ᠬᠤᠪᠢᠯᠠᠢ ᠰᠡᠴᠡᠨ ᠬᠠᠭᠠᠨ
ᠨᠡᠶᠢᠲᠡᠯᠡᠭᠰᠡᠨ ᠴᠠᠭ᠄
2019-08-23
ᠬᠤᠪᠢᠯᠠᠢ ᠰᠡᠴᠡᠨ ᠬᠠᠭᠠᠨ ︵1215—1294︶
ᠶᠡᠭᠡ ᠮᠤᠩᠭᠤᠯ ᠤᠯᠤᠰ ᠤᠨ ᠲᠠᠪᠤᠳᠤᠭᠠᠷ ᠶᠡᠭᠡ ᠬᠠᠭᠠᠨ᠂ ᠶᠤᠸᠠᠨ ᠤᠯᠤᠰ ᠢ ᠴᠤᠭᠴᠠᠯᠠᠭᠴᠢ ᠲᠤᠯᠭᠤᠷ ᠬᠠᠭᠠᠨ᠂ ᠶᠡᠭᠡ ᠮᠤᠩᠭᠤᠯ ᠤᠯᠤᠰ ᠤᠨ ᠡᠴᠦᠰ ᠤᠨ ᠬᠠᠭᠠᠨ᠂ ᠮᠤᠩᠭᠤᠯ ᠦᠨᠳᠦᠰᠦᠲᠡᠨ᠂ ᠳᠡᠯᠡᠭᠡᠢ ᠳᠤ ᠠᠯᠳᠠᠷ ᠲᠠᠢ ᠠᠭᠤᠤ ᠶᠡᠭᠡ ᠤᠯᠤᠰ ᠲᠦᠷᠦᠴᠢ᠂ ᠪᠤᠲᠤᠯᠭᠠᠲᠡᠨ᠂ ᠴᠡᠷᠢᠭ ᠤᠨ ᠤᠬᠠᠭᠠᠨᠲᠡᠨ᠂ ᠴᠡᠷᠢᠭ ᠳᠠᠶᠢᠨᠴᠢ᠂ ᠰᠢᠯᠦᠭᠴᠢ᠃ ᠬᠢᠶᠠᠨ ᠶᠠᠰᠤᠲᠤ ᠮᠤᠩᠭᠤᠯ ᠠᠶᠢᠮᠠᠭ ᠤᠨ ᠪᠤᠷᠵᠢᠬᠢᠨ ᠤᠪᠤᠭᠲᠡᠨ᠂ ᠲᠦᠷᠦ ᠲᠤᠰᠠᠯᠠᠭᠴᠢ ᠶᠡᠭᠡ ᠨᠤᠶᠠᠨ ᠰᠤᠳᠤ ᠬᠠᠭᠠᠨ ᠲᠤᠯᠤᠢ ᠶᠢᠨ ᠳᠦᠷᠪᠡᠳᠦᠭᠡᠷ ᠬᠦᠪᠡᠭᠦᠨ᠂ ᠲᠦᠪ ᠠᠷᠢᠭᠤᠨ ᠳᠡᠭᠡᠲᠤ ᠬᠠᠲᠤᠨ ᠬᠡᠷᠡᠶᠢᠳ ᠤᠪᠤᠭᠲᠡᠨ ᠰᠤᠷᠬᠠᠭᠳᠠᠨᠢ  ᠶᠢᠨ ᠬᠤᠶᠠᠳᠤᠭᠠᠷ ᠬᠦᠪᠡᠭᠦᠨ᠂ 1215 ᠤᠨ ᠤ 9 ᠰᠠᠷ᠎ᠠ ᠶᠢᠨ 23 ᠤ ᠡᠳᠦᠷ ᠮᠡᠨᠳᠦᠯᠡᠵᠡᠢ᠃ ᠴᠡᠭᠡᠷᠯᠡᠭᠦᠢ ᠨᠡᠷ᠎ᠡ  ᠨᠢ ᠬᠤᠪᠢᠯᠠᠢ᠂ ᠡᠷᠭᠦᠮᠵᠢ ᠠᠯᠳᠠᠷ ᠨᠢ ᠬᠤᠪᠢᠯᠠᠢ ᠰᠡᠴᠡᠨ ᠬᠠᠭᠠᠨ᠂ ᠨᠡᠭᠡᠮᠵᠢ ᠠᠯᠳᠠᠷ ᠨᠢ ᠪᠤᠭᠳᠡ ᠡᠷᠳᠡᠮᠲᠤ ᠭᠠᠶᠢᠬᠠᠮᠰᠢᠭ ᠭᠠᠪᠢᠶᠠᠲᠤ ᠪᠢᠴᠢᠭ ᠴᠡᠷᠢᠭ ᠤᠨ ᠪᠢᠯᠢᠭ ᠲᠡᠭᠦᠰ ᠬᠠᠭᠠᠨ᠂ ᠰᠦᠮ᠎ᠡ ᠶᠢᠨ ᠠᠯᠳᠠᠷ ᠨᠢ ᠰᠤᠷᠪᠤᠯᠵᠢᠲᠤ ᠤᠷᠢᠳᠤᠰ᠃ ᠬᠤᠪᠢᠯᠠᠢ ᠤᠷᠳᠤᠨ ᠳᠤ ᠪᠠᠨ ᠨᠤᠶᠠᠨ ᠪᠠᠶᠢᠬᠤ ᠳᠤ ᠪᠠᠨ ︽ᠳᠡᠯᠡᠭᠡᠢ ᠳ᠋ᠠᠬᠢᠨ ᠢ ᠵᠠᠰᠠᠬᠤ ᠶᠢ ᠰᠡᠳᠬᠢᠵᠤ ︾ ᠬᠢᠲᠡᠳ ᠰᠤᠶᠤᠯ ᠢ ᠬᠠᠯᠠᠭᠤᠨ ᠢᠶᠠᠷ ᠰᠤᠷᠤᠯᠴᠠᠨ ᠬᠢᠲᠡᠳ ᠡᠷᠲᠡᠮᠲᠡᠳ ᠢ ᠴᠤᠭᠯᠠᠭᠤᠯᠤᠨ ᠪᠢᠴᠢᠭ ᠤᠨ ᠰᠤᠷᠭᠠᠯ  ᠤᠨ ᠲᠦᠷᠦ ᠵᠠᠰᠠᠬᠤ ᠶᠤᠰᠤᠨ ᠢ ᠠᠰᠠᠭᠤᠨ ᠰᠤᠷᠤᠯᠴᠠᠪᠠ᠃ 1251 ᠤᠨ ᠳᠤ ᠮᠥᠩᠭᠡ ᠬᠠᠭᠠᠨ ᠬᠤᠪᠢᠯᠠᠢ ᠶᠢ ᠲᠤᠮᠢᠯᠠᠨ ᠭᠤᠪᠢ ᠶᠢᠨ ᠡᠮᠦᠨᠠᠲᠤ ᠶᠢᠨ ᠬᠢᠲᠠᠳ ᠭᠠᠵᠠᠷ ᠤᠨ ᠴᠡᠷᠢᠭ ᠵᠠᠰᠠᠭ ᠤᠨ ᠶᠠᠪᠤᠳᠠᠯ ᠢ ᠶᠡᠷᠦᠩᠭᠡᠶᠢᠯᠡᠨ ᠬᠠᠮᠢᠶᠠᠷᠤᠭᠤᠯᠵᠤ ᠵᠠᠬᠤᠳ ᠤᠨ ᠭᠠᠵᠠᠷ ᠲᠤ ᠰᠠᠭᠤᠯᠭᠠᠪᠠ᠃ 1253 ᠤᠨ ᠳᠤ ᠬᠤᠪᠢᠯᠠᠢ ᠡᠷᠭᠦᠮᠵᠢᠯᠡᠯ ᠤᠨ ᠭᠠᠵᠠᠷ ᠵᠢᠩᠵᠤᠤ ᠳᠤ ᠪᠠᠨ ᠪᠢᠴᠢᠭ ᠤᠨ ᠲᠦᠰᠢᠮᠡᠳ ᠢ ᠬᠡᠷᠡᠭᠯᠡᠨ ᠲᠠᠷᠢᠶᠠᠯᠠᠩ ᠦᠢᠯᠡᠳᠪᠤᠷᠢᠯᠡᠯ ᠢ ᠰᠡᠷᠭᠦᠭᠡᠨ ᠬᠦᠭᠵᠢᠭᠦᠯᠵᠤ ᠰᠤᠷᠭᠠᠭᠤᠯᠢ ᠪᠠᠶᠢᠭᠤᠯᠤᠨ ᠰᠤᠶᠤᠯ ᠤᠨ ᠦᠢᠯᠡᠰ ᠢ ᠳᠡᠯᠭᠡᠷᠡᠭᠦᠯᠦᠨ ᠢᠯᠡᠷᠭᠡᠢ ᠠᠮᠵᠢᠯᠲᠠ ᠭᠠᠷᠭᠠᠨ ᠬᠢᠲᠡᠳ ᠮᠡᠷᠭᠡᠳ  ᠤᠨ ᠬᠦᠷᠢᠶᠠᠯᠠᠯ ᠢ ᠤᠯᠵᠤ ᠡᠷᠲᠡᠮᠲᠡᠨ ᠮᠡᠷᠭᠡᠳ ᠲᠡᠭᠦᠨ ᠤ ᠳᠡᠷᠭᠡᠲᠡ ᠬᠤᠷᠠᠯᠳᠤᠪᠠ᠃ ᠲᠤᠰ ᠵᠢᠯ ᠳᠤ ᠪᠠᠨ ᠬᠤᠪᠢᠯᠠᠢ ᠦᠷᠯᠦᠭ ᠵᠠᠩᠵᠤᠨ ᠤᠷᠢᠶᠠᠩᠬᠠᠲᠡᠢ ᠯᠤᠭ᠎ᠠ ᠶᠦᠨᠨᠠᠨ ᠳᠤ ᠠᠶᠠᠯᠠᠵᠤ ᠳ᠋ᠠᠯᠢ ᠶᠢ ᠮᠦᠬᠦᠭᠡᠪᠡ᠃ 1256 ᠤᠨ ᠳᠤ ᠯᠤᠤ ᠶᠢᠨ ᠨᠢᠷᠤᠭᠤ ᠭᠡᠬᠦ ᠭᠠᠵᠠᠷ ᠲᠤ ᠺᠠᠶᠢᠫᠢᠩ ᠹᠦ᠋ ᠶᠢ ᠪᠠᠶᠢᠭᠤᠯᠪᠠ᠃ 1258 ᠤᠨ ᠳᠤ ᠮᠥᠩᠭᠡ ᠬᠠᠭᠠᠨ ᠰᠦᠩ ᠤᠯᠤᠰ ᠢ ᠴᠡᠷᠢᠭᠯᠡᠨ᠂ ᠰᠡᠭᠦᠯᠡᠷ ᠨᠢ ᠬᠤᠪᠢᠯᠠᠢ ᠪᠠᠷ ᠵᠡᠭᠦᠨ ᠵᠠᠮ ᠤᠨ ᠴᠡᠷᠢᠭ ᠢ ᠵᠠᠬᠢᠷᠤᠭᠤᠯᠪᠠ᠃ 1259 ᠤᠨ ᠤ 9 ᠰᠠᠷ᠎ᠠ ᠳᠤ ᠮᠥᠩᠭᠡ ᠬᠠᠭᠠᠨ ᠤ ᠡᠪᠡᠳᠴᠢᠨ ᠢᠶᠠᠷ ᠬᠠᠯᠢᠭᠰᠡᠨ ᠭᠠᠰᠢᠭᠤᠳᠠᠯ ᠤᠨ ᠴᠢᠮᠡᠭᠡ ᠶᠢ ᠤᠯᠵᠠᠢ᠃ ᠬᠤᠪᠢᠯᠠᠢ ᠦᠷᠭᠦᠯᠵᠢᠯᠡᠨ ᠴᠡᠷᠢᠭ ᠳᠠᠪᠰᠢᠵᠤ ᠶᠠᠩ ᠯᠦᠸᠧ ᠪᠤᠤ ᠴᠠᠶᠢᠵᠠ ᠪᠠᠷ ᠬᠦᠭᠡᠮᠦ᠋ᠷᠡᠨ ᠢ ᠭᠠᠲᠤᠯᠵᠤ ᠡᠸ᠋ᠵᠸᠤ  ᠶᠢ ᠪᠦᠰᠡᠯᠡᠨ ᠰᠦᠩ ᠤᠯᠤᠰ ᠯᠤᠭ᠎ᠠ ᠡᠪᠰᠡᠯ ᠤᠨ ᠭᠡᠷ᠎ᠡ ᠪᠠᠶᠢᠭᠤᠯᠵᠤ ᠶᠠᠨᠵᠢᠩ ᠳᠤ ᠪᠤᠴᠠᠪᠠ᠃ 1260 ᠤᠨ ᠤ 3 ᠰᠠᠷ᠎ᠠ ᠳᠤ ᠬᠡᠰᠡᠭ ᠲᠦᠷᠦᠯ ᠤᠨ ᠨᠤᠶᠠᠳ ᠪᠠ ᠵᠠᠩᠵᠤᠨ ᠢ ᠴᠤᠭᠯᠠᠭᠤᠯᠵᠤ ᠬᠤᠷᠠᠯᠳᠠᠢ ᠬᠤᠷᠠᠵᠤ ᠬᠠᠭᠠᠨ ᠰᠠᠭᠤᠷᠢᠨ ᠢ ᠵᠠᠯᠭᠠᠮᠵᠢᠯᠠᠨ ᠺᠠᠶᠢᠫᠢᠩ ᠹᠦ᠋ ᠳᠤ ᠨᠡᠶᠢᠰᠯᠡᠵᠤ ᠤᠨ ᠤ ᠴᠤᠯᠡ ᠶᠢ ᠵᠦᠩᠲ᠋ᠦ᠋ᠩ ᠭᠡᠵᠡᠢ᠃ ᠰᠤᠳᠤ ᠬᠠᠭᠠᠨ ᠲᠤᠯᠤᠢ ᠪᠤᠯᠤᠨ ᠲᠦᠪ ᠠᠷᠢᠭᠤᠨ ᠳᠡᠭᠡᠲᠤ ᠬᠠᠲᠤᠨ ᠰᠤᠷᠬᠠᠭᠳᠠᠨᠢ ᠠᠴᠠ ᠮᠥᠩᠭᠡ᠂ ᠬᠤᠪᠢᠯᠠᠢ᠂ ᠦᠯᠡᠭᠦ᠂ ᠠᠷᠢᠭᠪᠦ᠋ᠭᠡ ᠭᠡᠬᠦ ᠳᠦᠷᠪᠡᠨ ᠬᠦᠪᠡᠭᠦᠨ ᠲᠠᠢ᠃ ᠬᠤᠪᠢᠯᠠᠢ ᠶᠢᠨ ᠤᠳᠬᠤᠨ ᠳᠡᠭᠦᠦ ᠠᠷᠢᠭᠪᠦ᠋ᠭᠡ ᠨᠢ ᠮᠦᠨ ᠤᠨ ᠤ 5 ᠰᠠᠷ᠎ᠠ ᠳᠤ ᠭᠤᠪᠢ ᠶᠢᠨ ᠠᠷᠤ ᠳᠠᠬᠢ ᠲᠦᠷᠦᠯ ᠤᠨ ᠨᠤᠶᠠᠳ ᠤᠨ ᠳᠡᠮᠵᠢᠯᠭᠡ ᠳᠤᠤᠷ᠎ᠠ ᠬᠤᠷᠠᠯᠳᠠᠢ ᠬᠤᠷᠠᠵᠤ ᠬᠠᠷᠠᠬᠤᠷᠤᠮ ᠳᠤ ᠬᠠᠭᠠᠨ ᠡᠷᠭᠦᠮᠵᠢᠯᠡᠵᠤ ᠡᠷᠭᠡ ᠪᠤᠯᠢᠶᠠᠯᠴᠠᠪᠠ᠃ ᠳᠦᠷᠪᠡᠨ ᠵᠢᠯ ᠭᠠᠷᠤᠢ ᠶᠢᠨ ᠪᠠᠶᠢᠯᠳᠤᠭᠠᠨ ᠶᠢ ᠳᠠᠮᠵᠢᠨ 1264 ᠤᠨ ᠳᠤ ᠠᠷᠢᠭᠪᠦ᠋ᠭᠡ ᠪᠠᠭᠤᠵᠤ ᠦᠭᠭᠦᠨ᠂ ᠬᠤᠪᠢᠯᠠᠢ ᠶᠢᠨ ᠶᠡᠭᠡ ᠮᠤᠩᠭᠤᠯ ᠤᠯᠤᠰ ᠤᠨ ᠶᠡᠭᠡ ᠬᠠᠭᠠᠨ ᠪᠤᠯᠬᠤ ᠶᠢ ᠲᠦᠷᠦᠯ ᠤᠨ ᠪᠦᠬᠦ ᠨᠤᠶᠠᠳ ᠵᠢᠩᠬᠢᠨᠢ ᠮᠡᠳᠡᠷᠡᠪᠡ᠃ ᠲᠤᠰ ᠤᠨ ᠤ 8 ᠰᠠᠷ᠎ᠠ ᠳᠤ ᠬᠤᠪᠢᠯᠠᠢ ᠤᠨ ᠤ ᠴᠤᠯᠡ ᠪᠠᠨ ᡁᠢ ᠶᠤᠸᠠᠨ ᠭᠡᠵᠤ ᠬᠠᠯᠠᠨ᠂ ᠶᠠᠨᠵᠢᠩ ᠢ ᠵᠦᠩᠳᠦ ︵ᠳᠤᠮᠳᠠᠲᠤ ᠨᠡᠶᠢᠰᠯᠡᠯ︶ ᠭᠡᠵᠤ ᠬᠠᠯᠠᠵᠠᠢ᠃ ᠢᠩᠬᠢᠭᠡᠳ ᠰᠢᠨ᠎ᠠ ᠬᠠᠭᠠᠨᠲᠤ ᠲᠦᠷᠦ ᠶᠢᠨ ᠡᠯ᠎ᠡ ᠵᠦᠢᠯ ᠤᠨ ᠳᠦᠷᠢᠮ ᠦᠨᠳᠦᠰᠦᠨ ᠳᠤ ᠪᠠᠨ ᠲᠤᠭᠲᠠᠵᠤ ᠬᠤᠪᠢᠯᠠᠢ 1271 ᠤᠨ ᠳᠤ ︽ᠵᠢᠷᠤᠬᠠᠶᠢᠲᠤ ᠨᠤᠮ︾ ᠤᠨ ︽ᠠᠩᠬᠠᠨ ᠤ ᠲᠩᠷᠢ︾ ᠭᠡᠬᠦ ᠤᠳᠬ᠎ᠠ ᠶᠢ ᠠᠪᠴᠤ ᠤᠯᠤᠰ ᠤᠨ ᠴᠤᠯᠡ ᠪᠠᠨ ᠬᠢᠲᠡᠳ ᠢᠶᠠᠷ 大元 ︵ᠳᠠᠶᠢᠶᠤᠸᠠᠨ︶ ᠭᠡᠪᠡ᠃ ᠳᠠᠷᠠᠭ᠎ᠠ ᠵᠢᠯ ᠨᠢ ᠵᠦᠩᠳᠦ ᠶᠢ ᠨᠡᠶᠢᠰᠯᠡᠯ ᠬᠤᠲᠠ ᠪᠤᠯᠭᠠᠬᠤ ᠪᠠᠷ ᠲᠤᠭᠲᠠᠭᠠᠵᠤ ᠳᠠᠶᠢᠳᠤ ︵ᠶᠡᠭᠡ ᠨᠡᠶᠢᠰᠯᠡᠯ︶ ᠭᠡᠵᠤ ᠬᠠᠯᠠᠨ ᠬᠠᠭᠤᠴᠢᠨ ᠨᠡᠶᠢᠰᠯᠡᠯ ᠺᠠᠢ ᠫᠢᠩ ᠢ ᠱᠠᠩᠳᠤ ︵ᠳᠡᠭᠡᠲᠤ ᠨᠡᠶᠢᠰᠯᠡᠯ︶ ᠭᠡᠵᠤ ᠬᠠᠯᠠᠪᠠ᠃ 1274 ᠤᠨ ᠳᠤ ᠪᠠᠶᠠᠨ ᠵᠠᠩᠵᠤᠨ ᠢ ᠲᠤᠮᠢᠯᠠᠨ ᠰᠦᠩ ᠤᠯᠤᠰ ᠢ ᠪᠦᠬᠦ ᠲᠠᠯ᠎ᠠ ᠪᠠᠷ ᠲᠠᠶᠢᠯᠠᠵᠤ᠂ 1276 ᠤᠨ ᠳᠤ ᠰᠦᠩ ᠤᠯᠤᠰ ᠤᠨ ᠨᠡᠶᠢᠰᠯᠡᠯ ᠯᠢᠨ ᠠᠨ ᠬᠤᠲᠠ ᠶᠢ ᠡᠵᠡᠯᠡᠵᠤ᠂ 1279 ᠤᠨ ᠳᠤ ᠪᠦᠬᠦ ᠤᠯᠤᠰ ᠤᠨ ᠶᠡᠭᠡ ᠨᠢᠭᠡᠳᠦᠯ ᠢ ᠪᠡᠶᠡᠯᠡᠭᠦᠯᠪᠠ᠃ ᠪᠠᠶᠠᠨ ᠵᠠᠩᠵᠤᠨ ᠤ ︽ᠡᠵᠡᠨ ᠤ ᠵᠠᠷᠯᠢᠭ ᠢᠶᠠᠷ ᠮᠦᠷᠡᠨ ᠤ ᠡᠮᠦᠨᠠᠲᠤ ᠶᠢ ᠬᠤᠷᠢᠶᠠᠮᠵᠢᠯᠠᠯᠤᠭᠠᠢ︾ ᠭᠡᠬᠦ ᠰᠢᠯᠦᠭ ᠲᠤ ᠢᠩᠬᠢᠵᠤ ᠳᠦᠷᠰᠦᠯᠡᠵᠡᠢ ᠬᠦᠭᠡᠮᠳᠦᠭ ᠠᠭᠤᠯᠡᠰ ᠢ ᠰᠡᠯᠡᠮ᠎ᠡ ᠪᠠᠷ ᠵᠢᠭᠠᠬᠤᠯ᠎ᠡ ᠠᠭᠤᠯᠡᠰ ᠬᠠᠭᠠᠷᠠᠬᠤ ᠰᠢᠬᠠᠵᠤᠬᠤᠢ ᠬᠦᠭᠡ ᠮᠦᠷᠡᠨ ᠠᠴᠠ ᠮᠤᠷᠢᠳ ᠤᠮᠳᠠᠯᠠᠬᠤᠯ᠎ᠡ ᠮᠦᠷᠡᠨ ᠬᠤᠭᠤᠰᠤᠷᠠᠬᠤ ᠰᠢᠬᠠᠵᠤᠬᠤᠢ᠃ ᠰᠢᠯᠢᠳᠡᠭ ᠴᠡᠷᠢᠭ ᠵᠠᠭᠤᠨ ᠲᠦᠮᠨ ᠪᠠᠷ ᠮᠦᠷᠡᠨ ᠤ ᠡᠮᠦᠨᠠᠲᠤ ᠳᠤᠷ ᠬᠦᠷᠭᠦᠯ᠎ᠡ ᠰᠡᠷᠡᠭᠡ ᠵᠠᠪᠰᠡᠭ ᠲᠤᠷ ᠠᠮᠢᠳᠠᠨ ᠭᠤᠤᠯᠲᠡᠨ ᠤ ᠴᠢᠰᠦᠨ ᠡᠰᠡ ᠨᠠᠭᠠᠯᠳᠤᠯᠤᠭ᠎ᠠ᠃ 1277 ᠤᠨ ᠳᠤ ᠨᠠᠶᠠᠨ ᠤ ᠤᠷᠪᠠᠯᠭᠠᠨ ᠢ ᠲᠦᠪᠰᠢᠳᠭᠡᠵᠡᠢ᠃ 1283 ᠤᠨ ᠳᠤ ᠭᠠᠤᠯᠢ ᠶᠢ ᠡᠷᠭᠡᠰᠢᠶᠠᠯ ᠳᠤ  ᠪᠠᠨ ᠤᠷᠤᠭᠤᠯᠤᠨ ᠵᠧᠩ ᠳ᠋ᠦᠩ ᠮᠤᠵᠢ ᠶᠢ ᠪᠠᠶᠢᠭᠤᠯᠪᠠ᠃ ᠶᠠᠫᠤᠨ ᠢ ᠡᠷᠭᠡᠰᠢᠶᠡᠬᠦ ᠶᠢᠨ ᠲᠦᠯᠦᠭᠡ 1266 — 1273 ᠤᠨ ᠤ ᠬᠤᠭᠤᠷᠤᠨᠳᠤ ᠲᠠᠪᠤ ᠤᠳᠠᠭ᠎ᠠ ᠡᠯᠴᠢ ᠲᠤᠮᠢᠯᠠᠨ᠂ 1281 ᠣᠨ ᠳᠤ ᠴᠡᠷᠢᠭ ᠲᠤᠮᠢᠯᠠᠭᠠᠳ ᠪᠦᠷ ᠡᠰᠡ ᠪᠦᠲᠦᠪᠡ᠃ ᠬᠤᠪᠢᠯᠠᠢ ᠴᠡᠷᠢᠭ ᠲᠤᠮᠢᠯᠠᠨ ᠡᠮᠦᠨᠠᠲᠤ ᠰᠦᠩ ᠢ ᠮᠦᠬᠦᠭᠡᠭᠰᠡᠨ ᠤ ᠳᠠᠷᠠᠭ᠎ᠠ ᠰᠢᠭᠤᠳ ᠡᠮᠦᠨᠠᠲᠤ ᠠᠽᠢᠶ᠎ᠡ ᠳᠤ ᠴᠡᠷᠢᠭ ᠤᠷᠤᠭᠤᠯᠵᠤ ᠸᠢᠶᠧᠲᠨᠠᠮ᠂ ᠪᠢᠷᠮᠡ᠂ ᠭᠠᠩᠭ᠎ᠠ ᠮᠦᠷᠡᠨ ᠠᠴᠠ ᠵᠡᠭᠦᠨᠰᠢᠬᠢ ᠡᠨᠡᠳᠭᠡᠭ ᠤᠨ ᠶᠡᠭᠡᠩᠬᠢ ᠤᠷᠤᠨ᠂ ᠡᠮᠦᠨᠠᠲᠤ ᠳᠠᠯᠠᠢ ᠶᠢᠨ ᠵᠠᠸᠠ ᠵᠡᠷᠭᠡ ᠠᠷᠠᠯᠲᠤ ᠤᠯᠤᠰ ᠢ ᠪᠦᠷ ᠬᠠᠷᠢᠶᠠᠲᠤ ᠤᠯᠤᠰ ᠪᠤᠯᠭᠠᠭᠰᠡᠨ ᠪᠠᠶᠢᠨ᠎ᠠ᠃ ᠮᠤᠩᠭᠤᠯ ᠵᠠᠩᠰᠢᠯ ᠢᠶᠠᠷ ᠬᠤᠪᠢᠯᠠᠢ ᠳᠦᠷᠪᠡᠨ ᠤᠷᠳᠤ ᠪᠠᠶᠢᠭᠤᠯᠵᠤ ᠳᠦᠷᠪᠡᠨ ᠬᠠᠲᠤᠨ ᠢᠶᠠᠨ ᠠᠰ ᠲᠤ  ᠨᠢ ᠰᠠᠭᠤᠯᠭᠠᠵᠠᠢ᠃ ᠬᠤᠪᠢᠯᠠᠢ ᠳᠤ ᠠᠷᠪᠠᠨ ᠨᠢᠭᠡᠨ ᠬᠦᠪᠡᠭᠦᠨ ᠲᠠᠢ᠂ ᠬᠤᠶᠠᠳᠤᠭᠠᠷ ᠬᠦᠪᠡᠭᠦᠨ ᠴᠢᠩᠬᠢᠮ ᠢ ᠠᠯᠢ ᠡᠷᠲᠡ ᠬᠤᠩ ᠲᠠᠶᠢᠽᠢ ᠪᠠᠶᠢᠭᠤᠯᠤᠭᠰᠡᠨ ᠪᠤᠯᠪᠠᠴᠤ ᠬᠤᠪᠢᠯᠠᠢ ᠠᠴᠠ ᠡᠷᠲᠡ ᠨᠦᠭᠴᠢᠭᠰᠡᠨ ᠪᠤᠯᠬᠤᠷ 1293 ᠤᠨ  ᠳᠤ ᠴᠢᠩᠭᠢᠮ ᠤᠨ ᠭᠤᠷᠪᠠᠳᠤᠭᠠᠷ ᠬᠦᠪᠡᠭᠦᠨ ᠢ ᠬᠠᠭᠠᠨ ᠤ ᠵᠠᠯᠭᠠᠮᠵᠢᠯᠠᠭᠴᠢ ᠪᠠᠷ ᠲᠤᠭᠲᠠᠭᠠᠵᠠᠢ᠃ 1294 ᠤᠨ ᠤ 1 ᠰᠠᠷ᠎ᠠ ᠶᠢᠨ 19 ᠳᠤ ᠬᠤᠪᠢᠯᠠᠢ ᠰᠡᠴᠡᠨ ᠬᠠᠭᠠᠨ ᠡᠪᠡᠳᠴᠢᠳ ᠢᠶᠠᠷ ᠲᠩᠷᠢ ᠪᠤᠯᠪᠠ᠃ ᠬᠠᠰ ᠢᠵᠠᠭᠤᠷ ᠢ ᠬᠦᠷᠦᠯᠬᠦ ᠳᠤ ᠤᠷᠤᠰᠢᠭᠤᠯᠪᠠ᠃ ᠲᠡᠦᠭᠡᠨ ᠳᠤ ᠲᠡᠭᠦᠨ ᠢ ︽ᠲᠦᠮᠡᠨ ᠡᠵᠡᠨ ᠤ ᠲᠦᠷᠦᠭᠦᠦ ᠬᠤᠪᠢᠯᠠᠢ ᠬᠠᠭᠠᠨ︾ ᠭᠡᠰᠡᠨ ᠪᠠᠶᠢᠳᠠᠭ᠃ ᠬᠤᠪᠢᠯᠠᠢ ᠰᠡᠴᠡᠨ ᠤ ᠭᠠᠪᠢᠶ᠎ᠡ ᠵᠢᠳᠭᠦᠯ᠄ ⒈ ᠮᠥᠩᠭᠡ ᠬᠠᠭᠠᠨ ᠤ ᠦᠶ᠎ᠡ ᠳᠤ ᠶᠦᠨᠨᠠᠨ ᠳᠤ ᠠᠶᠠᠯᠠᠵᠤ ᠳ᠋ᠠᠯᠢ ᠶᠢ ᠮᠥᠭᠦᠭᠡᠬᠦ ᠳᠤ ᠭᠠᠪᠢᠶ᠎ᠡ ᠪᠠᠶᠢᠭᠤᠯᠵᠤ ᠰᠦᠩ ᠤᠯᠤᠰ ᠢ ᠴᠢᠨᠠᠭᠰᠢᠲᠡ ᠮᠥᠬᠦᠭᠡᠬᠦ ᠳᠤ ᠦᠢᠯᠡᠳᠦᠯ ᠭᠠᠷᠭᠠᠵᠠᠢ᠃ ⒉ ᠺᠠᠶᠢᠫᠢᠩ ᠹᠦ᠋᠂ ᠳᠠᠶᠢᠳᠤ ᠵᠡᠷᠭᠡ ᠲᠤᠬᠠᠢ ᠶᠢᠨ ᠦᠶ᠎ᠡ ᠳᠤ ᠪᠠᠨ ᠳᠡᠯᠡᠭᠡᠢ ᠳᠤ ᠠᠯᠳᠠᠷᠲᠠᠢ ᠨᠠᠶᠢᠰᠯᠡᠯ ᠬᠤᠲᠠ ᠶᠢ ᠴᠤᠭᠴᠠᠯᠠᠭᠤᠯᠤᠨ ᠪᠠᠶᠢᠭᠤᠯᠵᠠᠢ᠃ ⒊1283 — 1293 ᠤᠨ ᠤ ᠬᠤᠭᠤᠷᠤᠨᠳᠤ ᠪᠡᠭᠡᠵᠢᠩ ᠬᠠᠩᠵᠸᠤ ᠶᠢ ᠬᠤᠯᠪᠤᠭᠰᠡᠨ ᠲᠠᠲᠠᠮᠠᠯ ᠭᠤᠤᠯ ᠢ ᠵᠠᠰᠠᠵᠤ ᠨᠡᠪᠲᠡᠷᠡᠭᠦᠯᠵᠠᠢ᠃ ᠪᠡᠭᠡᠵᠢᠩ ᠬᠠᠩᠵᠸᠤ ᠶᠢᠨ ᠲᠠᠲᠠᠮᠠᠯ ᠭᠤᠤᠯ ᠪᠤᠯ ᠳᠡᠯᠡᠭᠡᠢ ᠳᠡᠭᠡᠷᠡᠬᠢ ᠬᠠᠮᠤᠭ ᠤᠨ ᠶᠡᠭᠡ᠂ ᠬᠠᠮᠤᠭ ᠤᠨ ᠡᠷᠲᠡᠨ ᠤ ᠲᠠᠲᠠᠮᠠᠯ ᠭᠤᠤᠯ ᠤᠨ ᠬᠤᠪᠢ ᠪᠠᠷ ᠤᠳᠤ ᠬᠦᠷᠲᠡᠯ᠎ᠡ ᠬᠡᠷᠡᠭᠯᠡᠭᠳᠡᠭᠰᠡᠭᠡᠷ ᠪᠠᠶᠢᠵᠤ᠂ ᠳᠤᠮᠳᠠᠲᠤ ᠤᠯᠤᠰ ᠤᠨ ᠤᠷᠲᠤ ᠬᠡᠷᠡᠮ᠂ ᠬᠦᠯ ᠬᠤᠳᠳᠤᠭ ᠲᠠᠢ ᠠᠯᠳᠠᠷ ᠵᠡᠷᠭᠡᠴᠡᠵᠤ ᠳᠤᠮᠳᠠᠲᠤ ᠶᠢᠨ ᠰᠤᠶᠤᠯ ᠤᠨ ᠪᠡᠯᠭᠡ ᠲᠡᠮᠲᠡᠭ ᠪᠤᠯᠤᠭᠰᠡᠨ ᠡᠷᠲᠡᠨ ᠤ ᠠᠭᠤᠤ ᠶᠡᠭᠡ ᠭᠤᠷᠪᠠᠨ ᠪᠠᠷᠢᠯᠭ᠎ᠠ ᠶᠢᠨ ᠨᠢᠭᠡ ᠪᠤᠯᠵᠠᠢ᠃ ⒋ ᠠᠷᠢᠭᠪᠦ᠋ᠭᠡ ᠯᠦᠭᠡ ᠶᠢᠨ ᠲᠡᠮᠡᠴᠡᠯ ᠳᠤ ᠢᠯᠠᠵᠤ ᠶᠡᠭᠡ ᠮᠤᠩᠭᠤᠯ ᠤᠯᠤᠰ ᠤᠨ ᠰᠠᠭᠤᠷᠢᠨ ᠳᠡᠭᠡᠷ᠎ᠡ ᠶᠤᠸᠠᠨ ᠤᠯᠤᠰ ᠢ ᠪᠠᠶᠢᠭᠤᠯᠵᠤ᠂ ᠰᠦᠩ ᠤᠯᠤᠰ ᠢ ᠮᠦᠬᠦᠭᠡᠨ ᠪᠦᠬᠦ ᠤᠯᠤᠰ ᠢ ᠨᠢᠭᠡᠳᠭᠡᠭᠡᠳ ᠲᠠᠩ ᠤᠯᠤᠰ ᠤᠨ ᠦᠶ᠎ᠡ  ᠠᠴᠠ ᠨᠠᠭᠠᠰᠢᠬᠢ ᠳᠤᠮᠳᠠᠲᠤ ᠤᠷᠤᠨ ᠤ ᠳᠦᠷᠪᠡᠨ ᠵᠠᠭᠤ ᠭᠠᠷᠤᠢ ᠵᠢᠯ ᠤᠨ ᠨᠢᠭᠡᠳᠦᠮᠡᠯ ᠪᠤᠰᠤ ᠪᠠᠶᠢᠳᠠᠯ ᠢ ᠡᠴᠦᠰᠯᠡᠭᠦᠯᠵᠤ ᠳᠡᠯᠡᠭᠡᠢ ᠳᠡᠭᠡᠷᠡᠬᠢ ᠤᠯᠠᠨ ᠦᠨᠳᠦᠰᠦᠲᠡᠨ ᠢᠶᠠᠷ ᠪᠦᠷᠢᠯᠳᠦᠭᠰᠡᠨ ᠬᠠᠮᠤᠭ ᠤᠨ ᠲᠤᠮᠤ ᠤᠯᠤᠰ ᠢ ᠪᠠᠶᠢᠭᠤᠯᠤᠭᠰᠡᠨ ᠪᠠᠶᠢᠨ᠎ᠠ᠃ ⒌ ᠳᠤᠮᠳᠠᠲᠤ ᠤᠯᠤᠰ ᠤᠨ ᠲᠡᠦᠭᠡᠨ ᠳᠠᠬᠢ ᠴᠦᠭᠡᠨ ᠲᠤᠭᠠᠲᠤ ᠦᠨᠳᠦᠰᠦᠲᠡᠨ ᠪᠦᠬᠦ ᠤᠯᠤᠰ ᠢ ᠨᠤᠶᠠᠷᠬᠠᠭᠰᠡᠨ ᠠᠩᠬᠠᠳᠠᠭᠴᠢ ᠲᠦᠷᠦ ᠶᠢ ᠴᠤᠭᠴᠠᠯᠠᠨ ᠪᠠᠶᠢᠭᠤᠯᠵᠠᠢ᠃ ⒍ ᠡᠮᠦᠨᠠᠲᠤ ᠤᠮᠠᠷᠠᠲᠤ ᠶᠢ ᠨᠢᠭᠡᠳᠭᠡᠨ ᠳᠤᠮᠳᠠᠲᠤ ᠤᠯᠤᠰ ᠤᠨ ᠣᠳᠤ ᠦᠶ᠎ᠡ ᠶᠢᠨ ᠨᠤᠲᠤᠭ ᠲᠡᠪᠢᠰᠭᠡᠷ ᠤᠨ ᠬᠡᠪᠴᠢᠶ᠎ᠡ ᠶᠢ ᠠᠩᠬ᠎ᠠ ᠤᠳᠠᠭ᠎ᠠ ᠲᠤᠭᠲᠠᠭᠠᠵᠤ ᠤᠯᠤᠰ ᠤᠨ ᠲᠤᠲᠤᠭᠠᠲᠤ ᠶᠢᠨ ᠡᠯ᠎ᠡ ᠭᠠᠵᠠᠷ ᠤᠷᠤᠨ᠂ ᠡᠯ᠎ᠡ ᠦᠨᠳᠦᠰᠦᠲᠡᠨ ᠤ ᠠᠵᠤ ᠠᠬᠤᠢ ᠶᠢᠨ ᠰᠤᠯᠢᠯᠴᠠᠭ᠎ᠠ ᠶᠢ ᠠᠬᠢᠭᠤᠯᠵᠤ ᠠᠯᠤᠰ ᠬᠤᠯᠡ ᠶᠢᠨ ᠦᠢᠯᠡᠳᠦᠯ ᠢ ᠪᠠᠳᠠᠷᠠᠭᠤᠯᠪᠠ᠃ ⒎ ᠬᠢᠲᠡᠳ ᠮᠤᠩᠭᠤᠯ ᠲᠦᠷᠦ ᠵᠠᠰᠠᠬᠤ ᠡᠷᠳᠡᠮ ᠳᠤ ᠮᠡᠷᠭᠡᠰᠢᠵᠤ᠂ ᠪᠢᠴᠢᠭ ᠤᠨ ᠡᠷᠲᠡᠮᠲᠡᠨ ᠢ ᠬᠡᠷᠡᠭᠯᠡᠨ᠂ ᠲᠤᠲᠤᠭᠠᠲᠤ ᠶᠢᠨ ᠤᠷᠪᠠᠯᠭᠠᠨ ᠢ ᠳᠠᠷᠤᠩᠭᠤᠶᠢᠯᠠᠵᠤ ᠨᠢᠭ᠌ᠲᠡ ᠴᠢᠩᠭ᠎ᠠ ᠳᠦᠷᠢᠮ ᠭᠤᠷᠢᠮ ᠲᠠᠢ ᠴᠡᠷᠢᠭ ᠵᠠᠰᠠᠭ ᠤᠨ ᠪᠠᠶᠢᠭᠤᠯᠤᠮᠵᠢ ᠪᠠ ᠬᠠᠤᠯᠢ ᠳᠦᠷᠢᠮ ᠢ ᠶᠠᠪᠤᠭᠳᠠᠭᠤᠯᠤᠨ ᠲᠦᠪ ᠲᠤ ᠲᠦᠪᠯᠡᠷᠡᠭᠦᠯᠦᠨ ᠵᠠᠬᠢᠷᠬᠤ ᠡᠷᠭᠡ ᠪᠠᠨ ᠴᠢᠩᠭᠠᠳᠬᠠᠵᠤ ᠭᠤᠴᠢᠨ ᠳᠦᠷᠪᠡᠨ ᠵᠢᠯ ᠬᠠᠭᠠᠨ ᠰᠠᠭᠤᠵᠤ ᠨᠠᠰᠤᠨ ᠬᠤᠲᠤᠭ ᠨᠠᠶᠠ ᠬᠦᠷᠦᠭᠰᠡᠨ ᠪᠠᠶᠢᠨ᠎ᠠ᠃ ⒏ ᠡᠮᠦᠨ᠎ᠡ ᠦᠶ᠎ᠡ ᠶᠢᠨ ᠬᠠᠭᠠᠳ ᠤᠨ ᠤᠯᠠᠮᠵᠢᠯᠠᠯ ᠢ ᠮᠦᠷᠳᠡᠵᠤ᠂ ᠦᠷᠭᠦᠯᠵᠢᠯᠡᠨ ᠭᠠᠳᠠᠭᠰᠢ ᠴᠡᠷᠢᠭᠯᠡᠵᠤ ᠨᠤᠲᠤᠭ ᠳᠡᠪᠢᠰᠭᠡᠷ ᠢᠶᠠᠨ ᠤᠷᠢᠳ ᠡᠮᠦᠨ᠎ᠠ ᠪᠠᠶᠢᠭ᠎ᠠ ᠦᠭᠡᠢ ᠦᠷᠭᠡᠳᠭᠡᠭᠡᠳ᠂ ᠬᠠᠮᠤᠭ ᠤᠨ ᠶᠡᠭᠡ ᠦᠷᠭᠡᠵᠢᠯ ᠤᠨ ᠦᠶ᠎ᠡ ᠳᠤ  ᠪᠠᠨ ᠶᠤᠸᠠᠨ ᠤᠯᠤᠰ ᠨᠢ ᠵᠡᠭᠦᠨ ᠳᠠᠯᠠᠢ ᠠᠴᠠ ᠪᠠᠷᠠᠭᠤᠨᠰᠢ ᠭᠠᠵᠠᠷ ᠤᠨ ᠳᠤᠮᠳᠠᠲᠤ ᠲᠠᠩᠬᠢᠰ ᠲᠤᠯᠵᠤ᠂ ᠤᠮᠠᠷᠠᠲᠤ ᠮᠦᠰᠦᠨ ᠳᠠᠯᠠᠢ ᠠᠴᠠ ᠡᠮᠦᠨᠠᠰᠢ ᠵᠠᠸᠠ ᠠᠷᠠᠯ ᠵᠡᠷᠭᠡ ᠡᠮᠦᠨᠠᠲᠤ ᠳᠠᠯᠠᠢ ᠶᠢᠨ ᠤᠯᠲᠤᠷᠢᠭ ᠪᠠ ᠸᠢᠶᠧᠲᠨᠠᠮ᠂ ᠡᠨᠡᠳᠭᠡᠭ ᠵᠡᠷᠭᠡ ᠬᠤᠶᠢᠭ ᠤᠨ ᠤᠯᠤᠰ ᠤᠳ ᠢ ᠬᠠᠮᠤᠷᠴᠤ᠂ ᠵᠡᠭᠦᠨ ᠬᠤᠶᠢᠰᠢ ᠭᠠᠤᠯᠢ ᠤᠯᠤᠰ ᠢ ᠪᠠᠭᠲᠠᠭᠠᠨ᠂ ᠳᠡᠯᠡᠭᠡᠢ ᠶᠢᠨ ᠤᠯᠠᠨ ᠭᠠᠵᠠᠷ ᠤᠷᠤᠨ ᠤᠯᠤᠰ ᠦᠨᠳᠦᠰᠦᠲᠡᠨ ᠤ ᠤᠯᠤᠰ ᠲᠦᠷᠦ᠂ ᠠᠵᠤ ᠠᠬᠤᠢ᠂ ᠰᠤᠶᠤᠯ ᠤᠨ ᠰᠤᠯᠢᠯᠴᠠᠭ᠎ᠠ ᠶᠢ ᠯᠤᠲᠤ ᠶᠡᠭᠡ ᠠᠬᠢᠭᠤᠯᠪᠠ᠃ ⒐1260 ᠤᠨ ᠳᠤ ᠲᠦᠪᠡᠳ ᠤᠨ ᠪᠤᠳ᠋ᠳ᠋ᠾᠡ ᠶᠢᠨ ᠱᠠᠰᠢᠨ ᠤ ᠰᠠᠰᠬᠢᠶ᠎ᠡ ᠶᠢᠨ ᠪᠦᠯᠦᠭ ᠤᠨ ᠲᠠᠪᠤᠳᠤᠭᠠᠷ ᠦᠶ᠎ᠡ  ᠶᠢᠨ ᠡᠪᠦᠭᠡ ᠪᠠᠭᠰᠢ ᠫᠠᠭᠪᠠ ᠯᠠᠮᠡ ᠶᠢ ︽ᠤᠯᠤᠰ ᠤᠨ ᠪᠠᠭᠰᠢ︾ ︵ᠬᠤᠵᠢᠮ ᠨᠢ ᠬᠠᠭᠠᠨ ᠤ ᠪᠠᠭᠰᠢ ᠡᠷᠭᠦᠮᠵᠢᠯᠡᠪᠡ︶ ᠡᠷᠭᠦᠮᠵᠢᠯᠡᠵᠤ ᠳᠤᠮᠳᠠᠲᠤ ᠤᠷᠤᠨ ᠤ ᠱᠠᠰᠢᠨ ᠤ ᠦᠢᠯᠡ ᠶᠢ ᠶᠡᠷᠦᠩᠭᠡᠶᠢᠯᠡᠨ ᠬᠠᠮᠢᠶᠠᠷᠤᠭᠤᠯᠵᠤ ᠠᠽᠢᠶ᠎ᠡ ᠡᠸ᠋ᠷᠦ᠋ᠫᠠ  ᠶᠢᠨ ᠤᠯᠠᠨ ᠬᠠᠷᠢᠶᠠᠲᠤ ᠤᠯᠤᠰ ᠦᠨᠳᠦᠰᠦᠲᠡᠨ ᠤ ᠤᠯᠠᠨ ᠵᠦᠢᠯ ᠤᠨ ᠬᠡᠯᠡ ᠶᠢ ᠲᠡᠮᠲᠡᠭᠯᠡᠬᠦ ᠴᠢᠳᠠᠮᠵᠢ ᠲᠠᠢ ᠮᠤᠩᠭᠤᠯ ᠰᠢᠨ᠎ᠠ ᠭᠠᠯᠢᠭ ᠦᠰᠦᠭ ︽ᠫᠠᠭᠫᠠ ᠦᠰᠦᠭ︾ ᠢ ᠵᠣᠬᠢᠶᠠᠯᠭᠠᠵᠤ 1269 ᠤᠨ ᠳᠤ ᠪᠦᠬᠦ ᠤᠯᠤᠰ ᠲᠤ ᠲᠠᠷᠬᠠᠭᠠᠯᠭᠠᠪᠠ᠃ ⒑ ᠶᠡᠭᠡ ᠨᠡᠶᠢᠰᠯᠡᠯ ᠳᠠᠶᠢᠳᠤ ᠬᠤᠲᠠ ᠳᠤ ᠮᠤᠩᠭᠤᠯ ᠤᠨ ᠤᠯᠤᠰ ᠤᠨ ᠬᠦᠪᠡᠭᠦᠳ ᠤᠨ ᠶᠡᠭᠡ ᠰᠤᠷᠭᠠᠭᠤᠯᠢ ᠶᠢ ᠪᠠᠶᠢᠭᠤᠯᠵᠤ᠂ ᠡᠯ᠎ᠡ ᠴᠦᠯᠭᠡ ᠳᠤ ᠮᠤᠩᠭᠤᠯ ᠪᠢᠴᠢᠭ ᠤᠨ ᠰᠤᠷᠭᠠᠭᠤᠯᠢ ᠪᠠᠶᠢᠭᠤᠯᠵᠤ ︽ᠨᠡᠪᠲᠡᠷᠭᠡᠢ ᠲᠤᠯᠢ ᠶᠢᠨ ᠴᠢᠬᠤᠯᠡ ᠬᠡᠰᠡᠭ︾ ᠢ ᠮᠤᠩᠭᠤᠯᠴᠢᠯᠠᠭᠤᠯᠵᠤ ᠰᠤᠷᠬᠤ ᠪᠢᠴᠢᠭ ᠪᠤᠯᠭᠠᠨ ᠮᠤᠩᠭᠤᠯ ᠪᠢᠴᠢᠭ ᠵᠢᠭᠠᠯᠭᠠᠪᠠ᠃ ᠬᠤᠪᠢᠯᠠᠢ ᠬᠠᠭᠠᠨ ᠤ ᠨᠢᠭᠡ ᠪᠠᠳᠠᠭ ᠰᠢᠯᠦᠭ᠄ ︽ᠬᠠᠪᠤᠷ ᠤᠨ ᠠᠭᠤᠯᠠᠨ᠎ᠠ ᠠᠪᠠᠷᠢᠨ ᠨᠠᠭᠠᠳᠤᠭᠰᠡᠨ ᠤᠷᠮᠠᠰᠢᠭᠤᠨ ᠲᠡᠮᠲᠡᠭᠯᠡᠯ︾᠄ ᠡᠷᠢᠨ ᠪᠤᠱᠤᠭᠯᠠᠵᠤ ᠦᠵᠡᠮᠵᠢ ᠰᠢᠨᠡᠲᠦᠭᠰᠡᠨ᠎ᠡ ᠬᠦᠵᠢ ᠶᠢᠨ ᠤᠷᠬᠢᠯ ᠳᠤᠷ ᠠᠪᠠᠷᠢᠯᠤᠭ᠎ᠠ ᠡᠰᠡ ᠬᠠᠯᠠᠰᠢᠷᠡᠨ ᠮᠠᠴᠤᠨ ᠭᠠᠷᠤᠭᠠᠳ ᠤᠬᠢ ᠲᠦᠷᠬᠦ ᠳᠤᠷ ᠪᠠᠷᠠᠳᠡᠪᠡᠢ ᠴᠡᠴᠡᠭ ᠤᠨ ᠦᠩᠭᠡ ᠮᠢᠷᠠᠯᠵᠠᠨ ᠲᠤᠶᠠᠭᠠᠷᠠᠭᠠᠳ ᠦᠯᠵᠡᠶᠢᠲᠤ ᠴᠠᠮᠴᠡ ᠯᠤᠭ᠎ᠠ ᠬᠤᠳᠬᠤᠯᠳᠤᠯᠤᠭ᠎ᠠ ᠴᠡᠭᠡᠨ ᠤᠲᠤᠭ᠎ᠠ ᠡᠪᠭᠡᠷᠡᠨ ᠲᠤᠨᠤᠷᠠᠭᠠᠳ ᠪᠡᠯᠭᠡᠲᠤ ᠭᠡᠷᠡᠯ ᠳᠠᠪᠬᠤᠴᠠᠪᠡᠢ ᠬᠠᠳᠠᠨ ᠤ ᠲᠤᠰᠢᠶᠠᠬᠢ ᠨᠤᠮᠢᠨ ᠬᠤᠯᠤᠰᠤ ᠪᠤᠷᠤᠭᠠᠨ ᠳᠤᠷ ᠤᠬᠢᠶᠠᠭᠳᠠᠨ ᠨᠤᠷᠯᠤᠭ᠎ᠠ ᠬᠠᠶᠢᠷᠬᠠᠨ ᠤ ᠬᠤᠭᠤᠷᠤᠨᠳᠣᠬᠢ ᠨᠠᠷᠠᠰᠤᠨ ᠰᠢᠭᠤᠢ ᠰᠠᠯᠬᠢᠨ ᠳᠤᠷ ᠡᠭᠡᠰᠢᠭᠯᠡᠨ ᠳᠠᠭᠤᠷᠢᠰᠤᠨᠠᠮ ᠠᠷᠢᠭᠤᠨ ᠬᠡᠶᠢᠳ ᠲᠤᠷ ᠬᠠᠰ ᠪᠢᠷ ᠢᠶᠠᠷ ᠪᠠᠷᠠᠳᠠᠯ ᠶᠤᠰᠤᠯᠠᠯ ᠬᠦᠢᠴᠡᠭᠡᠷᠤᠨ ᠠᠶᠠᠷᠯᠠᠨ ᠡᠭᠡᠭᠦᠶ᠎ᠡ ᠬᠤᠪᠢᠯᠭᠠᠨ ᠬᠦᠰᠭᠡ ᠪᠠᠨ ᠬᠦᠭᠡ ᠯᠤᠤ ᠶᠢ ᠬᠦᠯᠭᠡᠯᠡᠪᠡᠢ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号