ᠰᠢᠷ᠎ᠠ ᠲᠣᠰᠤ
ᠨᠡᠶᠢᠲᠡᠯᠡᠭᠰᠡᠨ ᠴᠠᠭ᠄
2019/9/20
 ᠰᠢᠷ᠎ᠠ ᠲᠣᠰᠤ ᠪᠤᠯ ᠨᠢᠯᠤᠭᠤᠨ ᠠᠮᠲᠠᠲᠠᠢ᠂ ᠳᠤᠩᠭᠠᠯᠠᠭ ᠰᠢᠷ᠎ᠠ ᠦᠩᠬᠡ ᠲᠠᠢ᠂ ᠢᠳᠡᠬᠦ ᠳᠤ ᠬᠤᠷᠴᠠ᠂ ᠥᠯ ᠰᠠᠶᠢᠲᠠᠢ ᠢᠳᠡᠭᠡᠨ ᠶᠤᠮ᠃ ᠠᠶᠢᠷᠠᠭ ᠶᠢ ᠪᠤᠯᠢᠵᠤ ᠪᠤᠯᠪᠠᠰᠤᠷᠠᠭᠤᠯᠤᠨ ᠴᠠᠭᠠᠨ ᠳᠤᠰᠤ ᠶᠢ ᠭᠠᠷᠭᠠᠵᠤ ᠠᠪᠤᠭᠠᠳ᠂ ᠳᠠᠬᠢᠨ ᠰᠢᠷᠠᠯᠠᠭᠤᠯᠵᠤ ᠰᠢᠷ᠎ᠠ ᠳᠤᠰᠤ ᠪᠤᠯᠭᠠᠵᠤ ᠰᠢᠯ ᠪᠤᠶᠤ ᠪᠤᠳᠤᠩ ᠳᠤ ᠬᠢᠵᠤ ᠤᠳᠠᠭᠠᠨ ᠬᠠᠳᠠᠭᠠᠯᠠᠵᠤ ᠪᠤᠯᠳᠠᠭ᠃ ᠰᠢᠷ᠎ᠠ ᠲᠤᠰᠤ ᠪᠤᠯ ᠬᠠᠯᠭᠤᠨ ᠪᠦᠯᠢᠶᠡᠨ ᠴᠢᠨᠠᠷᠲᠠᠢ᠂ ᠬᠡᠢ ᠶᠢ ᠲᠠᠷᠤᠵᠤ ᠲᠠᠮᠢᠷ ᠢ ᠰᠠᠡᠶᠢᠵᠢᠷᠭᠤᠯᠤᠨ᠂ ᠦᠩᠭᠡ ᠶᠢ ᠲᠡᠵᠢᠭᠡᠬᠦ᠂ ᠬᠦᠮᠤᠨ ᠤ ᠪᠡᠶ᠎ᠡ ᠶᠢᠨ ᠡᠷᠬᠦᠯ ᠮᠡᠠᠳᠤ ᠳᠤ ᠤᠯᠠᠨ ᠬᠡᠷᠡᠭᠴᠡᠭᠡ ᠲᠠᠢ᠂ ᠡᠮᠡᠳᠤ ᠴᠢᠨᠠᠷᠳᠠᠢ ᠡᠷᠬᠢᠮ ᠴᠢᠬᠤᠯᠠ ᠢᠳᠡᠬᠡᠨ ᠪᠤᠯᠤᠨ᠎ᠠ᠃ ᠭᠤᠤᠯᠳᠠᠭᠤ ᠪᠡᠶ᠎ᠡ ᠶᠢᠨ ᠭᠠᠳᠠᠷ ᠲᠠᠯ᠎ᠠ ᠠᠴᠠ ᠢᠯᠢᠵᠤ ᠨᠤᠬᠤᠯᠬᠤ ᠳᠤ ᠬᠡᠷᠡᠭᠯᠡᠵᠤ᠂ ᠭᠠᠷ ᠬᠠᠭᠠᠷᠬᠤ ᠳᠤ ᠲᠦᠷᠬᠢᠪᠠᠯ ᠰᠠᠶᠢᠡ ᠪᠦᠬᠡᠤᠨ ᠭᠠᠳᠠᠷ ᠪᠡᠶ᠎ᠠ ᠳᠤ ᠲᠦᠷᠬᠢᠪᠠᠯ ᠭᠠᠶᠢᠬᠠᠮᠰᠢᠠᠠᠳᠤ ᠣᠶᠢᠯᠠᠳᠤᠯ ᠲᠠᠢ ᠬᠦᠢᠲᠡᠨ ᠬᠡᠢ ᠶᠢ ᠲᠠᠭᠤᠵᠤ᠂ ᠢᠯᠴᠢ ᠨᠦᠬᠦᠪᠦᠷᠢᠯᠡᠵᠦ ᠦᠶ᠎ᠡ ᠭᠡᠰᠢᠭᠦᠦ ᠬᠤᠶᠠᠩ ᠢ ᠵᠠᠰᠠᠬᠤ ᠳᠤ ᠮᠠᠰᠢ ᠰᠠᠶᠢᠨ ᠦᠢᠯᠡᠳᠦᠯ ᠲᠠᠢ᠃ ᠢᠯᠠᠩᠭᠤᠶ᠎ᠠ ᠡᠪᠦᠯ᠂ ᠬᠠᠪᠤᠷ ᠰᠢᠷ᠎ᠠ ᠲᠣᠰᠤ ᠢᠳᠡᠪᠡᠯ ᠪᠡᠶ᠎ᠡ ᠶᠢ ᠳᠤᠯᠠᠭᠠᠴᠠᠭᠤᠯᠬᠤ ᠶᠢᠨ ᠬᠠᠮᠲᠤ ᠰᠠᠯᠬᠢᠨ ᠳᠤ ᠵᠢᠩᠭᠢᠨᠡᠵᠦ ᠳᠠᠭᠠᠷᠠᠭᠰᠠᠨ ᠠᠴᠠ ᠣᠯᠣᠭᠰᠠᠨ ᠭᠡᠮ ᠢ ᠵᠠᠰᠠᠳᠠᠭ᠂ ᠤᠳᠠᠭᠠᠨ ᠵᠢᠯ ᠬᠠᠳᠠᠭᠠᠯᠠᠭᠰᠠᠨ ᠰᠢᠷ᠎ᠠ ᠲᠣᠰᠤ ᠬᠦᠯᠳᠡᠭᠰᠡᠨ ᠰᠢᠷᠬ᠎ᠠ᠂ ᠭᠡᠳᠡᠰᠦ ᠬᠥᠭᠡᠭᠡᠬᠦ ᠡᠪᠡᠳᠴᠢᠨ᠂ ᠰᠢᠷ᠎ᠠ ᠤᠰᠤᠨ ᠤ ᠡᠪᠡᠳᠴᠢᠨ ᠵᠡᠷᠭᠡ ᠳᠤ ᠣᠨᠴᠠ ᠲᠣᠰᠠᠲᠠᠢ᠃ ᠴᠢᠬᠢ ᠱᠤᠤᠭᠢᠵᠤ ᠪᠠᠶᠢᠪᠠᠯ ᠨᠢᠭᠡ ᠲᠤᠰᠤᠯ ᠰᠢᠷ᠎ᠠ ᠲᠣᠰᠤ ᠬᠢᠵᠦ ᠵᠢᠭᠠᠬᠠᠨ ᠤᠳᠠᠪᠠᠯ ᠵᠦᠭᠡᠷ ᠪᠣᠯᠴᠢᠬᠠᠨ᠎ᠠ᠃ ︵ᠴᠢᠮᠦᠭᠡ ᠬᠦᠷᠦᠭᠰᠡᠨ ᠬᠦᠮᠦᠨ ᠳᠤ ᠰᠢᠷ᠎ᠠ ᠲᠣᠰᠤ ᠲᠠᠢ ᠮᠣᠩᠭᠤᠯ ᠠᠷᠢᠬᠢ ᠤᠤᠭᠤᠯᠭᠠᠪᠠᠯ ᠲᠦᠷᠭᠡᠨ ᠲᠤᠰᠠᠯᠠᠵᠤ ᠴᠢᠳᠠᠨ᠎ᠠ︶᠃ ᠳᠠᠭᠠᠷᠠᠵᠤ ᠪᠡᠭᠡᠷᠡᠭᠰᠡᠨ ᠠᠴᠠ ᠬᠦᠢᠰᠦᠨ ᠳᠡᠭᠡᠷ᠎ᠡ ᠡᠪᠡᠳᠴᠦ ᠬᠠᠳᠬᠤᠯᠠᠬᠤ ᠳᠤ ᠬᠠᠭᠤᠷᠤᠭᠰᠠᠨ ᠪᠤᠳᠠᠭᠠᠨ ᠤ ᠠᠭᠠᠭ ᠲᠠᠢ ᠰᠢᠷ᠎ᠠ ᠲᠣᠰᠤ ᠲᠠᠯᠪᠢᠪᠡᠯ ᠳᠠᠷᠤᠢ ᠳᠤ ᠨᠢ ᠡᠪᠡᠳᠬᠦ ᠶᠢ ᠨᠠᠮᠳᠠᠭᠠᠨ᠎ᠠ᠃ ᠪᠦᠰᠡᠭᠦᠶᠢᠴᠦᠳ ᠰᠠᠪᠠᠨ ᠤ ᠰᠡᠷᠢᠭᠦᠨ ᠢᠶᠠᠷ ᠰᠠᠷ᠎ᠠ ᠶᠢᠨ ᠭᠭᠢᠷ ᠢᠷᠡᠬᠦ ᠳᠤ ᠡᠪᠡᠳᠪᠡᠯ ᠰᠢᠷ᠎ᠠ ᠲᠣᠰᠤ ᠶᠢ ᠲᠦᠷᠬᠢᠵᠦ᠂ ᠴᠡᠪᠡᠷ ᠬᠠᠷ᠎ᠠ ᠬᠦᠬᠡ ᠳᠠᠪᠤᠤ ᠳᠤ ᠰᠢᠩᠭᠡᠭᠡᠵᠦ ᠵᠢᠩ ᠲᠠᠯᠪᠢᠪᠠᠯ ᠰᠠᠶᠢᠨ ᠪᠣᠯᠴᠢᠬᠠᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号