠᠬᠤ ᠪᠠᠨ ᠪᠣᠯᠢᠪᠠ ᠭᠡᠵᠤ᠃ | ᠰᠠᠶᠢᠨ ᠮᠣᠷᠢ ᠪᠠᠨ ᠤᠨᠤᠵᠤ᠂ ᠰᠠᠶᠢᠬᠠᠨ ᠬᠤᠪᠴᠠᠰᠤ ᠪᠠᠨ ᠡᠮᠦᠰᠴᠦ ᠳᠡᠭᠦᠦ ᠬᠥᠪᠡᠭᠦᠨ ᠳᠤ ᠪᠠᠨ ᠢᠷᠠᠪᠠ ᠠᠬᠤ᠃ | ᠳᠡᠭᠦᠦ ᠬᠥᠪᠡᠭᠦᠨ ᠨᠢ ᠬᠦᠨᠳᠦ ᠬᠥᠪᠡᠭᠡ ᠪᠡᠯᠡᠳᠬᠡᠵᠦ᠂ ᠠᠬ᠎ᠠ ᠬᠥᠪᠡᠭᠦᠨ ᠢᠶᠠᠨ ᠶᠡᠭᠡ ᠪᠠᠷ ᠳᠠᠶᠢᠯᠠᠪᠠ᠂ ᠲᠠᠬᠢᠪᠠ᠃ | ᠬᠤᠨᠢ ᠠᠯᠠᠵᠤ᠂ ᠬᠤᠪᠴᠠᠷ ᠳᠡᠯᠭᠡᠵᠦ᠂ ᠠᠷᠠᠵᠠ ᠬᠤᠤᠷᠠᠵᠠ ᠪᠠᠷᠢᠪᠠ᠃ ᠤᠰᠤᠨ ᠬᠠᠯᠠᠮᠠᠭᠠᠢ ᠪᠣᠯᠣᠭᠠᠳ ᠰᠠᠭᠤᠬᠤ | ᠳᠤ ᠪᠠᠨ᠂ ᠠᠬ᠎ᠠ ᠨᠢ ᠳᠡᠭᠦᠦ ᠬᠥᠪᠡᠭᠦᠨ ᠠᠴᠠ ᠰᠤᠷᠠᠪᠠ᠄ | — ᠶᠠᠮᠠᠷ ᠲᠦᠷᠭᠡᠨ ᠪᠠᠶᠠᠵᠢᠵᠤ ᠨᠠᠮᠠᠶᠢ ᠪᠠᠨ ᠭᠦᠢᠴᠡᠬᠦ ᠪᠣᠯᠪᠠ ᠴᠢ︖ — ᠭᠡᠵᠤ᠃ | ᠳᠡᠭᠦᠦ ᠬᠥᠪᠡᠭᠦᠨ ᠨᠢ ᠶᠠᠭᠤ ᠴᠦ ᠨᠢᠭᠤᠯ ᠦᠭᠡᠢ᠂ ᠦᠨᠡᠨ ᠢᠶᠠᠨ ᠬᠡᠯᠡᠵᠦ ᠥᠭᠪᠡ ᠠᠬ᠎ᠠ ᠳᠤ ᠪᠠᠨ᠂ ᠠᠬ᠎ᠠ ᠨᠢ | ᠰᠤᠷᠠᠪᠠ᠄ | — ᠲᠡᠷᠡ ᠭᠠᠢ ᠲᠦᠢᠳ ᠴᠢᠨᠢ ᠬᠠᠮᠢᠭ᠎ᠠ ᠪᠠᠶᠢᠨ᠎ᠠ ᠪᠤᠢ︖ — ᠭᠡᠵᠤ᠃ | — ᠥᠨᠥ ᠪᠣᠯᠲᠠᠯ᠎ᠠ ᠨᠠᠭᠤᠷ ᠴᠣᠭᠤ ᠪᠠᠨ ᠪᠠᠶᠢᠭ᠎ᠠ ᠪᠢᠵᠡ᠃ | ᠠᠬ᠎ᠠ ᠨᠢ ᠭᠡᠷ ᠲᠤ ᠪᠠᠨ ᠬᠠᠷᠢᠪᠠ᠂ ᠳᠡᠭᠦᠦ ᠬᠥᠪᠡᠭᠦᠨ ᠳᠤ ᠪᠠᠨ ᠬᠠᠷᠠᠷᠬᠠᠵᠤ ︵ᠠᠲᠠᠭᠠᠷᠬᠠᠵᠤ︶ ᠤᠨᠲᠠᠬᠤ | ᠬᠡᠪᠲᠡᠬᠦ ᠪᠠᠨ ᠪᠣᠯᠢᠪᠠ᠃ ᠭᠤᠷᠪᠠᠨ ᠬᠥᠯᠥᠰᠦᠠᠴᠢ ᠲᠠᠢ ᠪᠠᠨ ᠵᠦᠳᠬᠡ ︵ᠲᠣᠣᠷ︶ ᠠᠪᠤᠨ ᠲᠡᠷᠡ ᠨᠠᠭᠤᠷ ᠲᠤ | ᠢᠷᠠᠪᠠ ᠭᠡᠨ᠎ᠡ᠃ ᠵᠦᠳᠬᠡ ᠪᠠᠨ ᠬᠠᠶᠠᠵᠤ ᠲᠠᠲᠠᠨ ᠠᠪᠬᠤ ᠳᠤ ᠨᠢ᠂ ᠭᠠᠭᠴᠠ ᠵᠢᠭᠠᠰᠤ ᠭᠠᠷᠴᠤ ᠢᠷᠠᠪᠠ᠃ | ᠭᠤᠷᠪᠠᠨ ᠬᠤᠨᠣᠭᠠᠳ ᠪᠠᠶᠢᠬᠤ ᠳᠠᠭᠠᠨ ᠵᠦᠳᠬᠡ ᠳᠣᠲᠣᠷ᠎ᠠ ᠨᠢ ᠬᠤᠳᠬᠠᠨᠠᠭ ᠬᠦᠲᠦᠰᠦᠨ ᠭᠠᠷᠴᠤ ᠢᠷᠠᠪᠠ ᠭᠡᠨ᠎ᠡ᠃ | | — ᠡᠨᠡ᠂ ᠡᠨᠡ — ᠭᠡᠵᠤ ᠠᠬ᠎ᠠ ᠬᠥᠪᠡᠭᠦᠨ᠂ ᠡᠯᠢᠭᠡ ᠪᠠᠨ ᠬᠠᠲᠠᠨ ᠪᠠᠶᠢᠪᠠ᠃ ᠪᠦᠷ ᠬᠤᠳᠬᠠᠨᠠᠭ ᠢᠶᠠᠨ | ᠬᠠᠷᠮᠠᠯᠠᠨ ︵ᠬᠠᠯᠠᠭᠠᠰᠤᠯᠠᠨ︶ ᠠᠬ᠎ᠠ ᠬᠥᠪᠡᠭᠦᠨ ᠬᠦᠯᠦᠰᠦᠨᠴᠢᠳ ᠢᠶᠠᠷ ᠢᠶᠠᠨ ᠭᠡᠷ ᠲᠡᠭᠡᠨ ᠢᠷᠠᠪᠠ ᠭᠡᠨ᠎ᠡ᠃ ᠠᠬ᠎ᠠ | ᠬᠥᠪᠡᠭᠦᠨ ᠭᠡᠷ ᠲᠡᠭᠡᠨ ᠣᠷᠣᠵᠤ ᠢᠷᠡᠭᠡᠳ᠂ ᠲᠡᠷᠡ ᠬᠤᠳᠬᠠᠨᠠᠭ ᠬᠦᠲᠦᠰᠦᠨ ᠤ ᠪᠠᠨ ᠰᠤᠷ ᠢ ᠨᠢ ᠲᠠᠶᠢᠯᠪᠠ ᠭᠡᠨ᠎ᠡ᠃ | ᠳᠣᠲᠣᠷ᠎ᠠ ᠨᠢ ᠶᠠᠭᠤ ᠴᠦ ᠦᠭᠡᠢ ᠪᠠᠶᠢᠪᠠ᠃ ᠳᠤᠭᠤᠯᠬᠤ ᠳᠤᠨᠢ᠂ ᠡᠭᠦᠳᠡᠨ ᠤ ᠬᠢᠨᠢ ᠬᠠᠵᠠᠭᠤ ᠳᠤ ᠶᠠᠭᠤᠮ᠎ᠠ ᠪᠡᠶ᠎ᠡ | ᠪᠠᠨ ᠰᠠᠨᠰᠤᠷᠴᠤ ︵ᠰᠠᠵᠢᠷᠴᠤ︶ ᠤᠰᠤ ᠬᠠᠮᠢᠭᠠᠰᠢ ᠬᠠᠮᠢᠭᠠᠰᠢ ᠪᠠᠨ ᠦᠰᠦᠷᠪᠡ᠃ | — ᠵᠠ᠂ ᠭᠠᠢ ᠲᠣᠳᠬᠠᠷ᠂ ᠶᠠᠪᠤ︕ ᠡᠵᠡᠨ ᠳᠤ ᠴᠢᠨᠢ ᠠᠪᠠᠴᠢᠬᠤ ᠮᠢᠨᠢ᠂ ᠶᠠᠪᠤ︕ ᠭᠡᠪᠡ | — ᠦᠭᠡᠢ︕ ᠪᠢ ᠣᠴᠢᠬᠤ ᠦᠭᠡᠢ᠃ ᠡᠵᠡᠨ ᠮᠢᠨᠢ ᠨᠠᠮᠠᠶᠢ ᠶᠢ ᠬᠠᠭᠤᠴᠢᠨ ᠪᠠᠭᠤᠴᠠ ᠳᠡᠭᠡᠷ᠎ᠡ ᠪᠠᠨ ᠣᠷᠬᠢᠵᠤ᠂ | ᠵᠥᠭᠡᠭᠡᠵᠦ ᠣᠴᠢᠭᠰᠠᠨ ᠪᠠᠶᠢᠨ᠎ᠠ᠂ ᠨᠠᠮᠠᠶᠢ ᠪᠠᠨ ᠨᠠᠭᠤᠷ ᠤᠷᠤᠭᠤ ᠬᠠᠶᠠᠵᠤ ᠠᠯᠠᠨ ᠠᠯᠳᠠᠭᠰᠠᠨ ᠶᠤᠮ᠂ ᠪᠢ | ᠣᠴᠢᠬᠤ ᠦᠭᠡᠢ᠂ ᠲᠠᠨ ᠤ ᠳᠤ ᠪᠠᠶᠢᠨ᠎ᠠ ᠪᠢ︕ ᠭᠡᠵᠤ᠃ | ᠠᠬ᠎ᠠ ᠬᠥᠪᠡᠭᠦᠨ ᠤ ᠠᠳᠤᠭᠤ ᠮᠠᠯ ᠨᠢ ᠮᠢᠯᠠ ᠳᠤ ᠣᠷᠣᠵᠤ ᠦᠬᠦᠪᠡ᠃ ᠲᠠᠷᠢᠶ᠎ᠠ ᠲᠠᠷᠢᠭᠰᠠᠨ ᠨᠢ᠂ ᠪᠠᠷᠠᠭᠠᠨ | ᠮᠥᠨᠳᠥᠷ ᠲᠤ ᠣᠷᠣᠵᠤ ᠬᠤᠭᠤᠰᠤᠷᠠᠪᠠ᠃ ᠪᠠᠶᠠᠨ ᠬᠥᠮᠥᠨ ᠪᠠᠶᠢᠭᠠᠳ᠂ ᠨᠢᠭᠡ ᠵᠢᠯ ᠳᠣᠲᠣᠷ᠎ᠠ ᠦᠭᠡᠶᠢᠷᠡᠪᠡ ᠠᠬᠤ᠃ | |