| ᠳᠤᠬᠠᠢ ᠶᠢᠨ ᠦᠶ᠎ᠡ ᠶᠢᠨ ᠴᠤᠭᠳᠦᠬᠦ᠋ᠷᠢᠶᠡ ᠰᠤᠮᠤ ᠨᠢ ᠠᠯᠠᠱᠠ ᠵᠡᠬᠦᠨ ᠬᠤᠰᠢᠭᠤᠨ ᠤ ᠡᠮᠦᠨ᠎ᠡ ᠭᠡᠰᠡᠭ ᠲᠤ ᠳᠡᠭᠷᠢ | ᠡᠯᠡᠰᠤᠨ ᠴᠦᠯ ᠤᠨ ᠵᠡᠬᠦᠨ ᠵᠠᠬ᠎ᠠ ᠳᠤ ᠪᠠᠶᠢᠷᠢᠰᠢᠵᠤ ᠪᠠᠶᠢᠵᠡᠢ᠃ ᠵᠡᠬᠦᠨ ᠳᠠᠯ᠎ᠠ ᠪᠠᠷ ᠢᠶᠠᠨ ᠱᠠᠩ ᠤᠨ ᠳᠠᠯᠠᠢ ᠰᠤᠮᠤ | ᠲᠠᠢ ᠬᠦᠷᠰᠢᠯᠡᠵᠤ᠂ ᠡᠮᠦᠨ᠎ᠡ ᠳᠠᠯ᠎ᠡ ᠪᠠᠷ ᠢᠶᠠᠨ ᠵᠢᠷᠭᠠᠯᠰᠠᠶᠢᠬᠠᠨ ᠪᠠᠯᠭᠠᠰᠤ᠂ ᠳᠡᠭᠷᠢ ᠡᠯᠡᠰᠤ ᠰᠤᠮᠤ ᠲᠠᠢ ᠵᠠᠯᠭᠠᠯᠳᠤᠨ᠂ | ᠪᠠᠷᠠᠭᠤᠨ ᠳᠡᠯ᠎ᠡ ᠪᠠᠷ ᠢᠶᠠᠨ ᠴᠠᠭᠠᠨᠪᠤᠯᠠᠭ ᠰᠤᠮᠤᠨ ᠳᠤ ᠳᠤᠯᠵᠤ᠂ ᠬᠤᠶᠢᠭᠤᠷ ᠢᠶᠠᠨ ᠳᠤᠩᠭᠠᠯᠠᠭ ᠨᠠᠭᠤᠷ ᠰᠤᠮᠤ ᠲᠠᠢ | ᠨᠡᠶᠢᠯᠡᠨ᠂ ᠶᠡᠷᠦᠩᠬᠡᠢ ᠳᠠᠯᠠᠪᠡᠢ ᠨᠢ 2671 ᠬᠠᠪᠳᠠᠭᠠᠢ ᠲᠦᠷᠪᠡᠯᠵᠢᠨ ᠺᠢᠯᠤᠮᠧᠲᠷ ᠳᠠᠯᠠᠪᠡᠢ ᠳᠤ ᠬᠦᠷᠴᠤ ᠪᠠᠶᠢᠭ᠍ᠰᠠᠨ | ᠪᠠᠶᠢᠨ᠎ᠠ᠃ | ᠴᠤᠭᠳᠤᠬᠦ᠋ᠷᠢᠶ᠎ᠡ ᠰᠤᠮᠤᠨ ᠪᠤᠯ ᠤᠤᠯ ᠤᠨ ᠬᠤᠶᠠᠷᠬᠤᠳᠳᠤᠭ ᠤᠨ ᠪᠠᠭ᠂ ᠴᠠᠭᠠᠨᠪᠤᠯᠠᠭ ᠤᠨ ᠪᠠᠭ ᠤᠨ ᠬᠠᠷᠢᠶᠠᠨ | ᠭᠠᠵᠡᠷ ᠪᠠᠶᠢᠭᠰᠠᠨ ᠶᠤᠮ᠃ 1958 ᠤᠨ ᠤ 3 ᠰᠠᠷ᠎ᠠ ᠳᠤ᠂ ᠪᠠᠭ ᠤᠳ ᠢ ᠨᠡᠶᠢᠯᠡᠬᠦᠯᠦᠨ ᠰᠤᠮᠤ ᠪᠠᠶᠢᠭᠤᠯᠬᠤ | ᠦᠶᠡᠰ ᠳᠤᠰ ᠭᠠᠵᠡᠷ ᠨᠢ ᠵᠢᠷᠭᠠᠯᠰᠠᠶᠢᠬᠠᠨ ᠰᠤᠮᠤ ᠪᠤᠯᠤᠨ ᠴᠠᠭᠠᠨᠪᠤᠯᠠᠭ ᠰᠤᠮᠤᠨ ᠳᠤ ᠬᠤᠪᠢᠶᠠᠭᠳᠠᠨ ᠬᠠᠷᠢᠶᠠᠯᠠᠭᠳᠠᠬᠤ | ᠪᠤᠯᠵᠡᠢ᠃ ᠰᠡᠬᠦᠯᠡᠷ ᠨᠢ ᠵᠠᠰᠠᠭ ᠵᠠᠬᠢᠷᠭᠠᠨ ᠤ ᠬᠤᠪᠢᠶᠠᠷᠢᠯᠠᠯᠳᠠ ᠬᠤᠪᠢᠷᠠᠯᠳᠠ ᠪᠠᠷ ᠳᠠᠮᠵᠢᠨ 1983 ᠤᠨ ᠤ 1 | ᠰᠠᠷ᠎ᠡ ᠪᠤᠯᠬᠤ ᠳᠤ᠂ ᠤᠤᠯ ᠤᠨ ᠴᠠᠭᠠᠨᠪᠤᠯᠠᠭ ᠬᠦᠡᠭᠱᠧ ᠶᠢᠨ ᠵᠠᠰᠠᠭ ᠤᠨ ᠤᠷᠳᠤᠨ ᠤ ᠰᠠᠭᠤᠭ᠎ᠠ ᠭᠠᠵᠡᠷ ᠢ ᠡᠮᠦᠨ᠎ᠡ | ᠭᠤᠤᠯ ︵ᠲᠸᠤ ᠳ᠋ᠤᠤ ᠬᠤ᠋︶ ᠳᠤ ᠨᠡᠬᠦᠯᠬᠡᠨ ᠠᠪᠴᠢᠷᠠᠭᠠᠳ ᠨᠡᠷ᠎ᠡ ᠶᠢ ᠨᠢ ᠴᠤᠭᠳᠦᠬᠦ᠋ᠷᠢᠶᠡ ᠬᠦᠡᠭᠱᠧ ᠬᠡᠵᠤ ᠬᠠᠯᠠᠨ | ᠦᠬᠡᠷᠡᠴᠢᠯᠡᠵᠤ᠂ ᠤᠤᠯ ᠤᠨ ᠴᠠᠭᠠᠨᠪᠤᠯᠠᠭ ᠬᠦᠡᠭᠱᠧ ᠳᠤ ᠬᠠᠷᠢᠶᠠᠯᠠᠭᠳᠠᠵᠤ ᠪᠠᠶᠢᠭ᠍ᠰᠠᠨ ᠵᠠᠭᠳᠤ᠂ ᠳᠤᠮᠳᠠ ᠭᠤᠤᠯ᠂ | ᠬᠤᠶᠢᠳᠤ ᠭᠤᠤᠯ ᠵᠡᠷᠬᠡ ᠪᠠᠷᠢᠭᠠᠳᠠ ᠪᠤᠯᠤᠨ ᠤᠤᠯ ᠤᠨ ᠵᠢᠷᠭᠠᠯᠰᠠᠶᠢᠬᠠᠨ ᠬᠦᠡᠭᠱᠧ ᠳᠤ ᠬᠠᠷᠢᠶᠠᠯᠠᠭᠳᠠᠵᠤ ᠪᠠᠶᠢᠭ᠍ᠰᠠᠨ | ᠡᠮᠦᠨ᠎ᠡ ᠭᠤᠤᠯ᠂ ᠤᠯᠠᠭᠠᠨ ᠴᠤᠨᠵᠢ ᠵᠡᠷᠭᠡ ᠬᠤᠶᠠᠷ ᠪᠠᠷᠢᠭᠠᠳᠠ ᠵᠢᠴᠢ ᠤᠢ ᠰᠢᠭᠤᠢ ᠶᠢᠨ ᠠᠩᠬᠢ ᠶᠢ ᠰᠢᠨ᠎ᠡ ᠪᠠᠷ | ᠪᠠᠶᠢᠭᠤᠯᠤᠭᠰᠠᠨ ᠴᠤᠭᠳᠤᠬᠦ᠋ᠷᠢᠶ᠎ᠡ ᠬᠦᠡᠭᠱᠧ ᠳᠤ ᠬᠠᠷᠢᠶᠠᠯᠠᠭᠤᠯᠤᠭᠰᠠᠨ ᠪᠠᠶᠢᠨ᠎ᠠ᠃ ᠳᠤᠰ ᠰᠤᠮᠤᠨ ᠤ ᠨᠡᠷ᠎ᠡ ᠶᠢᠨ | ᠢᠷᠡᠯᠳᠡ ᠪᠤᠯ ᠳᠠᠷᠤᠢ ᠴᠤᠭᠳᠤᠬᠦ᠋ᠷᠢᠶ᠎ᠡ ᠶᠢᠨ ᠰᠦᠮ᠎ᠡ ︵ᠰᠤᠶᠤᠯ ᠢ ᠬᠡᠶᠢᠬᠦᠯᠦᠭᠴᠢ ᠰᠦᠮ᠎ᠡ︶ ᠠᠴᠠ ᠢᠷᠡᠯᠳᠡ ᠲᠠᠢ | ᠃ 2006 ᠤᠨ ᠤ 6 ᠰᠠᠷ᠎ᠠ ᠳᠤ᠂ ᠤᠤᠯ ᠤᠨ ᠴᠤᠭᠳᠤᠬᠦ᠋ᠷᠢᠶ᠎ᠡ ᠰᠤᠮᠤᠨ ᠤ ᠵᠠᠰᠠᠭ ᠵᠠᠬᠢᠷᠭᠠᠨ ᠤ ᠪᠠᠶᠢᠭᠤᠯᠤᠮᠵᠢ ᠶᠢ | ᠬᠠᠰᠤᠨ ᠴᠤᠮᠬᠠᠳᠬᠠᠵᠤ ᠵᠢᠷᠭᠠᠯᠰᠠᠶᠢᠬᠠᠨ ᠪᠠᠯᠭᠠᠰᠤ ᠲᠠᠢ ᠨᠡᠶᠢᠯᠡᠬᠦᠯᠦᠭᠰᠡᠨ ᠠᠴᠠ ᠤᠳᠤ ᠶᠢᠨ ᠪᠠᠶᠢᠳᠠᠯ ᠳᠤ | ᠲᠦᠯᠦᠪᠰᠢᠷᠡᠵᠡᠢ᠃ ᠳᠤᠬᠠᠢ ᠶᠢᠨ ᠦᠶ᠎ᠡ ᠶᠢᠨ ᠴᠤᠭᠳᠤᠬᠦ᠋ᠷᠢᠶ᠎ᠡ ᠰᠤᠮᠤᠨ ᠤ ᠬᠠᠷᠢᠶᠠᠨ ᠳᠤ 7 ᠭᠠᠴᠠᠭ᠎ᠠ ᠲᠠᠢ | ᠪᠠᠶᠢᠵᠡᠢ᠃ ᠳᠤᠬᠠᠢᠢᠯᠠᠪᠠᠯ᠂ ᠡᠮᠦᠨ᠎ᠡ ᠭᠤᠤᠯ ᠭᠠᠴᠠᠭ᠎ᠠ᠂ ᠤᠯᠠᠭᠠᠨ ᠴᠤᠨᠵᠢ ᠭᠠᠴᠠᠭ᠎ᠠ᠂ ᠳᠤᠮᠳᠠ ᠭᠤᠤᠯ ᠭᠠᠴᠠᠭ᠎ᠠ᠂ | ᠬᠤᠶᠢᠳᠤ ᠭᠤᠤᠯ ᠭᠠᠴᠠᠭ᠎ᠠ᠂ ᠤᠭᠤᠨᠤᠳᠤ ᠭᠠᠴᠠᠭ᠎ᠠ᠂ ᠵᠠᠭᠳᠤ ᠭᠠᠴᠠᠭ᠎ᠠ᠂ ᠴᠠᠭᠠᠨᠪᠤᠯᠠᠭ ᠭᠠᠴᠠᠭ᠎ᠠ ᠵᠡᠷᠭᠡ ᠪᠤᠯᠤᠨ᠎ᠠ᠃ | | ᠴᠤᠭᠳᠤᠬᠦ᠋ᠷᠢᠶ᠎ᠡ ᠪᠤᠯ ᠳᠤᠬᠠᠢ ᠶᠢᠨ ᠦᠶ᠎ᠡ ᠶᠢᠨ ᠠᠯᠠᠱᠠ ᠵᠡᠬᠦᠨ ᠬᠤᠰᠢᠭᠤᠨ ᠤ ᠡᠮᠦᠨᠡᠳᠤ ᠬᠡᠰᠡᠭ ᠤᠨ ᠴᠢᠬᠤᠯᠡ | ᠨᠢᠬᠡᠨ ᠲᠦᠪ ᠪᠠᠶᠢᠵᠤ᠂ ᠰᠤᠶᠤᠯ ᠰᠤᠷᠭᠠᠨ ᠬᠦᠮᠦᠵᠢᠯ᠂ ᠡᠮ ᠡᠮᠴᠢᠯᠡᠭᠡ ᠡᠷᠡᠬᠦᠯ ᠬᠠᠮᠡᠭᠠᠯᠠᠯ ᠵᠡᠷᠬᠡ ᠰᠠᠭᠤᠷᠢ | ᠨᠦᠬᠦᠴᠡᠯ ᠬᠠᠷᠢᠴᠠᠩᠭᠤᠢ ᠰᠠᠶᠢᠨ ᠪᠠᠶᠢᠵᠡᠢ᠃ ᠳᠤᠰ ᠰᠤᠮᠤᠨ ᠤ ᠬᠢᠵᠠᠭᠠᠷ ᠲᠠᠬᠢ ᠬᠠᠮᠤᠭ ᠠᠯᠳᠠᠷᠳᠡᠢ ᠨᠢ ᠬᠦᠮᠦᠨ ᠤ | ᠬᠦᠴᠦ ᠪᠠᠷ ᠦᠢᠵᠢᠭᠤᠯᠤᠭᠰᠠᠨ ᠤᠢ ᠰᠢᠭᠤᠢ ᠶᠢᠨ ᠳᠠᠯᠠᠪᠤᠷ ᠪᠤᠯᠤᠨ᠎ᠠ᠃ ᠭᠤᠴᠢᠨ ᠭᠡᠳᠤᠨ ᠵᠢᠯ ᠤᠨ ᠳᠤᠷᠰᠢ | ᠳᠤᠬᠠᠢ ᠶᠢᠨ ᠭᠠᠵᠡᠷ ᠤᠨ ᠬᠦᠮᠦᠰ ᠤᠨ ᠴᠦᠬᠦᠷᠡᠰᠢ ᠦᠬᠡᠢ ᠴᠢᠷᠮᠠᠶᠢᠯᠭ᠎ᠠ ᠪᠠᠷ ᠨᠡᠶᠢᠳᠠ 45 ᠬᠠᠪᠳᠠᠭᠠᠢ | ᠲᠦᠷᠪᠡᠯᠵᠢᠨ ᠺᠢᠯᠤᠮᠧᠲᠷ ᠪᠦᠬᠦᠢ ᠬᠦᠮᠦᠨ ᠤ ᠬᠦᠴᠦᠨ ᠤ ᠦᠢᠵᠢᠭᠤᠯᠤᠯᠳᠠ ᠬᠢᠵᠤ᠂ ᠦᠢᠷ᠎ᠡ ᠬᠠᠪᠢ ᠶᠢᠨ 170 | ᠲᠦᠮᠡᠨ ᠮᠤ᠋ ᠨᠤᠳᠤᠭ ᠪᠠᠯᠴᠢᠬᠡᠷ ᠢ ᠬᠠᠮᠠᠭᠠᠯᠠᠭᠰᠠᠨ ᠪᠠᠶᠢᠨ᠎ᠠ᠃ ᠰᠤᠮᠤᠨ ᠬᠢᠵᠠᠭᠠᠷ ᠲᠤ ᠪᠠᠰᠠ ᠳᠠᠪᠤᠰᠤ᠂ ᠴᠡᠪᠡᠷ | ᠱᠤᠤ ᠵᠡᠷᠬᠡ ᠡᠳ᠋ ᠠᠭᠤᠷᠰᠤᠨ ᠲᠠᠢ ᠪᠦᠬᠡᠳ ᠳᠡᠮᠡᠬᠡᠨ ᠨᠤᠤᠰᠤᠨ ᠤ ᠤᠨᠠᠯᠳᠠ ᠦᠨᠳᠤᠷ᠂ ᠴᠢᠨᠠᠷ ᠰᠠᠶᠢᠨ ᠪᠠᠶᠢᠬᠤ | ᠠᠴᠠ ᠭᠠᠳᠠᠨ᠎ᠠ ᠴᠠᠭᠠᠨ ᠭᠤᠶᠤᠤ᠂ ᠬᠤᠨᠴᠢᠷ ᠵᠡᠷᠬᠡ ᠦᠨᠡᠳᠤ ᠡᠮ ᠤᠨ ᠮᠠᠲ᠋ᠧᠷᠢᠶᠠᠯ ᠤᠨ ᠭᠠᠷᠤᠯᠳᠠ ᠰᠠᠶᠢᠳᠡᠢ᠃ | ᠠᠯᠠᠱᠠ ᠶᠢᠨ ᠳᠡᠤᠭᠡᠨ ᠳᠠᠬᠢ ᠨᠠᠢᠮᠠᠨ ᠳᠤᠮᠤ ᠰᠦᠮ᠎ᠡ ᠬᠡᠶᠢᠳ ᠲᠤ ᠪᠠᠭᠳᠠᠬᠤ ᠰᠤᠶᠤᠯ ᠢ ᠬᠡᠶᠢᠬᠦᠯᠦᠭᠴᠢ ᠰᠦᠮ᠎ᠡ ︵ | ᠶᠡᠷᠦ ᠳᠡᠭᠡᠨ ᠴᠤᠭᠳᠤᠬᠦᠷᠢᠶᠡ ᠶᠢᠨ ᠰᠦᠮ᠎ᠡ ᠭᠡᠳᠡᠭ︶᠂ ᠢᠷᠦᠬᠡᠯ ᠢ ᠳᠠᠭᠠᠭᠴᠢ ᠰᠦᠮ᠎ᠡ ᠵᠡᠷᠭᠡ ᠵᠢᠷᠭᠤᠳᠤᠭᠠᠷ ᠲᠦᠷᠢ | ᠶᠢᠨ ᠳᠠᠯᠠᠢ ᠯᠠᠮᠡ ᠲᠠᠢ ᠢᠷᠡᠯᠳᠡ ᠬᠤᠯᠪᠤᠭᠳᠠᠯ ᠲᠠᠢ ᠰᠦᠮ᠎ᠡ ᠭᠡᠶᠢᠳ ᠨᠢ ᠪᠦᠷ ᠳᠤᠰ ᠰᠤᠮᠤᠨ ᠤ ᠬᠢᠵᠠᠭᠠᠷ ᠲᠤ | ᠪᠠᠶᠢᠳᠠᠭ ᠶᠤᠮ᠃ |