ᠮᠤᠩᠭᠤᠯᠴᠤᠤᠡ ᠤᠨ ᠴᠠᠭ ᠵᠠᠢ ᠶᠢᠨ ᠲᠦᠬᠦᠮ ᠬᠡᠮᠵᠢᠯᠳᠡ
ᠨᠡᠶᠢᠲᠡᠯᠡᠭᠰᠡᠨ ᠴᠠᠭ᠄
2019/9/4
ᠮᠤᠩᠭᠤᠯᠴᠤᠤᠡ ᠡᠷᠳᠡ ᠲᠡᠬᠡᠳᠤ ᠶᠢᠨ ᠥᠶ᠎ᠡ ᠠᠴᠠ ᠪᠠᠨ ᠴᠠᠭ᠂ ᠵᠠᠢ ᠶᠢ ᠬᠡᠮᠵᠢᠬᠦ ᠳᠡᠭᠡᠨ ᠦᠪᠡᠷ ᠤᠨ ᠢᠶᠠᠨ ᠭᠠᠷ᠂ ᠬᠦᠯ ᠪᠤᠶᠤ ᠪᠡᠶ᠎ᠡ ᠶᠢᠨ ᠮᠡᠳᠡᠷᠡᠮᠵᠢ ᠵᠢᠴᠢ ᠤᠶᠢᠯᠡᠤᠡᠪᠥᠷᠢᠯᠡᠯ᠂ ᠠᠮᠢᠳᠤᠷᠠᠯ ᠤᠨ ᠢᠶᠠᠨ ᠪᠤᠳᠠᠳᠡᠢ ᠲᠤᠬᠢᠶᠠᠯᠳᠤᠮᠵᠢ ᠪᠠᠷ ᠲᠦᠬᠦᠮ ᠬᠡᠮᠵᠢᠬᠦᠷ ᠪᠤᠯᠭᠠᠳᠠᠭ ᠪᠠᠶᠢᠵᠡᠢ᠂ ᠡᠳᠡᠬᠡᠷ ᠬᠡᠮᠵᠢᠯᠳᠡ ᠶᠢᠨ ᠲᠦᠬᠦᠮ ᠠᠷᠭ᠎ᠠ ᠨᠤᠭᠤᠳ ᠨᠢ ᠤᠳᠤ ᠴᠤ ᠪᠤᠳᠠᠳᠡᠢ ᠠᠮᠢᠳᠤᠷᠠᠯ ᠳᠤ ᠬᠡᠷᠡᠭᠯᠡᠭᠳᠡᠭᠰᠡᠬᠡᠷ ᠪᠠᠶᠢᠭ᠎ᠠ ᠶᠤᠮ᠃  ᠤᠶᠢᠯᠡ ᠬᠦᠳᠡᠯᠦᠯ ᠤᠨ ᠬᠡᠮᠵᠢᠯᠳᠡ  ᠬᠡᠳᠤᠬᠡᠨ ᠰᠧᠺᠦ᠋ᠨᠳ᠋ ᠤᠨ ᠤᠶᠢᠯᠡ ᠬᠦᠳᠡᠯᠦᠯ ᠢ ᠨᠢᠳᠤ ᠢᠷᠮᠡᠬᠦ ᠶᠢᠨ ᠵᠠᠭᠤᠷ᠎ᠠ᠂ ᠠᠮᠢᠰᠬᠤᠭ᠎ᠠ ᠠᠪᠬᠤ ᠶᠢᠨ ᠭᠱᠠᠨ ᠳᠤ᠂ ᠦᠨᠳᠡᠶᠢᠬᠦ ᠵᠠᠭᠤᠷ᠎ᠠ ᠳᠤ ᠬᠡᠬᠦ ᠮᠡᠳᠥᠴᠢᠯᠡᠨ ᠬᠡᠮᠵᠢᠶᠡᠯᠡᠳᠡᠭ᠃ ᠵᠢᠱᠢᠶᠠᠯᠡᠪᠡᠯ᠂ ᠲᠡᠷᠡ ᠬᠥᠮᠥᠨ ᠦᠨᠳᠡᠶᠢᠬᠦ ᠶᠢᠨ ᠵᠠᠭᠤᠷ᠎ᠠ ᠳᠤ ᠳᠠᠯᠳᠠ ᠤᠷᠤᠯ᠎ᠠ ᠬᠡᠬᠦ ᠮᠡᠳᠤ᠃  5 - 10 ᠮᠢᠨᠦ᠋ᠲ ᠤᠨ ᠴᠠᠭ ᠬᠤᠭᠤᠴᠠᠭᠠᠨ ᠤ ᠤᠶᠢᠯᠡ ᠬᠦᠳᠡᠯᠦᠯ ᠢ ᠲᠤᠭ ᠬᠡᠤᠡ ᠠᠪᠬᠤ ᠶᠢᠨ ᠵᠠᠭᠤᠷ᠎ᠠ᠂ ᠵᠡᠬᠦᠷᠮᠡᠭᠯᠡᠬᠡᠤᠡ ᠠᠪᠬᠤ ᠶᠢᠨ ᠬᠤᠭᠤᠷᠤᠨᠳᠤ ᠬᠡᠬᠦ ᠮᠡᠳᠤᠴᠢᠯᠡᠨ ᠬᠡᠮᠵᠢᠶᠡᠯᠡᠳᠡᠭ᠃ ᠵᠢᠱᠢᠶᠠᠯᠡᠪᠡᠯ᠂ ᠬᠦᠷᠦᠭᠴᠢ ᠥᠨᠢᠶ᠎ᠡ ᠲᠤᠭ ᠬᠡᠤᠡ ᠠᠪᠬᠤ ᠶᠢᠨ ᠵᠠᠭᠤᠷ᠎ᠠ ᠲᠤᠭᠤᠯᠯᠠᠴᠢᠬᠠᠪᠡ ᠬᠡᠬᠦ ᠮᠡᠳᠤ᠃  20 - 30 ᠮᠢᠨᠦ᠋ᠲ ᠤᠨ ᠴᠠᠭ ᠬᠤᠭᠤᠴᠠᠭᠠᠨ ᠤ ᠤᠶᠢᠯᠡ ᠬᠦᠳᠡᠯᠦᠯ ᠢ ᠲᠠᠮᠠᠬᠢ ᠲᠠᠳᠠᠬᠤ ᠶᠢᠨ ᠵᠠᠭᠤᠷ᠎ᠠ᠂ ᠴᠠᠢ ᠴᠢᠨᠠᠬᠤ ᠶᠢᠨ ᠬᠢᠷᠢ ᠳᠤ ᠬᠡᠬᠦ ᠮᠡᠳᠤᠴᠢᠯᠡᠨ ᠬᠡᠮᠵᠢᠶᠡᠯᠡᠳᠡᠭ᠃ ᠵᠢᠱᠢᠶᠡᠯᠡᠪᠡᠯ᠂ ᠤᠰᠤᠨ ᠳᠤ ᠶᠠᠪᠤᠭᠰᠠᠨ ᠬᠥᠮᠥᠨ ᠲᠠᠮᠠᠬᠢ ᠲᠠᠳᠠᠬᠤ ᠶᠢᠨ ᠵᠠᠭᠤᠷ᠎ᠠ ᠬᠥᠷᠥᠬᠡᠤᠡ ᠢᠷᠡᠯ᠎ᠡ ᠬᠡᠬᠦ ᠮᠡᠳᠥ᠃  ᠨᠢᠬᠡ ᠴᠠᠭ ᠰᠢᠬᠠᠮ ᠤᠨ ᠴᠠᠭ ᠬᠤᠭᠤᠴᠠᠭᠠᠨ ᠤ ᠤᠶᠢᠯᠡ ᠬᠦᠳᠡᠯᠦᠯ ᠢ ᠬᠡᠷ ᠪᠠᠷᠢᠬᠤ ᠶᠢᠨ ᠵᠠᠭᠤᠷ᠎ᠠ᠂ ᠬᠤᠨᠢ ᠵᠠᠷᠤᠬᠤ ᠵᠠᠭᠤᠷ᠎ᠠ ᠬᠡᠬᠦ ᠮᠡᠳᠥᠴᠢᠯᠡᠨ ᠬᠡᠮᠵᠢᠶᠡᠯᠡᠳᠡᠭ᠃ ᠵᠢᠱᠢᠶᠡᠯᠡᠪᠡᠯ᠂ ᠬᠤᠷᠰᠢᠶᠠᠨ ᠳᠤ ᠶᠠᠪᠤᠭᠰᠠᠨ ᠬᠥᠮᠥᠨ ᠬᠤᠨᠢ ᠵᠠᠷᠤᠬᠤ ᠵᠠᠭᠤᠷ᠎ᠠ ᠳᠤ ᠶᠠᠪᠤᠭᠠᠤᠡ ᠢᠷᠡᠴᠢᠬᠡᠯ᠎ᠡ ᠬᠡᠬᠦ ᠮᠡᠳᠤ᠃  ᠠᠶᠠᠨ ᠵᠠᠮ ᠤᠨ ᠬᠡᠮᠵᠢᠯᠳᠡ  