ᠮᠤᠩᠭᠤᠯᠴᠣᠳ ᠤᠨ ᠪᠦᠰᠡ ᠶᠢᠨ ᠰᠤᠶᠤᠯ ᠤᠨ ᠪᠡᠯᠭᠡᠳᠡᠯ ᠰᠢᠨᠵᠢ
ᠨᠡᠶᠢᠲᠡᠯᠡᠭᠰᠡᠨ ᠴᠠᠭ᠄
2019/4/11
     ᠪᠦᠰᠡ ᠪᠣᠯ ᠮᠤᠩᠭᠤᠯᠴᠣᠳ ᠤᠨ ᠡᠷᠳᠡ ᠲᠡᠭᠡᠲᠦ ᠠᠴᠠ ᠡᠷᠬᠢᠮᠨᠡᠵᠦ ᠢᠷᠡᠭᠰᠡᠨ ᠬᠤᠪᠴᠠᠰᠦ ᠡᠳ᠋ᠯᠡᠯ ᠤᠨ ᠴᠢᠬᠤᠯᠠ ᠪᠦᠷᠢᠯᠳᠦᠭᠦᠨ ᠮᠦᠨ᠃ ᠪᠦᠰᠡ ᠨᠢ ᠠᠯᠢᠪᠠ ᠵᠠᠳᠠᠭᠠᠢ ᠲᠠᠷᠠᠬᠠᠢ ᠶᠢ ᠪᠠᠬᠢᠯᠡᠨ ᠪᠠᠳᠣᠵᠢᠭᠤᠯᠵᠤ᠂ ᠰᠠᠯᠤᠬᠰᠠᠨ ᠰᠠᠷᠨᠢᠬᠰᠠᠨ ᠢ ᠡᠪᠯᠡᠬᠦᠯᠵᠦ᠂ ᠪᠦᠲᠦᠭᠡᠭᠦ ᠤᠳᠬ᠎ᠠ ᠲᠠᠢ ᠪᠠᠶᠢᠳᠠᠭ ᠪᠣᠯᠬᠤᠷ᠂ ᠮᠤᠩᠭᠤᠯᠴᠣᠳ ︽ᠪᠦᠲᠦᠬᠦ ᠲᠥᠷᠥ ᠶᠢᠨ ᠪᠦᠰᠡ︾ ᠭᠡᠮᠡᠨ ᠡᠷᠬᠢᠮᠨᠡᠳᠡᠭ᠃ ᠮᠤᠩᠭᠤᠯᠴᠣᠳ ᠪᠦᠯᠭᠦᠮᠳᠡᠯ ᠨᠢᠬᠳᠠᠷᠠᠯ ᠢᠶᠠᠨ ᠪᠦᠰᠡ ᠪᠠᠷ ᠢᠯᠡᠳᠭᠡᠨ᠂ ᠡᠷᠬᠡ ᠰᠦᠷ ᠢ ᠪᠦᠰᠡ ᠪᠠᠷ ᠪᠡᠯᠭᠡᠳᠡᠨ᠂ ᠢᠲᠡᠭᠡᠯ ᠪᠢᠰᠢᠷᠡᠯ ᠢᠶᠠᠨ ᠪᠦᠰᠡ ᠪᠠᠷ ᠢᠯᠡᠷᠡᠬᠦᠯᠵᠦ ᠪᠠᠶᠢᠵᠡᠢ᠃ ᠡᠶᠢᠨ ᠬᠦ ᠪᠦᠰᠡ ᠨᠢ ᠮᠤᠩᠭᠤᠯᠴᠣᠳ ᠤᠨ ᠪᠦᠯᠬᠦᠮᠳᠡᠯ ᠨᠢᠬᠳᠠᠷᠠᠯ᠂ ᠡᠷᠬᠡ ᠰᠦᠷ ᠢ ᠪᠡᠯᠭᠡᠰᠢᠶᠡᠵᠦ ᠨᠡᠭᠦᠳᠡᠯ ᠰᠣᠶᠣᠯ ᠤᠨ ᠴᠢᠬᠤᠯᠠ ᠪᠦᠷᠢᠯᠳᠦᠭᠦᠨ ᠪᠣᠯᠵᠤ᠂ ᠮᠤᠩᠭᠤᠯᠴᠣᠳ ᠤᠨ ᠨᠡᠶᠢᠬᠡᠮ ᠤᠨ ᠠᠮᠢᠳᠣᠷᠠᠯ ᠤᠨ ᠲᠤᠮᠳᠠᠬᠢ ᠪᠤᠳᠠᠰ ᠤᠨ ᠬᠡᠷᠡᠭᠴᠡᠭᠡᠨ ᠤ ᠦᠢᠯᠡᠳᠦᠯ ᠪᠤᠶᠤ ᠪᠤᠳᠠᠰ ᠤᠨ ᠰᠤᠶᠤᠯ ᠠᠴᠠ ᠪᠠᠨ ᠪᠡᠯᠭᠡᠳᠡᠯ ᠤᠳᠬ᠎ᠠ ᠰᠢᠩᠭᠡᠭᠡᠭᠰᠡᠨ ᠣᠶᠣᠨ ᠤ ᠰᠤᠶᠤᠯ ᠪᠣᠯᠵᠤ ᠬᠦᠭᠵᠢᠭᠰᠡᠨ ᠪᠠᠶᠢᠨ᠎ᠠ᠃ ᠮᠤᠩᠭᠤᠯᠴᠣᠳ ᠤᠨ ᠪᠦᠰᠡ ᠶᠢᠨ ᠪᠡᠯᠭᠡᠳᠡᠯ ᠶᠣᠰᠣᠨ ᠳᠤ ᠪᠦᠰᠡ ᠶᠢ ᠲᠡᠭᠡᠳᠦᠯᠡᠵᠦ ᠡᠷᠭᠦᠬᠦ ᠶᠣᠰᠦ ᠪᠠᠶᠢᠳᠠᠭ᠃ ᠲᠡᠮᠦᠵᠢᠨ ᠬᠠᠭᠠᠨ ᠰᠠᠭᠤᠬᠤ ᠠᠴᠠ ᠡᠮᠣᠨ᠎ᠡ ᠭᠤᠷᠪᠠᠨ ᠮᠡᠷᠬᠢᠳ ᠤᠨ ᠲᠤᠪᠳᠣᠯᠣᠯ ᠳᠤ ᠤᠴᠠᠷᠠᠵᠦ ᠪᠤᠷᠬᠠᠨ ᠬᠠᠯᠳᠣᠨ ᠠᠭᠤᠯᠠᠨ᠎ᠠ ᠰᠢᠷᠭᠤᠵᠦ ᠠᠮᠢ ᠮᠡᠨᠳᠦ ᠭᠠᠷᠣᠬᠰᠠᠨ ᠳᠠᠭᠠᠨ᠂ ᠪᠦᠰᠡ ᠪᠠᠨ ᠬᠦᠵᠦᠭᠦᠨ ᠳᠡᠭᠡᠨ ᠡᠷᠢᠭᠡᠯᠡᠵᠦ᠂ ᠪᠤᠷᠬᠠᠨ ᠬᠠᠯᠳᠣᠨ ᠠᠭᠤᠯᠠᠨ ᠳᠤ ᠶᠢᠰᠦᠨᠳᠡ ᠮᠦᠷᠭᠦᠭᠰᠡᠨ ᠨᠢ ᠠᠭᠤᠯᠠ ᠬᠠᠶᠢᠷᠬᠠᠨ ᠤ ᠪᠠᠨ ᠨᠠᠪᠳᠠᠭ ᠰᠠᠪᠳᠠᠭ ᠤᠨ ᠰᠠᠶᠢᠨ ᠢᠶᠠᠷ ᠠᠮᠢᠨ ᠮᠠᠨᠳᠦ ᠭᠠᠷᠣᠬᠰᠠᠨ ᠭᠡᠵᠦ ᠦᠵᠡᠭᠡᠳ ᠡᠷ᠎ᠡ ᠬᠦᠮᠦᠨ ᠤ ᠡᠷᠬᠡ ᠰᠦᠷ᠂ ᠬᠡᠢ ᠮᠣᠷᠢ ᠶᠢᠨ ᠪᠡᠯᠭᠡᠳᠡᠯ ᠪᠤᠯᠤᠬᠰᠠᠨ ᠪᠦᠰᠡ ᠪᠠᠨ ᠲᠡᠭᠡᠳᠦᠯᠡᠨ ᠡᠷᠭᠦᠵᠦ ᠰᠦᠰᠦᠭᠯᠡᠨ ᠲᠡᠪᠬᠡᠶᠢᠵᠦ ᠪᠢᠰᠢᠷᠡᠨ ᠰᠢᠳᠦᠵᠦ ᠪᠠᠶᠢᠬᠤ ᠰᠡᠳᠬᠢᠯᠭᠡ ᠪᠠᠨ ᠢᠯᠡᠳᠭᠡᠭᠰᠡᠨ ᠶᠤᠮ᠃ ᠪᠠᠰᠠ ᠦᠭᠡᠳᠡᠢ ᠶᠢ ᠬᠠᠭᠠᠨ ᠢᠶᠠᠷ ᠰᠤᠩᠭᠤᠬᠤ ᠶᠡᠭᠡ ᠬᠤᠷᠠᠯᠳᠠᠢ ᠲᠡᠭᠡᠷ᠎ᠡ ᠲᠤᠯᠤᠢ ︽ᠬᠤᠨᠳᠠᠭ᠎ᠠ ᠡᠷᠭᠦᠨ ᠪᠠᠷᠢᠬᠤ ᠳᠤ ᠣᠷᠳᠣᠨ ᠤ ᠲᠣᠳᠤᠨ᠎ᠠ ᠭᠠᠳᠠᠨ᠎ᠠ ᠬᠢ ᠬᠦᠮᠦᠰ ᠴᠦᠮ᠎ᠡ ᠮᠠᠯᠠᠭᠠᠢ ᠪᠠᠨ ᠠᠪᠴᠦ᠂ ᠪᠦᠰᠡ ᠪᠠᠨ ᠲᠡᠶᠢᠯᠦᠨ ᠬᠦᠵᠦᠭᠦᠨ ᠳᠡᠭᠡᠨ ᠡᠷᠢᠭᠡᠯᠡᠵᠦ᠂ ᠶᠢᠰᠦᠨᠳᠡ ᠮᠦᠷᠭᠦᠨ ᠪᠠᠶᠠᠷ ᠬᠦᠷᠭᠡᠵᠦ᠂ ᠬᠠᠭᠠᠨ ᠤ ᠶᠡᠭᠡ ᠴᠣᠯᠠ ᠶᠢ ᠲᠡᠪᠰᠢᠭᠦᠯᠦᠨ ᠡᠷᠭᠦᠮᠵᠢᠯᠡᠪᠡ︾᠃ ᠡᠭᠦᠨ ᠠᠴᠠ ᠦᠵᠡᠪᠡᠯ ᠮᠤᠩᠭᠤᠯᠴᠣᠳ ᠠᠯᠢ ᠡᠷᠲᠡ ᠠᠴᠠ ᠪᠦᠰᠡ ᠪᠠᠨ ᠬᠦᠵᠦᠭᠦᠨ ᠳᠡᠭᠡᠨ ᠡᠷᠢᠭᠡᠯᠡᠨ᠂ ᠬᠦᠨᠲᠦ ᠶᠡᠭᠡ ᠶᠤᠰᠤᠯᠠᠯ ᠳᠤ ᠶᠢᠰᠦᠨᠳᠡ ᠮᠦᠷᠭᠦᠨ᠂ ᠢᠲᠡᠭᠡᠯ ᠪᠢᠰᠢᠷᠡᠯ᠂ ᠰᠦᠰᠦᠭ ᠢᠶᠠᠨ ᠪᠡᠶᠡᠯᠡᠬᠦᠯᠵᠦ ᠪᠠᠶᠢᠵᠡᠢ᠃     ᠮᠤᠩᠭᠤᠯᠴᠣᠳ ᠬᠤᠪᠴᠠᠰᠦ ᠵᠠᠰᠠᠯ ᠤᠨ ᠲᠣᠳᠣᠷ᠎ᠠ ᠠᠴᠠ ᠮᠠᠯᠠᠭᠠᠢ ᠪᠦᠰᠡ ᠶᠢ ᠤᠨᠴᠠᠯᠠᠨ ᠡᠷᠬᠢᠮᠨᠡᠵᠦ᠂ ᠡᠷ᠎ᠡ ᠬᠦᠮᠦᠨ ᠤ ᠰᠦᠨᠡᠰᠦ ᠨᠢ ᠪᠦᠰᠡ ᠳᠤᠨᠢ ᠣᠷᠣᠰᠢᠳᠠᠭ ᠭᠡᠵᠦ ᠦᠵᠡᠳᠡᠭ᠃ ᠤᠴᠢᠷ ᠨᠢ ᠮᠤᠩᠭᠤᠯᠴᠣᠳ ᠪᠦᠰᠡ ᠪᠣᠯ ︽ᠬᠦᠮᠦᠨ ᠤ ᠪᠡᠶ᠎ᠡ ᠰᠦᠨᠡᠰᠦ᠂ ᠠᠮᠢ ᠭᠤᠣᠯ ᠣᠷᠣᠰᠢᠬᠴᠢ︾ ᠭᠡᠳᠡᠭ᠃ ᠲᠡᠭᠡᠭᠦᠯᠡᠷ ᠮᠠᠯᠠᠭᠠᠢ ᠪᠦᠰᠡ ᠶᠢ ᠡᠷ᠎ᠡ ᠬᠦᠮᠦᠨ ᠤ ᠡᠷᠬᠡ ᠰᠦᠷ ᠲᠠᠢ ᠬᠤᠯᠪᠤᠨ ᠡᠷ᠎ᠡ ᠬᠦᠮᠦᠨ ᠤ ᠡᠷ᠎ᠡ ᠵᠣᠷᠢᠭ᠂ ᠴᠤᠭ ᠵᠢᠪᠬᠤᠭ᠎ᠠ ᠶᠢ ᠨᠢ ᠲᠠᠷᠣᠩᠭᠤᠶᠢᠯᠠᠬᠤ ᠳᠤ ᠪᠦᠰᠡ ᠶᠢ ᠨᠢ ᠲᠠᠶᠢᠯᠬᠤ᠂ ᠪᠣᠯᠢᠶᠠᠬᠤ ᠬᠡᠯᠪᠡᠷᠢ ᠪᠠᠷ ᠶᠠᠪᠤᠬᠳᠠᠭᠤᠯᠵᠤ ᠪᠠᠶᠢᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号