︽ᠬᠤᠷᠴᠢᠨ︾ ᠨᠡᠷᠡᠶᠢᠳᠣᠯ ᠤᠨ ᠢᠷᠡᠯᠳᠡ ᠪᠠ ᠨᠣᠨ ᠬᠤᠷᠴᠢᠨ ᠤ ᠪᠦᠷᠢᠯᠳᠤᠯ
ᠨᠡᠶᠢᠲᠡᠯᠡᠭᠰᠡᠨ ᠴᠠᠭ᠄
2019/4/11
       ︽ᠬᠤᠷᠴᠢ︾ ᠪᠣᠶᠣ ︽ᠬᠤᠷᠴᠢᠨ︾ ᠭᠡᠳᠡᠭ ᠪᠣᠯ ︽ᠬᠤᠷ︾ ᠬᠡᠬᠦ ᠦᠭᠡ ᠶᠢᠨ ᠢᠵᠠᠭᠤᠷ ᠤᠨ ᠲᠠᠷᠠᠭ᠎ᠠ ᠡᠷᠬᠢᠯᠡᠭᠰᠡᠨ ᠠᠵᠢᠯ ᠮᠡᠷᠭᠡᠵᠢᠯ ᠢ ᠵᠢᠭᠠᠭᠰᠠᠨ ︽ᠴᠢ︾ ᠪᠣᠶᠣ ︽ᠴᠢᠨ︾ ᠲᠠᠭᠠᠪᠣᠷᠢ ᠶᠢ ᠵᠠᠯᠭᠠᠵᠣ ᠪᠦᠳᠣᠭᠡᠭᠰᠡᠨ ᠨᠡᠷ᠎ᠡ ᠦᠭᠡ᠃ ᠡᠶᠢᠮᠣ ᠠᠴᠠ ︽ᠮᠣᠩᠭᠤᠯ ᠤᠨ ᠨᠢᠭᠤᠴᠠ ᠲᠣᠪᠴᠢᠶᠠᠨ︾ ᠳᠤ ︽ᠬᠤᠷᠴᠢ︾ ᠪᠣᠶᠣ ︽ᠬᠤᠷᠴᠢᠨ︾  ᠢ ᠶᠡᠷᠣᠳᠡᠭᠡᠨ ᠬᠤᠷ ᠠᠠᠨᠰᠠᠴᠢᠳ ᠬᠡᠮᠡᠵᠣ᠂ ︽ᠶᠣᠸᠠᠨ ᠱᠢ︾ ᠪᠢᠴᠢᠭ ᠲᠤ ︽ᠬᠤᠷᠴᠢ︾ ᠭᠡᠰᠡᠨ ᠨᠡᠷ᠎ᠡ ᠶᠢ ᠨᠣᠮᠣ ᠰᠣᠮᠣ ᠵᠡᠭᠦᠭᠴᠢᠳ ᠬᠡᠬᠦ ᠪᠣᠶᠣ ᠨᠣᠮᠣ ᠰᠠᠭᠠᠳᠠᠭ ᠵᠡᠭᠦᠵᠦ ᠰᠢᠳᠠᠷ ᠦᠢᠯᠡᠴᠢᠯᠡᠬᠦ ᠬᠦᠮᠣᠰ ᠬᠡᠮᠡᠨ ᠲᠠᠶᠢᠯᠪᠣᠷᠢᠯᠠᠵᠣ ᠪᠣᠢ᠃ ᠨᠣᠮᠣ ᠰᠣᠮᠣ ᠪᠣᠯ ᠮᠣᠩᠭᠤᠯᠴᠣᠳ ᠢ ᠪᠠᠭᠳᠠᠭᠠᠠᠨᠰᠠᠨ ᠲᠣᠮᠳᠠᠳᠣ ᠣᠯᠣᠰ ᠤᠨ ᠣᠮᠠᠷᠠᠳᠣ ᠶᠢᠨ ᠨᠡᠭᠦᠳᠡᠯᠴᠢᠨ ᠣᠠᠨᠰᠠᠭᠠᠳᠠᠳ ᠤᠨ ᠠᠩᠨᠠᠯ ᠤᠨ ᠪᠠᠭᠠᠵᠢ ᠪᠣᠯᠬᠤ ᠪᠠᠷ ᠪᠠᠷᠠᠬᠤ ᠦᠭᠡᠢ᠂ ᠴᠡᠷᠢᠭ ᠲᠠᠶᠢᠨ ᠳᠤ ᠬᠡᠷᠡᠭᠯᠡᠳᠡᠭ ᠪᠠᠶᠢᠩᠭᠤ ᠶᠢᠨ ᠵᠡᠪᠰᠡᠭ ᠪᠣᠯᠣᠭᠰᠠᠨ ᠬᠤᠪᠢ ᠳᠤ ᠨᠡᠯᠣᠩᠬᠡᠢ ᠣᠳᠬ᠎ᠠ ᠠᠴᠠ ᠲᠠᠯ᠎ᠠ ᠶᠢᠨ ᠮᠠᠯᠴᠢᠨ᠂ ᠣᠨᠴᠠᠭᠠᠶᠢᠯᠠᠨ ᠴᠡᠷᠢᠭ ᠪᠠᠶᠢᠯᠳᠣᠠᠨᠴᠢᠳ ᠢ ᠪᠦᠷ ᠬᠤᠷ ᠠᠠᠨᠰᠠᠬᠤ ᠬᠤᠷᠴᠢᠨ ᠬᠡᠵᠣ ᠬᠡᠯᠡᠵᠣ ᠪᠣᠯᠳᠠᠭ᠃     1189 ᠣᠨ ᠳᠤ᠂ ᠲᠡᠮᠣᠵᠢᠨ ᠬᠠᠮᠤᠭ ᠮᠣᠩᠭᠤᠯ ᠤᠨ ᠬᠠᠨ ᠪᠣᠯᠵᠣ᠂ ᠦᠪᠡᠷ ᠤᠨ ᠰᠢᠭᠤᠳ ᠵᠠᠬᠢᠷᠣᠠᠨᠰᠠᠨ ᠬᠡᠰᠢᠭᠳᠡᠨ ᠴᠡᠷᠢᠭ ᠢ ᠠᠩᠬ᠎ᠠ ᠪᠠᠶᠢᠭᠤᠯᠬᠤ ᠳᠤ ᠦᠬᠡᠯᠡᠢ ᠴᠠᠷᠪᠢ᠂ ᠬᠠᠴᠢᠭᠤᠨ ᠲᠣᠬᠤᠷᠭᠠᠳ ᠪᠠ ᠵᠠᠳᠠᠢ᠂ ᠲᠣᠭᠤᠯᠬᠤ ᠴᠠᠷᠪᠢ ᠳᠤ ᠬᠤᠷ ᠠᠠᠨᠰᠠᠵᠣ ᠪᠠᠶᠢᠭᠰᠠᠨ ᠪᠠ ᠬᠤᠵᠢᠮ ᠨᠢ ᠪᠠᠰᠠ ᠰᠢᠳᠠᠷ ᠲᠠᠭᠠᠯᠳᠠ ᠬᠤᠷᠴᠢᠨ ᠢᠶᠠᠨ ᠲᠦᠷᠪᠡᠨ ᠵᠠᠭᠤ ᠪᠣᠯᠭᠠᠪᠠ᠃ 1206 ᠣᠨ ᠳᠤ᠂ ᠴᠢᠩᠭᠢᠰ ᠬᠠᠭᠠᠨ ᠶᠡᠭᠡ ᠮᠣᠩᠭᠤᠯ ᠣᠯᠣᠰ ᠢ ᠪᠠᠶᠢᠭᠤᠯᠣᠭᠰᠠᠨ ᠤ ᠲᠠᠷᠠᠭ᠎ᠠ᠂ ᠬᠡᠰᠢᠭᠳᠡᠨ ᠴᠡᠷᠢᠭ ᠢᠶᠠᠨ ᠦᠷᠭᠡᠳᠬᠡᠨ ᠲᠦᠮᠡᠨ ᠬᠦᠮᠣᠨ ᠪᠣᠯᠭᠠᠬᠤ ᠳᠤ ᠣᠣᠯ ᠤᠨ ᠲᠦᠷᠪᠡᠨ ᠵᠠᠭᠤᠨ ᠬᠤᠷᠴᠢᠨ ᠴᠡᠷᠢᠭ ᠢᠶᠠᠨ ᠪᠠᠰᠠ ᠮᠢᠩᠭᠠᠨ ᠬᠦᠮᠣᠨ ᠪᠣᠯᠭᠠᠵᠠᠢ᠃ ᠡᠶᠢᠨᠬᠦ᠂ ᠬᠤᠷᠴᠢᠨ ᠬᠡᠬᠦ ᠦᠭᠡ ᠨᠢ ᠬᠡᠰᠢᠭᠳᠡᠨ ᠴᠡᠷᠢᠭ ᠲᠣᠳᠣᠷᠠᠬᠢ ᠨᠣᠮᠣ ᠰᠣᠮᠣ ᠠᠠᠨᠰᠬᠠᠴᠢᠳ ᠤᠨ ᠨᠡᠷ᠎ᠡ ᠪᠣᠯᠵᠦ᠂ ᠲᠣᠷᠬᠠᠭ ᠤᠳ᠂ ᠪᠠᠭᠤᠷᠴᠢ᠂ ᠡᠭᠦᠳᠡᠴᠢ᠂ ᠠᠠᠨᠳᠠᠴᠢ ᠬᠡᠬᠦ ᠵᠡᠷᠭᠡ ᠲᠠᠢ ᠠᠳᠠᠯᠢ ᠪᠠᠷ ᠮᠣᠩᠭᠤᠯ ᠤᠨ ᠬᠠᠭᠠᠨ ᠣᠷᠳᠣᠨ ᠳᠤ ᠦᠢᠯᠡᠴᠢᠯᠡᠬᠦ ᠬᠡᠰᠢᠭᠳᠡᠨ ᠴᠡᠷᠢᠭ ᠤᠨ ᠲᠣᠰᠢᠶᠠᠯ ᠤᠨ ᠨᠡᠷᠡᠶᠢᠳᠣᠯ ᠪᠣᠯᠪᠠ᠃ ᠬᠡᠪᠡᠴᠣ᠂ ᠶᠡᠭᠡ ᠮᠣᠩᠭᠤᠯ ᠣᠯᠣᠰ ᠪᠠ ᠶᠣᠸᠠᠨ ᠣᠯᠣᠰ ᠤᠨ ᠦᠶ᠎ᠡ ᠳᠤ ᠬᠤᠷᠴᠢᠨ ᠬᠡᠬᠦ ᠦᠭᠡ ᠶᠡᠷᠣᠨᠢ ᠠᠶᠢᠮᠠᠭ ᠤᠨ ᠨᠡᠷᠡᠶᠢᠳᠣᠯᠭᠡ ᠪᠣᠯᠵᠣ᠂ ︽ᠮᠣᠩᠭᠤᠯ ᠤᠨ ᠨᠢᠭᠤᠴᠠ ᠲᠣᠪᠴᠢᠶᠠᠨ︾ ᠪᠣᠶᠣ ︽ᠰᠣᠳᠣᠷ ᠤᠨ ᠴᠢᠭᠤᠯᠭᠠᠨ︾ ᠳᠤ ᠲᠡᠮᠳᠡᠭᠯᠡᠭᠳᠡᠭᠰᠡᠨ ᠦᠭᠡᠢ᠃ ᠲᠡᠭᠡᠪᠡᠯ᠂ ︽ᠬᠤᠷᠴᠢᠨ︾ ᠭᠡᠳᠡᠭ ᠨᠡᠷ᠎ᠡ ᠬᠡᠵᠢᠶ᠎ᠡ ᠬᠠᠰᠠᠷ ᠤᠨ ᠦᠷᠡᠰ ᠠᠴᠠ ᠨᠣᠶᠠᠯᠠᠭᠰᠠᠨ ᠠᠶᠢᠮᠠᠭ ᠢᠷᠭᠡᠳ ᠤᠨ ᠨᠡᠷᠡᠶᠢᠳᠣᠯᠭᠡ ᠪᠣᠯᠣᠠᠨᠰᠠᠨ ᠪᠣᠯ︖     ︽ᠬᠤᠷᠴᠢᠨ︾ ᠬᠡᠬᠦ ᠠᠶᠢᠮᠠᠭ ᠤᠨ ᠨᠡᠷᠡᠶᠢᠳᠣᠯᠭᠡ ᠶᠢᠨ ᠲᠣᠬᠠᠢ ᠡᠷᠳᠡᠮᠳᠡᠨ ᠮᠡᠷᠭᠡᠳ ᠣᠯᠠᠨ ᠲᠠᠯ᠎ᠠ ᠠᠴᠠ ᠰᠣᠳᠣᠯᠭᠠᠨ ᠦᠷᠨᠢᠭᠦᠯᠦᠭᠰᠡᠨ ᠪᠠᠶᠢᠳᠠᠭ᠃ ᠡᠭᠦᠨ ᠳᠤ᠂ ᠦᠪᠣᠷ ᠮᠣᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠬᠤᠷᠴᠠ ᠫᠷᠣᠹᠧᠰᠰᠣᠷ᠄ ᠴᠢᠩᠭᠢᠰ ᠬᠠᠭᠠᠨ ᠣᠯᠣᠰ ᠪᠠᠶᠢᠭᠤᠯᠣᠭᠰᠠᠨ ᠤ ᠲᠠᠷᠠᠭ᠎ᠠ᠂ ︽ᠮᠡᠭᠦᠰ ᠪᠢ ᠪᠡᠯᠭᠦᠳᠠᠢ ᠶᠢᠨ ᠪᠦᠬᠡ ᠪᠠᠷ᠂ ᠬᠠᠰᠠᠷ ᠤᠨ ᠬᠠᠷᠪᠣᠯᠭ᠎ᠠ ᠪᠠᠷ ᠶᠢᠷᠳᠢᠨᠴᠣ ᠶᠢ ᠡᠵᠡᠯᠡᠪᠡᠢ︾ ᠬᠡᠵᠣ ᠬᠠᠰᠠᠷ ᠤᠨ ᠣᠯᠠᠨ ᠠᠴᠠ ᠬᠡᠳᠦ᠋ᠢᠳᠦᠭᠰᠡᠨ ᠰᠣᠷ ᠬᠠᠷᠪᠣᠯᠭ᠎ᠠ ᠶᠢ ᠮᠬᠠᠳᠠᠨ ᠲᠠᠭᠠᠰᠢᠶ᠋ᠬᠠᠰᠠᠨ ᠪᠠᠶᠢᠨ᠎ᠠ᠃ 1722 ᠣᠨ ᠳᠤ ᠬᠠᠭᠤᠯᠣᠨ ᠪᠢᠴᠢᠭᠰᠡᠨ ︽ᠴᠢᠩᠭᠢᠰ ᠤᠨ ᠶᠡᠭᠡ ᠦᠴᠢᠭ︾ ᠲᠤ ᠬᠠᠰᠠᠷ ᠢ ᠮᠬᠠᠳᠠᠨ ᠲᠠᠭᠤᠯᠠᠬᠤ ᠳᠠᠭᠠᠨ᠄ ︽ᠬᠠᠷᠢ ᠶᠢᠨ ᠬᠠᠷᠠ ᠵᠠᠨᠴᠠᠷ ᠲᠠᠶᠢᠰᠣᠨ ᠢ᠂ ᠬᠠᠳᠬᠠᠣᠯᠳᠣᠬᠤ ᠲᠣᠳᠣᠮ ᠮᠦᠨ ᠲᠠᠷᠣᠠᠨᠴᠢ᠂ ᠬᠠᠪᠣᠳᠣ ᠬᠠᠰᠠᠷ ᠮᠡᠷᠭᠡᠨ ᠲᠡᠭᠦᠣ ᠳᠤ᠂ ᠭᠠᠶᠢᠬᠠᠮᠰᠢᠭ ᠲᠦᠷᠦᠭᠰᠡᠨ᠂ ᠴᠢᠩᠭᠢᠰ ᠬᠠᠭᠠᠨ︾ ᠭᠡᠵᠦ ᠰᠢᠯᠦᠭᠯᠡᠬᠦ ᠶᠢᠨ ᠬᠠᠮᠳᠣ᠂ ︽ᠬᠠᠳᠴᠢᠨ ᠵᠣᠪᠠᠵᠣ ᠬᠦᠴᠣᠨ ᠢᠶᠠᠨ ᠦᠭᠭᠦᠭᠰᠡᠨ᠂ ᠬᠤᠵᠢᠳ ᠣᠷᠢᠳ ᠡᠰᠠ ᠶᠠᠪᠤᠨᠰᠠᠨ᠂ ᠬᠤᠣᠷᠴᠢᠨ     ︿ᠬᠤᠣᠷᠴᠢ﹀ ᠬᠠᠰᠠᠷ᠂ ᠪᠦᠬᠡ ᠪᠡᠯᠭᠦᠳᠠᠢ᠂ ᠬᠠᠴᠢᠭᠤᠨ ᠭᠤᠷᠪᠠᠨ ᠲᠡᠭᠦᠣ ᠨᠡᠷᠳᠣ ᠴᠢᠨᠣ᠂ ᠠᠯᠪᠠᠨ ᠢᠶᠠᠨ ᠦᠭᠭᠦᠭᠰᠡᠨ᠂ ᠬᠤᠷᠴᠢᠨ ᠲᠡᠷᠢᠭᠦᠯᠡᠨ ᠬᠤᠷᠪᠠᠨ ᠣᠩᠨᠢᠭᠤᠳ᠂ ᠬᠤᠶ᠎ᠡ ᠠᠯᠪᠠᠳᠣ ᠴᠢᠨᠣ ᠲᠡᠷᠡ ᠪᠦᠬᠦᠢ ᠪᠠᠷ ᠠᠵᠢᠶᠠᠮᠤ︾ ᠭᠡᠵᠠᠢ᠃ ᠡᠭᠦᠨ ᠳᠠᠬᠢ ︽ᠬᠤᠣᠷᠴᠢᠨ︾ ᠪᠣᠶᠣ ︽ᠬᠤᠣᠷᠴᠢ︾ ᠭᠡᠳᠡᠭ ᠪᠣᠯ ᠲᠠᠷᠣᠢ ︽ᠬᠤᠷᠴᠢᠨ︾᠂ ︽ᠬᠤᠷᠴᠢ︾ ᠶᠢᠨ ᠬᠤᠪᠢᠯᠪᠣᠷᠢ ᠪᠢᠴᠢᠯᠭᠡ ᠪᠣᠯᠬᠤᠷ᠂ ᠡᠷᠳᠡᠨ ᠤ ᠮᠣᠩᠭᠤᠯᠴᠣᠳ ᠬᠠᠰᠠᠷ ᠢ ︽ᠬᠠᠪᠣᠳᠣ ᠬᠠᠰᠠᠷ︾ ᠬᠡᠬᠦ ᠶᠢᠨ ᠬᠠᠮᠳᠣ ︽ᠬᠤᠷᠴᠢᠨ ᠬᠠᠰᠠᠷ︾ ᠬᠡᠮᠡᠨ ᠴᠣᠯᠠᠯᠠᠨ ᠲᠠᠭᠤᠳᠠᠳᠠᠭ ᠪᠠᠶᠢᠵᠠᠢ᠃ ᠡᠶᠢᠮᠣ ᠠᠴᠠ᠂ ᠬᠤᠷᠴᠢᠨ ᠬᠡᠬᠦ ᠠᠶᠢᠮᠠᠭ ᠤᠨ ᠨᠡᠷ᠎ᠡ ᠬᠡᠰᠢᠭᠳᠡᠨ ᠴᠡᠷᠢᠭ ᠤᠨ ᠬᠤᠷᠴᠢᠨ ᠭᠡᠬᠦ ᠲᠣᠰᠢᠶᠠᠯ ᠤᠨ ᠨᠡᠷ᠎ᠡ ᠶᠢ ᠲᠣᠷᠠᠰᠬᠠᠬᠤ ᠶᠢᠨ ᠣᠴᠢᠷ ᠲᠤ ᠪᠣᠢ ᠪᠣᠯᠣᠭᠰᠠᠨ ᠪᠣᠰᠣ᠂ ᠬᠠᠷᠢᠨ ᠬᠤᠷᠴᠢᠨ ᠨᠣᠶᠠᠳ ᠤᠨ ᠬᠠᠮᠳᠣ ᠶᠢᠨ ᠲᠡᠭᠡᠳᠣᠰ ᠪᠣᠯᠬᠤ ︽ᠬᠤᠷᠴᠢᠨ ᠬᠠᠰᠠᠷ︾᠂ ᠴᠢᠨ᠋ᠬᠠᠰᠢᠯᠠᠨ ᠲᠡᠭᠦᠨ ᠤ ᠬᠦᠪᠡᠭᠦᠨ ᠶᠢᠰᠣᠩᠭᠡ ᠶᠢᠨ ᠣᠯᠠᠨ ᠠᠴᠠ ᠬᠡᠳᠦ᠋ᠢᠳᠦᠭᠰᠡᠨ ᠰᠣᠷ ᠬᠠᠷᠪᠣᠯᠭ᠎ᠠ ᠶᠢᠨ ᠮᠡᠷᠭᠡᠰᠢᠯ ᠨᠠᠷᠮᠠᠢ ᠮᠣᠩᠭᠤᠯᠴᠣᠳ ᠤᠨ ᠲᠣᠮᠳᠠ ᠠᠯᠳᠠᠷᠰᠢᠵᠣ ᠬᠠᠰᠠᠷ ᠤᠨ ᠬᠤᠶᠢᠴᠢᠰ ᠪᠠᠰᠠ ᠲᠡᠭᠦᠨ ᠢ ᠵᠠᠯᠭᠠᠮᠵᠢᠯᠠᠵᠣ ᠪᠠᠳᠠᠷᠠᠭᠤᠯᠣᠭᠰᠠ ᠠᠴᠠ᠂ ᠶᠣᠸᠠᠨ ᠣᠯᠣᠰ ᠨᠣᠷᠠᠵᠣ ᠮᠣᠩᠭᠤᠯ ᠤᠨ ᠦᠨᠳᠦᠷᠯᠢᠭ ᠲᠡᠭᠡᠷ᠎ᠡ ᠰᠢᠨ᠎ᠡ ᠣᠯᠣᠰ ᠲᠦᠷᠦ ᠶᠢᠨ ᠬᠦᠴᠦᠨ ᠤ ᠲᠦᠮᠡᠨ ᠪᠣᠶᠣ ᠣᠯᠣᠰ ᠪᠣᠢ ᠪᠣᠯᠵᠣ ᠪᠦᠷᠢᠯᠳᠣᠬᠦ ᠦᠶ᠎ᠡ ᠳᠤ᠂ ᠬᠤᠷᠴᠢᠨ ᠨᠣᠶᠠᠳ ᠤᠨ ᠬᠠᠮᠳᠣ ᠶᠢᠨ ᠲᠡᠭᠡᠳᠣᠰ ᠪᠣᠯᠬᠤ ᠬᠠᠪᠣᠳᠣ ᠬᠠᠰᠠᠷ ᠤᠨ ︽ᠬᠤᠷᠴᠢᠨ︾ ᠬᠡᠬᠦ ᠴᠣᠯᠠ ᠨᠢ ᠬᠠᠰᠠᠷ ᠤᠨ ᠬᠤᠶᠢᠴᠢᠰ ᠨᠣᠶᠠᠯᠬᠠᠰᠠᠨ ᠠᠶᠢᠮᠠᠭ ᠢᠷᠭᠡᠳ ᠤᠨ ᠢᠷᠠᠭᠤ ᠠᠯᠳᠠᠷ ᠪᠠ ᠨᠡᠶᠢᠳᠡ ᠶᠢᠨ ᠨᠡᠷᠡᠶᠢᠳᠣᠯᠭᠡ ᠪᠣᠯᠵᠣ ᠮᠣᠩᠭᠤᠯᠴᠣᠳ ᠤᠨ ᠲᠣᠮᠳᠠ ᠠᠯᠳᠠᠷᠰᠢᠠᠨᠰᠠᠨ ᠪᠠᠶᠢᠨ᠎ᠠ ᠬᠡᠵᠣ ᠲᠠᠶᠢᠯᠪᠣᠷᠢᠯᠠᠨ ᠶᠠᠷᠢᠨ᠎ᠠ᠃    ᠬᠤᠷᠴᠢᠨ ᠠᠶᠢᠮᠠᠭ ᠤᠨ ᠢᠵᠠᠭᠤᠷ ᠤᠨ ᠲᠣᠯᠭᠤᠷ ᠡᠪᠦᠭᠡ ᠪᠣᠯ ᠬᠠᠪᠣᠳᠣ ᠬᠠᠰᠠᠷ ᠶᠤᠮ᠃ ᠬᠠᠪᠣᠳᠣ ᠬᠠᠰᠠᠷ 1164 ᠣᠨ ᠳᠤ ᠣᠨᠣᠨ ᠮᠦᠷᠡᠨ ᠤ ᠲᠡᠯᠢᠭᠦᠨ ᠪᠣᠯᠳᠠᠭ ᠲᠤ ᠶᠢᠰᠣᠭᠡᠢ ᠪᠠᠭᠠᠳᠣᠷ ᠤᠨ ᠬᠤᠶᠠᠳᠣᠭᠠᠷ ᠬᠦᠣ ᠪᠣᠯᠣᠨ ᠮᠡᠨᠳᠣᠯᠡᠵᠣ᠂ ᠴᠢᠩᠭᠢᠰ ᠬᠠᠭᠠᠨ ᠤ ᠲᠡᠭᠦᠤ ᠪᠣᠯᠣᠨ ᠵᠠᠶᠠᠭᠠᠵᠠᠢ᠃    ᠬᠠᠰᠠᠷ ᠤᠨ ᠦᠮᠴᠢ ᠢᠷᠭᠡᠨ ᠤ ᠣᠣᠭᠠᠯ ᠨᠣᠳᠤᠭ ᠨᠢ ᠮᠣᠩᠭᠤᠯ ᠤᠨ ᠦᠨᠳᠦᠷᠯᠢᠭ ᠤᠨ ᠵᠡᠭᠦᠨ ᠬᠤᠶᠢᠳᠣᠬᠢ ᠡᠷᠭᠦᠨ᠎ᠠ ᠭᠤᠣᠯ᠂ ᠬᠦᠯᠤᠨ ᠨᠠᠭᠤᠷ᠂ ᠬᠠᠶᠢᠯᠠᠷ ᠭᠤᠣᠯ ᠲᠠᠭᠠᠣ ᠣᠷᠣᠨ ᠪᠣᠯᠣᠨ᠎ᠠ᠃ 15 ᠳ᠋ᠤᠭᠠᠷ ᠵᠠᠭᠤᠨ ᠤ ᠲᠡᠷᠢᠭᠦᠨ ᠬᠠᠭᠠᠰ ᠲᠤ ︵1432 — — 1433︶ ᠠᠳᠠᠢ ᠬᠠᠭᠠᠨ ᠤ ᠲᠠᠭᠠᠭᠤᠯᠭ᠎ᠠ ᠪᠠᠷ ᠬᠦᠯᠤᠨ ᠪᠤᠶᠢᠷ ᠤᠨ ᠨᠣᠳᠤᠭ ᠠᠴᠠ ᠠᠩᠬ᠎ᠠ ᠣᠳᠠᠭ᠎ᠠ ᠨᠣᠨ ᠮᠦᠷᠡᠨ ᠤ ᠣᠷᠣᠰᠬᠠᠯ ᠲᠠᠭᠠᠤ ᠣᠷᠣᠨ ᠢᠶᠠᠷ ᠨᠡᠭᠦᠳᠡᠯᠯᠡᠨ ᠰᠠᠭᠤᠷᠢᠰᠢᠵᠣ᠂ ᠨᠣᠨ ᠬᠤᠷᠴᠢᠨ ᠬᠡᠬᠦ ᠨᠡᠷᠡᠶᠢᠳᠣᠯ ᠠᠩᠬ᠎ᠠ ᠪᠣᠢ ᠪᠣᠯᠵᠠᠢ᠃ 1438 — — 1469 ᠣᠨ ᠤ ᠬᠤᠭᠤᠷᠣᠨᠳᠣ ᠬᠤᠷᠴᠢᠨ ᠠᠶᠢᠮᠠᠭ ᠤᠨ ᠰᠢᠭᠦᠰᠣᠳᠠᠢ ᠪᠠᠭᠠᠳᠣᠷ ᠬᠢᠭᠡᠳ ᠪᠣᠯᠣᠨᠢ ᠸᠠᠩ ᠣᠷᠢᠳ ᠬᠤᠵᠢᠳ ᠬᠤᠶᠠᠷ ᠣᠳᠠᠭ᠎ᠠ ᠨᠣᠨ ᠮᠦᠷᠡᠨ ᠤ ᠣᠷᠣᠰᠬᠠᠯ ᠲᠠᠭᠠᠤ ᠨᠡᠭᠦᠳᠡᠯᠯᠡᠨ ᠰᠠᠭᠤᠷᠢᠰᠢᠪᠠ᠃ ᠪᠣᠯᠣᠨᠢ ᠸᠠᠩ ᠤᠨ ᠬᠤᠶᠠᠳᠣᠭᠠᠷ ᠬᠦᠪᠡᠭᠦᠨ ᠲᠦᠮᠠᠢ ᠵᠠᠶᠠᠭᠠᠴᠢ ᠶᠢᠨ ᠠᠬᠠᠮᠠᠳ ᠬᠦᠣ ᠭᠦᠢᠮᠦᠩᠬᠡ ᠲᠠᠰᠬᠠᠷ᠎ᠠ ᠨᠣᠨ ᠮᠦᠷᠡᠨ ᠤ ᠣᠷᠣᠰᠬᠠᠯ ᠲᠠᠭᠤ ᠣᠷᠣᠨ ᠢ ᠡᠵᠡᠯᠡᠨ ᠨᠣᠨ ᠬᠤᠷᠴᠢᠨ ᠠᠶᠢᠮᠠᠭ ᠪᠦᠷᠢᠯᠳᠣᠵᠡᠢ᠃ ᠭᠦᠢᠮᠦᠩᠬᠡ ᠲᠠᠰᠬᠠᠷ᠎ᠠ ᠶᠢᠨ ᠦᠶ᠎ᠡ ︵1522 — — 1567︶ ᠳᠤ ᠨᠣᠨ ᠬᠤᠷᠴᠢᠨ ᠠᠶᠢᠮᠠᠭ ᠲᠦᠯᠤᠪᠰᠢᠷᠡᠨ ᠲᠣᠠᠨᠳᠠᠪᠠ᠃ 16 ᠳ᠋ᠤᠭᠠᠷ ᠵᠠᠭᠤᠨ ᠤ ᠲᠣᠮᠳᠠᠴᠢ ᠦᠶ᠎ᠡ ᠪᠠᠷ ᠭᠦᠢᠮᠦᠩᠬᠡ ᠲᠠᠰᠬᠠᠷ᠎ᠠ ᠬᠤᠷᠴᠢᠨ ᠠᠶᠢᠮᠠᠭ ᠢᠶᠠᠨ ᠲᠠᠭᠠᠭᠤᠯᠵᠣ᠂ ᠨᠣᠨ ᠮᠦᠷᠡᠨ ᠤ ᠣᠷᠣᠰᠬᠠᠯ ᠲᠠᠭᠠᠤ ᠣᠷᠣᠨ ᠠᠴᠠ ᠡᠮᠣᠨᠡᠰᠢ ᠨᠡᠭᠦᠳᠠᠯᠯᠡᠵᠣ᠂ ᠮᠢᠩ ᠣᠯᠣᠰ ᠤᠨ ᠯᠢᠶᠣᠣ ᠳ᠋ᠦᠩ ᠤᠨ ᠬᠢᠯᠢ ᠬᠢᠵᠠᠭᠠᠷ᠂ ᠰᠢᠷᠠᠮᠦ᠋ᠷᠡᠨ ᠤ ᠲᠡᠭᠡᠳᠣ ᠣᠷᠣᠰᠬᠠᠯ ᠲᠠᠭᠠᠣ ᠣᠷᠣᠨ ᠳᠤ ᠰᠠᠭᠤᠷᠢᠰᠢᠵᠠᠢ᠃ ᠰᠡᠭᠦᠯ ᠳᠤ ᠨᠣᠨ ᠬᠤᠷᠴᠢᠨ ᠤ ᠡᠮᠣᠨ᠎ᠡ ᠬᠡᠰᠡᠭ ᠤᠨ ᠨᠠᠮᠣᠰᠢ ᠨᠣᠶᠠᠨ ᠤ ᠬᠦᠪᠡᠭᠦᠨ ᠡᠮᠣᠨᠡᠰᠢᠯᠡᠵᠣ᠂ ᠬᠤᠷᠴᠢᠨ ᠵᠡᠭᠦᠨ ᠭᠠᠷᠣᠨ ᠭᠤᠷᠪᠠᠨ ᠬᠤᠰᠢᠭᠤ ᠶᠢᠨ ᠭᠠᠵᠠᠷ ᠢ ᠡᠵᠡᠯᠡᠨ ᠰᠠᠭᠤᠷᠢᠰᠢᠭᠠᠳ᠂ ᠴᠢᠩ ᠣᠯᠣᠰ ᠤᠨ ᠦᠶ᠎ᠡ ᠳᠠᠬᠢ ᠵᠢᠷᠢᠮ ᠤᠨ ᠴᠢᠭᠤᠯᠭᠠᠨ ᠤ ᠨᠣᠨ ᠠᠷᠪᠠᠨ ᠬᠤᠰᠢᠭᠤ ᠶᠢᠨ ᠭᠠᠵᠠᠷ ᠵᠦᠢ ᠶᠢᠨ ᠪᠠᠶᠢᠷᠢᠰᠢᠯ ᠲᠣᠠᠨᠳᠠᠪᠠ᠃ ᠨᠣᠨ ᠠᠷᠪᠠᠨ ᠬᠤᠰᠢᠭᠤ ᠳᠤ ᠲᠦᠰᠢᠶᠡᠳᠣ ᠬᠤᠰᠢᠭᠤ᠂ ᠲᠠᠷᠬᠠᠨ ᠬᠤᠰᠢᠭᠤ᠂ ᠵᠠᠰᠬᠠᠳᠣ ᠬᠤᠰᠢᠭᠤ᠂ ᠪᠢᠩᠳᠣ ᠬᠤᠰᠢᠭᠤ᠂ ᠪᠦᠸᠧ ᠸᠠᠩ ᠬᠤᠰᠢᠭᠤ᠂ ᠭᠦᠩ ᠤᠨ ᠬᠤᠰᠢᠭᠤ᠂ ᠵᠠᠯᠠᠶᠢᠳ ᠬᠤᠰᠢᠭᠤ᠂ ᠲᠦᠷᠪᠡᠳ ᠬᠤᠰᠢᠭᠤ᠂ ᠭᠤᠷᠯᠣᠰ ᠤᠨ ᠡᠮᠣᠨᠡᠳᠣ ᠬᠤᠰᠢᠭᠤ᠂ ᠭᠤᠷᠯᠣᠰ ᠤᠨ ᠬᠤᠶᠢᠳᠣ ᠬᠤᠰᠢᠭᠤ ᠪᠠᠭᠳᠠᠵᠣ ᠪᠣᠢ᠃ ᠨᠣᠨ ᠠᠷᠪᠠᠨ ᠬᠤᠰᠢᠭᠤ ᠶᠢᠨ ᠨᠣᠳᠤᠭ ᠢ ᠵᠠᠩᠰᠢᠯ ᠢᠶᠠᠷ ︽ᠬᠤᠷᠴᠢᠨ ᠨᠣᠳᠤᠭ︾ ᠬᠡᠮᠡᠵᠣ᠂ ᠬᠤᠷᠴᠢᠨ ᠬᠡᠬᠦ ᠠᠶᠢᠮᠠᠭ ᠤᠨ ᠨᠡᠷᠡᠶᠢᠳᠣᠯ᠂ ᠭᠠᠵᠠᠷ ᠣᠷᠣᠨ ᠤ ᠨᠡᠷᠡᠶᠢᠳᠣᠯ ᠪᠣᠯᠵᠣ᠂ ᠬᠤᠶᠠᠳᠠᠮᠠᠯ ᠣᠳᠬ᠎ᠠ ᠲᠠᠢ ᠪᠣᠯᠣᠨ ᠬᠤᠪᠢᠷᠠᠪᠠ᠃ ᠡᠳᠣᠭᠡ ᠬᠤᠷᠴᠢᠨ ᠨᠣᠳᠤᠭ ᠲᠤ ᠵᠢᠷᠢᠮ ᠠᠶᠢᠮᠠᠭ᠂ ᠬᠢᠩᠭᠠᠨ ᠠᠶᠢᠮᠠᠭ ᠤᠨ ᠡᠯ᠎ᠡ ᠬᠤᠰᠢᠭᠤ᠂ ᠰᠢᠶᠠᠨ᠂ ᠬᠤᠳᠠ ᠶᠢ ᠪᠠᠭᠳᠠᠭᠠᠨ ᠦᠵᠡᠵᠣ ᠪᠣᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号