ᠨᠢᠬᠡ ᠠᠯᠬᠤᠮ ᠤᠨ ᠵᠠᠢ — ᠪᠥᠳᠥᠬᠦᠨ ᠬᠥᠮᠥᠰ ᠤᠨ ᠡᠩ ᠤᠨ ᠨᠢᠬᠡ ᠠᠯᠬᠤᠮ ᠢ ᠬᠡᠯᠡᠳᠡᠭ᠂ ᠶᠡᠭᠡ ᠲᠦᠯᠦᠪ 60 ᠰᠡᠨᠲ᠋ᠢᠮᠧᠳ᠋ᠷ ᠤᠷᠴᠢᠮ ᠤᠨ ᠬᠡᠮᠵᠢᠶ᠎ᠡ ᠪᠤᠯᠤᠨ᠎ᠠ᠃  ᠲᠤᠭᠤᠯ ᠤᠨ ᠪᠡᠯᠴᠢᠬᠡᠷ — ᠲᠤᠭᠤᠯ ᠤᠨ ᠪᠡᠯᠴᠢᠵᠤ ᠬᠥᠷᠳᠡᠭ ᠭᠠᠵᠠᠷ ᠤᠨ ᠬᠡᠮᠵᠢᠶ᠎ᠡ ᠶᠢ ᠬᠡᠯᠡᠳᠡᠭ᠂ ᠶᠡᠭᠡ ᠲᠦᠯᠦᠪ 3 - 4 ᠭᠠᠵᠠᠷ ᠤᠨ ᠬᠡᠮᠵᠢᠶ᠎ᠡ ᠤᠷᠴᠢᠮ᠃ ᠵᠢᠱᠢᠶᠡᠯᠡᠪᠡᠯ᠂ ᠲᠤᠭᠤᠯ ᠤᠨ ᠪᠡᠯᠴᠢᠬᠡᠷ ᠠᠴᠠ ᠪᠠᠨ ᠭᠠᠷᠤᠭ᠎ᠠ ᠥᠬᠡᠢ ᠬᠡᠬᠦ ᠮᠡᠳᠤ᠃ ᠬᠤᠨᠢᠨ ᠤ ᠪᠡᠯᠴᠢᠬᠡᠷ — ᠬᠤᠨᠢᠨ ᠰᠥᠷᠥᠭ ᠤᠨ ᠪᠡᠯᠴᠢᠵᠤ ᠬᠥᠷᠳᠡᠭ ᠭᠠᠵᠠᠷ ᠤᠨ ᠬᠡᠮᠵᠢᠶ᠎ᠡ ᠶᠢ ᠬᠡᠯᠡᠳᠡᠭ᠂ ᠪᠠᠷᠤᠭ 8 - 10 ᠭᠠᠵᠠᠷ ᠤᠨ ᠤᠷᠴᠢᠮ᠃ ᠵᠢᠱᠢᠶᠡᠯᠡᠪᠡᠯ᠂ ᠡᠳᠤᠢ ᠶᠠᠪᠤᠴᠢᠬᠠᠭᠠᠤᠡ ᠬᠤᠨᠢᠨ ᠤ ᠪᠡᠯᠴᠢᠬᠡᠷ ᠠᠴᠠ ᠪᠠᠨ ᠭᠠᠷᠤᠭ᠎ᠠ ᠥᠬᠡᠢ ᠰᠢᠥ ᠬᠡᠬᠦ ᠮᠡᠳᠤ᠃  ᠠᠳᠤᠭᠤᠨ ᠤ ᠪᠡᠯᠴᠢᠬᠡᠷ — ᠠᠳᠤᠭᠤᠨ ᠤ ᠪᠡᠯᠴᠢᠵᠤ ᠬᠥᠷᠳᠡᠭ ᠭᠠᠵᠠᠷ ᠤᠨ ᠬᠡᠮᠵᠢᠶ᠎ᠡ ᠶᠢ ᠬᠡᠯᠡᠳᠡᠭ᠂ ᠶᠡᠭᠡ ᠲᠦᠯᠦᠪ 30 ᠊ 40 ᠭᠠᠵᠠᠷ ᠤᠨ ᠤᠷᠴᠢᠮ᠃ ᠵᠢᠱᠢᠶᠠᠯᠡᠪᠡᠯ᠂ ᠰᠠᠶ᠋ᠢ ᠯᠠ ᠠᠳᠤᠭᠤᠨ ᠤ ᠪᠡᠯᠴᠢᠬᠡᠷ ᠠᠴᠠ ᠪᠠᠨ ᠭᠠᠷᠴᠤ ᠪᠠᠶᠢᠨ᠎ᠠ ᠬᠡᠬᠦ ᠮᠡᠳᠤ᠃  ᠬᠠᠭᠠᠰ ᠡᠳᠤᠷ ᠤᠨ ᠭᠠᠵᠠᠷ — ᠮᠤᠷᠢᠳᠡᠢ ᠬᠥᠮᠥᠨ ᠡᠩ ᠤᠨ ᠶᠠᠪᠤᠭ᠎ᠠ ᠪᠠᠷ ᠬᠠᠭᠠᠰ ᠡᠳᠤᠷ ᠠᠶᠠᠯᠠᠬᠤ ᠭᠠᠵᠠᠷ ᠢ ᠬᠡᠯᠡᠳᠡᠭ᠂ ᠶᠡᠭᠡ ᠲᠦᠯᠦᠪ 80 - 90 ᠭᠠᠵᠠᠷ ᠤᠨ ᠤᠷᠴᠢᠮ᠃ ᠵᠢᠱᠢᠶᠡᠯᠡᠪᠡᠯ᠂ ᠪᠤᠷᠤ ᠲᠤᠯᠤᠭᠠᠢ ᠬᠥᠷᠳᠡᠯ᠎ᠡ ᠬᠠᠭᠠᠰ ᠡᠳᠤᠷ ᠤᠨ ᠵᠠᠮ ᠬᠦᠬᠡᠬᠡᠨ᠎ᠡ ᠬᠡᠬᠦ ᠮᠡᠳᠤ᠃  ᠬᠤᠨᠤᠭ ᠤᠨ ᠭᠠᠵᠠᠷ — ᠮᠤᠷᠢᠳᠡᠢ ᠬᠥᠮᠥᠨ ᠤ ᠡᠩ ᠤᠨ ᠶᠠᠪᠤᠭ᠎ᠠ ᠪᠠᠷ ᠡᠳᠥᠷᠵᠢᠨ ᠠᠶᠠᠯᠠᠬᠤ ᠭᠠᠵᠠᠷ ᠢ ᠬᠡᠯᠡᠳᠡᠭ᠂ ᠪᠠᠷᠤᠭᠴᠠᠭᠠᠯᠠᠪᠠᠯ 150 - 180 ᠭᠠᠵᠠᠷ ᠤᠨ ᠤᠷᠴᠢᠮ᠃ ᠵᠢᠱᠢᠶᠡᠯᠡᠪᠡᠯ᠂ ᠬᠤᠷᠴᠢᠨ ᠤᠪᠤᠭ᠎ᠠ ᠬᠥᠷᠳᠡᠯ᠎ᠡ ᠬᠤᠨᠤᠭ ᠤᠨ ᠭᠠᠵᠠᠷ ᠪᠤᠢ ᠬᠡᠬᠦ ᠮᠡᠳᠤ᠃  ᠦᠨᠵᠢᠬᠦᠳᠡ ᠶᠢᠨ ᠭᠠᠵᠠᠷ — ᠮᠤᠷᠢᠳᠡᠢ ᠬᠥᠮᠥᠨ ᠤ ᠡᠩ ᠤᠨ ᠶᠠᠪᠤᠭ᠎ᠠ ᠪᠠᠷ ᠬᠤᠶᠠᠷ ᠡᠳᠥᠷ ᠤᠨ ᠠᠶᠠᠯᠠᠬᠤ ᠭᠠᠵᠠᠷ ᠢ ᠬᠡᠯᠡᠳᠡᠭ᠃ ᠶᠡᠭᠡ ᠲᠦᠯᠦᠪ 240 - 380 ᠭᠠᠵᠠᠷ ᠤᠷᠴᠢᠮ᠃ ᠴᠢᠨᠠᠭᠰᠢ ᠪᠠᠨ ᠬᠡᠳᠤ ᠬᠡᠳᠤᠨ ᠬᠤᠨᠤᠭ ᠤᠨ ᠭᠠᠵᠠᠷ ᠬᠡᠵᠤ ᠶᠠᠷᠢᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号