| | ᠨᠢᠺᠣᠯᠠ · ᠺᠣᠫᠧᠷᠨᠢᠺ ︵1473 ᠣᠨ ᠤ 2 ᠰᠠᠷ᠎ᠠ ᠶᠢᠨ 19 ᠤ ᠡᠳᠦᠷ -1543 ᠣᠨ ᠤ 5 ᠰᠠᠷ᠎ᠠ | ᠶᠢᠨ 24 ᠡᠳᠦᠷ︶ ᠪᠣᠯ ᠫᠣᠯᠱᠠ ᠶᠢᠨ ᠲᠣᠭᠠᠨ ᠤ ᠣᠬᠠᠭᠠᠨᠳᠠᠨ᠂ ᠣᠳᠣᠨ ᠣᠷᠣᠨ ᠤ ᠣᠬᠠᠭᠠᠨᠳᠠᠨ᠂ ᠲᠡᠷᠡ ᠨᠠᠷᠠ | ᠪᠠᠷ ᠲᠦᠪᠯᠡᠬᠦ ᠦᠵᠡᠯ ᠤᠨ ᠵᠠᠭᠪᠣᠷ ᠢ ᠠᠩᠬᠠᠯᠠᠨ ᠪᠦᠳᠦᠭᠡᠵᠦ ᠭᠠᠷᠭᠠᠭᠰᠠᠨ ᠬᠦᠮᠦᠨ ᠶᠣᠮ᠃ ᠺᠣᠫᠧᠷᠨᠢᠺ ᠱᠠᠰᠢᠨ ᠤ | ᠨᠡᠶᠢᠭᠡᠮᠯᠢᠭ ᠠᠴᠠ ᠬᠠᠣᠯᠢ ᠶᠢᠨ ᠣᠬᠠᠭᠠᠨ ᠤ ᠳ᠋ᠣᠺᠲ᠋ᠣᠷ ᠵᠡᠷᠭᠡ ᠬᠠᠮᠠᠭᠠᠯᠠᠵᠠᠢ᠃ ᠡᠭᠦᠨ ᠤ ᠬᠠᠮᠳᠣ ᠮᠦᠨ ᠨᠢᠭᠡᠨ | ᠲᠣᠰᠬᠠᠢ ᠮᠡᠷᠭᠡᠵᠢᠯ ᠤᠨ ᠡᠮᠴᠢ ᠬᠦᠮᠦᠨ ᠪᠢᠯᠡ᠃ ᠲᠡᠷᠡ ᠯᠠᠲ᠋ᠢᠨ ᠬᠡᠯᠡ ᠳᠤ ᠴᠠᠭᠠᠷᠠᠭᠰᠠᠨ ᠢᠶᠠᠷ ᠪᠠᠷᠠᠬᠤ ᠦᠭᠡᠢ᠂ | ᠭᠧᠷᠮᠠᠨ ᠬᠡᠯᠡ᠂ ᠫᠣᠯᠱᠠ ᠬᠡᠯᠡ ᠳᠤ ᠨᠡᠪᠳᠡᠷᠡᠭᠰᠡᠨ ᠪᠦᠭᠡᠳ ᠪᠠᠰᠠ ᠭᠷᠢᠭ ᠬᠡᠯᠡ᠂ ᠢᠲ᠋ᠠᠯᠢ ᠵᠡᠷᠭᠡ ᠶᠢᠨ ᠣᠯᠠᠨ ᠬᠡᠯᠡᠨ | ᠳᠤ ᠪᠦᠷ ᠭᠠᠷᠮᠠᠭᠠᠢ ᠪᠠᠶᠢᠵᠣ᠂᠂ ᠰᠣᠩᠭᠤᠳᠠᠭ ᠣᠳᠬ᠎ᠠ ᠵᠣᠬᠢᠶᠠᠯ ᠳᠤ ᠴᠣ᠋ ᠨᠡᠪᠳᠡᠷᠬᠡᠢ ᠬᠦᠮᠦᠨ ᠪᠢᠯᠡ᠃ ᠮᠦᠨ | ᠨᠢᠭᠡᠨ ᠮᠠᠰᠢ ᠰᠠᠶᠢᠨ ᠣᠷᠴᠢᠭᠤᠯᠣᠭᠴᠢ ᠪᠠᠶᠢᠪᠠ᠃ ᠲᠡᠷᠡ ᠪᠠᠰᠠ ᠲᠦᠷᠦ ᠶᠢᠨ ᠠᠯᠪᠠᠨ ᠳᠤ ᠨᠣᠶᠠᠨ ᠰᠠᠭᠤᠵᠣ | ᠪᠠᠶᠢᠭᠰᠠᠨ ᠪᠦᠭᠡᠳ ᠭᠠᠳᠠᠭᠠᠳᠣ ᠬᠠᠷᠢᠯᠴᠠᠭ᠎ᠠ ᠶᠢᠨ ᠨᠣᠶᠠᠨ ᠴᠣ᠋ ᠰᠠᠭᠤᠵᠣ ᠦᠩᠭᠡᠷᠡᠵᠡᠢ᠃ ᠲᠡᠷᠡ ᠪᠠᠰᠠ ᠠᠵᠣ | ᠠᠬᠤᠢ ᠶᠢᠨ ᠣᠬᠠᠭᠠᠨᠳᠠᠨ ᠴᠣ᠋ ᠪᠠᠶᠢᠵᠠᠢ᠃ ᠭᠡᠶ᠎ᠡ ᠰᠡᠬᠦᠯ ᠤᠨ ᠬᠡᠳᠦᠨ ᠵᠦᠢᠯ ᠳᠤ ᠰᠣᠷᠣᠯᠭ᠎ᠠ ᠶᠢᠨ ᠨᠠᠮᠳᠠᠷ ᠪᠠᠶᠢᠬᠤ | ᠦᠭᠡᠢ᠃ 1517 ᠣᠨ ᠳᠤ ᠺᠣᠫᠧᠷᠨᠢᠺ ᠮᠦᠩᠭᠦᠨ ᠬᠦᠢᠯᠡᠯᠭᠡᠨ ᠤ ᠵᠣᠭᠤᠰ ᠢ ᠲᠣᠭᠠᠴᠢᠯᠠᠬᠤ ᠣᠨᠣᠯ ᠢ ᠲᠣᠷᠠᠳᠣᠨ | ᠭᠠᠷᠭᠠᠵᠠᠢ᠃ ᠡᠨᠡ ᠨᠢ ᠲᠣᠬᠠᠢ ᠶᠢᠨ ᠦᠶ᠎ᠡ ᠶᠢᠨ ᠠᠵᠣ ᠠᠬᠤᠢ ᠳᠤ ᠴᠢᠬᠤᠯᠠ ᠪᠣᠯᠬᠤ ᠰᠠᠭᠤᠷᠢ ᠪᠣᠯᠵᠣ ᠪᠠᠶᠢᠯ᠎ᠠ᠃ | 1519 ᠣᠨ ᠳᠤ ᠲᠡᠷᠡ ᠪᠠᠰᠠ ᠬᠠᠮᠤᠭ ᠣᠷᠢᠳᠠᠪᠠᠷ᠂ ᠮᠠᠭᠤᠳᠠᠭᠰᠠᠨ ᠵᠣᠭᠤᠰ ᠰᠠᠶᠢᠨ ᠵᠣᠭᠤᠰ ᠢ ᠬᠦᠢᠯᠡᠯᠭᠡᠨ | ᠠᠴᠠ ᠦᠯᠳᠡᠬᠦ ᠣᠨᠣᠯ ᠢ ᠲᠣᠷᠠᠳᠣᠨ ᠭᠠᠷᠭᠠᠵᠠᠢ᠃ 1514 ᠣᠨ ᠠᠴᠠ ᠡᠮᠦᠨ᠎ᠡ ᠶᠠᠮᠠᠷ ᠨᠢᠭᠡᠨ ᠴᠠᠭ ᠲᠤ᠂ | ᠺᠣᠫᠧᠷᠨᠢᠺ ᠨᠠᠷᠠ ᠪᠠᠷ ᠲᠦᠪᠯᠡᠬᠦ ᠰᠣᠷᠭᠠᠯ ᠤᠨ ᠣᠨᠣᠯ ᠤᠨ ᠠᠩᠬᠠᠨ ᠤ ᠬᠦᠳᠦᠯᠪᠦᠷᠢ ᠪᠠᠨ ᠲᠣᠭᠤᠷᠪᠢᠵᠠᠢ᠃ ᠡᠨᠡᠬᠦ | ᠨᠣᠮ ᠢᠶᠠᠨ ᠲᠡᠷᠡ ᠬᠡᠪᠯᠡᠬᠦᠯᠦᠭᠰᠡᠨ ᠦᠭᠡᠢ᠂ ᠵᠦᠪᠬᠡᠨ ᠭᠠᠷ ᠪᠢᠴᠢᠮᠡᠯ ᠢᠶᠠᠷ ᠬᠡᠳᠦᠨ ᠬᠤᠪᠢ ᠬᠠᠭᠤᠯᠣᠨ ᠨᠠᠶᠢᠵᠠ | ᠨᠦᠬᠦᠳ ᠲᠡᠭᠡᠨ ᠪᠡᠯᠡᠭᠯᠡᠵᠦ ᠪᠠᠶᠢᠪᠠ᠃ ᠡᠨᠡᠬᠦ ᠨᠣᠮ ᠢ ᠨᠢ ᠲᠦᠭᠦᠮᠴᠢᠯᠡᠨ ︽ᠣᠬᠤᠷ ᠤᠨ ᠲᠣᠬᠠᠢ︾ ᠭᠡᠳᠡᠭ ᠨᠡᠷ᠎ᠡ | ᠦᠭᠴᠡᠢ᠃ ᠡᠨᠡᠬᠦ ᠨᠣᠮ ᠳᠤ ᠲᠡᠷᠡ ᠠᠩᠬ᠎ᠠ ᠣᠳᠠᠭ᠎ᠠ ᠨᠠᠷᠠ ᠪᠠᠷ ᠲᠦᠪᠯᠡᠬᠦ ᠰᠣᠷᠭᠠᠯ ᠤᠨ ᠲᠣᠬᠠᠢ ᠠᠩᠬᠠᠨ ᠤ | ᠣᠨᠣᠯ ᠢ ᠲᠦᠭᠦᠮ ᠲᠣᠷᠠᠳᠴᠠᠢ᠃ ᠡᠨᠡᠬᠦ ᠨᠣᠮ ᠨᠢ ︽ᠣᠳᠣᠨ ᠣᠷᠣᠨ ᠤ ᠣᠷᠴᠢᠯ ᠤᠨ ᠲᠣᠬᠠᠢ︾ ᠭᠡᠳᠡᠭ ᠨᠣᠮ | ᠲᠠᠢ ᠠᠳᠠᠯᠢ ᠦᠭᠡᠢ ᠲᠠᠯ᠎ᠠ ᠨᠢ ᠲᠡᠭᠦᠨ ᠳᠤ ᠲᠣᠭᠠᠨ ᠤ ᠣᠬᠠᠭᠠᠨ ᠤ ᠲᠠᠯ᠎ᠠ ᠪᠠᠷ ᠬᠢᠭᠰᠡᠨ ᠨᠠᠷᠢᠯᠢᠭ ᠭᠡᠷᠡᠴᠢᠯᠡᠯ | ᠪᠣᠯᠬᠤ ᠠᠭᠤᠯᠭ᠎ᠠ ᠦᠭᠡᠢ᠂ ᠵᠦᠪᠬᠡᠨ ᠲᠡᠯᠡᠬᠡᠢ ᠶᠢᠨ ᠪᠦᠮᠪᠦᠷᠴᠡᠭ ᠤᠨ ᠭᠤᠷᠪᠠᠨ ᠶᠡᠭᠡ ᠣᠷᠴᠢᠯ ᠤᠨ ᠵᠢᠮ᠎ᠡ ᠶᠣᠰᠣᠨ | ᠤ ᠲᠠᠯ᠎ᠠ ᠪᠠᠷ ᠲᠦᠰᠦᠭᠡᠯᠡᠯ ᠬᠢᠭᠰᠡᠨ ᠲᠡᠳᠦᠶᠢᠯᠡ ᠪᠠᠶᠢᠵᠠᠢ᠃ ᠡᠬᠦᠨ ᠠᠴᠠ ᠦᠵᠡᠪᠡᠯ ᠺᠣᠫᠧᠷᠨᠢᠺ ︽ᠣᠬᠤᠷ ᠤᠨ | ᠲᠣᠬᠠᠢ︾ ᠭᠡᠳᠡᠭ ᠨᠣᠮ ᠢᠶᠠᠨ ︽ᠣᠳᠣᠨ ᠣᠷᠣᠨ ᠤ ᠣᠷᠴᠢᠯ ᠤᠨ ᠲᠣᠬᠠᠢ︾ ᠭᠡᠳᠡᠭ ᠨᠣᠮ ᠤᠨ ᠢᠶᠠᠨ ᠠᠩᠬᠠᠨ ᠤ | ᠨᠣᠣᠷᠠᠭ ᠲᠡᠳᠦᠢ ᠪᠠᠷ ᠪᠡᠯᠡᠳᠭᠡᠵᠦ ᠪᠠᠶᠢᠭᠰᠠᠨ ᠠᠵᠠᠢ᠃ ᠲᠡᠷᠡ 1515 ᠣᠨ ᠠᠴᠠ ᠡᠬᠢᠯᠡᠨ ᠭᠤᠴᠢᠭᠠᠳ ᠵᠢᠯ ᠤᠨ | ᠬᠤᠭᠤᠷᠣᠨᠳᠣ ᠣᠳᠣᠨ ᠤ ᠣᠷᠣᠨ ᠤ ᠲᠣᠬᠠᠢ ᠠᠵᠢᠭᠯᠠᠯᠳᠠ᠂ ᠣᠨᠴᠠᠭᠠᠶᠢᠯᠠᠨ ᠨᠠᠷᠠ ᠭᠬᠢᠷᠳᠦᠬᠦ ᠲᠣᠬᠠᠢ ᠠᠵᠢᠭᠯᠠᠯᠳᠠ | ᠪᠠᠨ ᠲᠠᠰᠣᠯᠳᠠᠯ ᠦᠭᠡᠢ ᠨᠠᠷᠢᠯᠢᠭ ᠬᠢᠨᠠᠮᠠᠭᠠᠢ ᠬᠢᠵᠦ ᠪᠠᠶᠢᠪᠠ᠃ ᠭᠡᠶ᠎ᠡ ᠡᠨᠡᠬᠦ ︽ᠣᠬᠤᠷ ᠤᠨ ᠲᠣᠬᠠᠢ︾ ᠭᠡᠳᠡᠭ ᠨᠣᠮ | ᠨᠢ ᠠᠯᠢ ᠬᠤᠵᠢᠮ 1878 ᠣᠨ ᠳᠤ ᠰᠠᠶ᠋ᠢ ᠲᠦᠷᠦᠭᠦᠥ ᠣᠳᠠᠭ᠎ᠠ ᠬᠡᠪᠯᠡᠭᠳᠡᠭᠰᠡᠨ ᠶᠣᠮ᠃ ᠡᠨᠡᠬᠦ ᠨᠣᠮ ᠤᠨ ᠭᠤᠣᠯ | ᠪᠣᠯᠬᠤ ᠠᠭᠤᠯᠭ᠎ᠠ ᠶᠢ ᠲᠣᠪᠴᠢᠯᠠᠪᠠᠯ᠄ ᠺᠣᠫᠧᠷᠨᠢᠺ ᠲᠣᠣᠷᠠᠬᠢ ᠮᠡᠳᠦ ᠴᠢᠬᠤᠯᠠ ᠪᠣᠯᠬᠤ ᠲᠦᠰᠦᠭᠡᠯᠡᠯ ᠬᠢᠭᠰᠡᠨ ᠪᠠᠶᠢᠨ᠎ᠠ | ᠃ ᠲᠠᠷᠣᠢ᠄ ᠨᠢᠭᠡ᠂ ᠣᠷᠴᠢᠯᠠᠩ ᠪᠣᠯ ᠠᠰᠣᠷᠣ ᠲᠣᠮᠣ ᠪᠦᠭᠡᠷᠡᠩᠬᠡᠢ ᠪᠦᠳᠦᠴᠡ᠂ ᠲᠡᠭᠦᠨ ᠳᠤ ᠲᠦᠪ ᠪᠠᠶᠢᠬᠤ ᠦᠭᠡᠢ | ᠃ ᠬᠤᠶᠠᠷ᠂ ᠲᠡᠯᠡᠬᠡᠢ ᠶᠢᠨ ᠪᠦᠮᠪᠦᠷᠴᠡᠭ ᠤᠨ ᠲᠦᠪ ᠨᠢ ᠣᠷᠴᠢᠯᠠᠩ ᠤᠨ ᠲᠦᠪ ᠪᠢᠰᠢ᠂ ᠵᠦᠪᠬᠡᠨ ᠲᠡᠯᠡᠬᠡᠢ ᠶᠢᠨ | ᠪᠦᠮᠪᠦᠷᠴᠡᠭ ᠪᠣᠯᠣᠨ ᠰᠠᠷᠠᠨ ᠪᠦᠮᠪᠦᠷᠴᠡᠭ ᠤᠨ ᠬᠦᠨᠳᠦ ᠶᠢᠨ ᠲᠦᠪ ᠲᠡᠳᠦᠢ᠃ ᠭᠤᠷᠪᠠ᠂ ᠪᠣᠢ ᠪᠦᠬᠦᠢ ᠣᠳᠣᠨ | ᠪᠦᠮᠪᠦᠷᠴᠡᠭ ᠪᠦᠷ ᠨᠠᠷᠠ ᠪᠠᠷ ᠲᠦᠪ ᠪᠣᠯᠭᠠᠨ ᠣᠷᠴᠢᠯᠳᠣᠵᠣ ᠪᠠᠶᠢᠨ᠎ᠠ᠃ ᠡᠶᠢᠮᠦ ᠠᠴᠠ ᠨᠠᠷᠠ ᠪᠣᠯ ᠣᠷᠴᠢᠯᠠᠩ ᠤᠨ | ᠲᠦᠪ ᠪᠣᠯᠣᠨ᠎ᠠ᠃ ᠲᠦᠷᠪᠡ᠂ ᠲᠡᠯᠡᠬᠡᠢ ᠶᠢᠨ ᠪᠦᠮᠪᠦᠷᠴᠡᠭ ᠨᠠᠷᠠ ᠪᠠᠨ ᠲᠠᠭᠠᠵᠣ ᠡᠷᠬᠢᠵᠣ ᠪᠠᠶᠢᠨ᠎ᠠ ᠁ ᠭᠡᠬᠦ | ᠵᠡᠷᠭᠡ ᠪᠣᠯᠣᠨ᠎ᠠ᠃ ᠨᠢᠺᠣᠯᠠ · ᠺᠣᠫᠧᠷᠨᠢᠺ 1543 ᠣᠨ ᠳᠤ ᠨᠠᠰᠣ ᠪᠠᠷᠠᠬᠤ ᠠᠴᠠ ᠪᠠᠨ ᠡᠮᠦᠨ᠎ᠡ ︽ᠣᠳᠣᠨ | ᠣᠷᠣᠨ ᠤ ᠣᠷᠴᠢᠯ ᠤᠨ ᠲᠣᠬᠠᠢ︾ ᠭᠡᠳᠡᠭ ᠨᠣᠮ ᠢᠶᠠᠨ ᠬᠡᠪᠯᠡᠨ ᠲᠠᠷᠬᠠᠭᠠᠵᠠᠢ᠃ ᠬᠦᠮᠦᠰ ᠤᠨ ᠨᠡᠶᠢᠳᠡᠮ | ᠵᠦᠪᠰᠢᠶᠡᠷᠡᠵᠦ ᠪᠠᠶᠢᠭ᠎ᠠ ᠪᠠᠷ ᠲᠣᠰ ᠨᠣᠮ ᠪᠣᠯ ᠣᠳᠣ ᠦᠶ᠎ᠡ ᠶᠢᠨ ᠣᠳᠣᠨ ᠣᠷᠣᠨ ᠤ ᠰᠣᠳᠣᠯᠣᠯ ᠤᠨ ᠰᠢᠨᠵᠢᠯᠡᠭᠡᠨ | ᠤ ᠡᠬᠢᠯᠡᠯᠳᠡ ᠪᠦᠭᠡᠳ ᠵᠦᠪ ᠣᠨᠣᠪᠴᠢᠳᠠᠢ ᠵᠠᠮ ᠪᠣᠯᠣᠨ᠎ᠠ ᠭᠡᠳᠡᠭ ᠲᠤ ᠡᠷᠡᠭᠡᠯᠵᠡᠯ ᠦᠭᠡᠢ ᠦᠵᠡᠯᠳᠡ ᠲᠠᠢ ᠠᠵᠠᠢ᠃ | ᠡᠶᠢᠮᠦ ᠠᠴᠠ ᠺᠣᠫᠧᠷᠨᠢᠺ ᠣᠳᠣᠨ ᠣᠷᠣᠨ ᠤ ᠰᠣᠳᠣᠯᠣᠯ ᠤᠨ ᠬᠤᠪᠢᠰᠬᠠᠯ ᠢ ᠡᠬᠢᠯᠡᠭᠦᠯᠦᠭᠰᠡᠨ ᠬᠦᠮᠦᠨ ᠪᠠ ᠵᠦᠪ | ᠵᠠᠮ ᠢ ᠨᠢ ᠵᠢᠭᠠᠵᠣ ᠵᠢᠯᠣᠭᠤᠳᠣᠭᠰᠠᠨ ᠬᠦᠮᠦᠨ ᠪᠣᠯᠵᠣ᠂ ᠣᠳᠣ ᠦᠶ᠎ᠡ ᠶᠢᠨ ᠰᠢᠨᠵᠢᠯᠡᠬᠦ ᠣᠬᠠᠭᠠᠨ ᠤ ᠦᠨᠡᠨ ᠶᠣᠰᠣ | ᠶᠢ ᠢᠯᠡᠷᠡᠬᠦᠯᠦᠭᠰᠡᠨ ᠪᠦᠭᠡᠳ ᠲᠡᠭᠦᠨ ᠳᠤ ᠪᠠᠯᠠᠷᠠᠰᠢ ᠦᠭᠡᠢ ᠭᠠᠪᠢᠶ᠎ᠠ ᠵᠢᠳᠭᠦᠯ ᠦᠵᠡᠬᠦᠯᠵᠡᠢ ᠭᠡᠵᠦ ᠦᠨᠡᠯᠡᠵᠦ | ᠪᠠᠶᠢᠭ᠎ᠠ ᠪᠦᠭᠡᠳ᠂ ᠬᠦᠮᠦᠨ ᠲᠦᠷᠦᠯᠬᠢᠳᠡᠨ ᠢ ᠱᠠᠰᠢᠨ ᠤ ᠮᠣᠬᠤᠷ ᠪᠢᠰᠢᠷᠡᠯ ᠤᠨ ᠠᠩᠬᠢᠵᠢᠷᠠᠭᠤᠯᠣᠨ᠂ ᠣᠳᠣ ᠦᠶ᠎ᠡ | ᠶᠢᠨ ᠰᠢᠨᠵᠢᠯᠡᠬᠦ ᠣᠬᠠᠭᠠᠨ ᠤ ᠬᠤᠪᠢᠰᠬᠠᠯ ᠢ ᠡᠬᠢᠯᠡᠭᠦᠯᠦᠭᠰᠡᠨ ᠬᠦᠮᠦᠨ ᠪᠣᠯᠣᠨ᠎ᠠ ᠬᠡᠵᠦ ᠦᠨᠡᠯᠡᠵᠦ ᠪᠠᠶᠢᠨ᠎ᠠ᠃ | 1543 ᠣᠨ ᠤ 5 ᠰᠠᠷ᠎ᠠ ᠶᠢᠨ 24 ᠡᠳᠦᠷ᠂ ᠨᠢᠺᠣᠯᠠ · ᠺᠣᠫᠧᠷᠨᠢᠺ ᠨᠠᠰᠣ ᠪᠠᠷᠠᠵᠠᠢ᠃ ᠲᠡᠷᠡ ᠨᠢᠭᠡᠨ ᠨᠠᠰᠣᠨ | ᠳᠠᠭᠠᠨ ᠬᠤᠷᠢᠮᠯᠠᠭᠰᠠᠨ ᠦᠭᠡᠢ ᠪᠣᠯᠬᠤᠷ ᠲᠡᠭᠦᠨ ᠳᠤ ᠦᠷ᠎ᠡ ᠬᠡᠣᠬᠡᠳ ᠭᠡᠵᠦ ᠦᠭᠡᠢ᠃ ᠣᠯᠠᠮᠵᠢᠯᠠᠯ ᠶᠠᠷᠢᠶᠠᠨ ᠳᠤ | ᠬᠡᠯᠡᠬᠦ ᠪᠠᠷ ᠲᠡᠭᠦᠨ ᠢ ᠨᠠᠰᠣ ᠪᠠᠷᠠᠬᠤ ᠦᠶ᠎ᠡ ᠳᠤ᠂ ᠨᠢᠭᠡᠨᠳᠡ ᠮᠡᠳᠡᠭᠡ ᠰᠡᠭᠡᠭᠡ ᠦᠭᠡᠢ ᠬᠡᠪᠳᠡᠵᠦ ᠪᠠᠶᠢᠭ᠎ᠠ ᠦᠶ᠎ᠡ ᠳᠤ᠂ | ᠬᠦᠮᠦᠰ ᠲᠡᠭᠦᠨ ᠤ ᠪᠢᠴᠢᠭᠰᠡᠨ ︽ᠣᠳᠣᠨ ᠣᠷᠣᠨ ᠤ ᠣᠷᠴᠢᠯ ᠤᠨ ᠲᠣᠬᠠᠢ︾ ᠭᠡᠳᠡᠭ ᠨᠣᠮ ᠢ ᠨᠢ ᠲᠡᠭᠦᠨ ᠤ | ᠣᠷᠣ ᠶᠢᠨ ᠬᠢᠨᠢ ᠲᠡᠷᠭᠡᠳᠡ ᠬᠦᠷᠭᠡᠨ ᠢᠷᠡᠭᠰᠡᠨ ᠳᠤ ᠲᠡᠷᠡ ᠨᠢᠳᠣ ᠪᠠᠨ ᠨᠡᠬᠡᠬᠡᠨ᠂ ᠦᠪᠡᠷ ᠤᠨ ᠨᠣᠮ ᠢᠶᠠᠨ | ᠲᠡᠮᠳᠡᠷᠢᠵᠦ ᠪᠠᠶᠢᠵᠣ ᠡᠨᠡ ᠶᠢᠷᠲᠢᠨᠴᠦ ᠠᠴᠠ ᠬᠠᠯᠢᠭᠰᠠᠨ ᠭᠡᠳᠡᠭ ᠶᠣᠮ᠃ ᠲᠡᠭᠦᠨ ᠤ ᠴᠢᠨᠳᠠᠷ ᠢ ᠲᠣᠬᠠᠢ ᠶᠢᠨ ᠦᠶ᠎ᠡ | ᠲᠡᠭᠦᠨ ᠰᠠᠭᠤᠵᠣ ᠪᠠᠶᠢᠭᠰᠠᠨ ᠲᠣᠭᠠᠩ ᠤᠨ ᠶᠠᠮᠠᠷ ᠨᠢᠭᠡᠨ ᠭᠠᠵᠠᠷ ᠲᠤ ᠣᠷᠣᠰᠢᠭᠤᠯᠵᠠᠢ᠃ ᠲᠡᠭᠦᠨ ᠤ ᠣᠩᠭᠤᠨ ᠳᠤ | ᠶᠠᠮᠠᠷ ᠴᠣ᠋ ᠲᠡᠮᠳᠡᠭ ᠭᠡᠵᠦ ᠦᠭᠡᠢ ᠪᠣᠯᠬᠤᠷ᠂ ᠬᠡᠳᠦᠨ ᠵᠠᠭᠤᠨ ᠤ ᠲᠠᠷᠠᠭᠠᠬᠢ ᠡᠳᠦᠭᠡ ᠪᠣᠯᠬᠤ ᠳᠤ ᠡᠷᠢᠵᠣ ᠣᠯᠬᠤ | ᠪᠣᠯᠣᠮᠵᠢ ᠦᠭᠡᠢ ᠪᠣᠯᠵᠠᠢ᠃ ᠭᠡᠶ᠎ᠡ 2005 ᠣᠨ ᠳᠤ ᠡᠷᠳᠡᠮ ᠰᠢᠨᠵᠢᠯᠡᠭᠡᠨ ᠤ ᠬᠢᠨᠢ ᠲᠡᠷᠡᠬᠦ ᠲᠣᠭᠠᠩ ᠤᠨ ᠱᠠᠯᠠ | ᠲᠣᠣᠷ᠎ᠠ ᠠᠴᠠ ᠨᠢᠭᠡᠨ ᠲᠠᠯ᠎ᠠ ᠭᠠᠷᠣᠢ ᠨᠠᠰᠣᠨ ᠤ ᠡᠷᠡᠭᠳᠡᠢ ᠬᠦᠮᠦᠨ ᠤ ᠴᠢᠨᠳᠠᠷ ᠢ ᠣᠯᠵᠣ᠂ ᠭᠠᠪᠠᠯᠠ ᠶᠢᠨ ᠶᠠᠰᠣ ᠶᠢ | ᠨᠢ ᠦᠨᠳᠦᠰᠦᠯᠡᠵᠦ᠂ ᠨᠢᠭᠤᠷ ᠤᠨ ᠲᠦᠷᠰᠦ ᠶᠢ ᠨᠢ ᠰᠡᠷᠭᠦᠭᠡᠭᠰᠡᠨ ᠪᠠ ᠲᠡᠭᠦᠨ ᠤ ᠴᠢᠨᠳᠠᠷ ᠤᠨ ᠶᠠᠰᠣᠨ ᠠᠴᠠ | DNA ᠶᠢ ᠨᠢ ᠭᠠᠷᠭᠠᠨ ᠠᠪᠴᠣ᠂ ᠲᠡᠭᠦᠨ ᠤ ᠨᠣᠮ ᠤᠨ ᠬᠠᠪᠢᠰᠣᠨᠠ ᠬᠠᠪᠴᠢᠭᠳᠠᠨ ᠦᠯᠡᠳᠡᠭᠰᠡᠨ᠂ ᠺᠣᠫᠧᠷᠨᠢᠺ | ᠤᠨ ᠦᠰᠦ ᠭᠡᠵᠢᠭᠡ ᠭᠡᠵᠦ ᠰᠡᠵᠢᠭᠯᠡᠵᠦ ᠪᠠᠶᠢᠭ᠎ᠠ ᠭᠡᠵᠢᠭᠡᠨ ᠠᠴᠠ ᠰᠠᠯᠭᠠᠨ ᠠᠪᠣᠭᠰᠠᠨ DNA ᠲᠠᠢ ᠬᠠᠷᠢᠴᠠᠭᠤᠯᠣᠨ | ᠰᠣᠳᠣᠯᠣᠭᠰᠠᠨ ᠰᠠᠭᠤᠷᠢᠨ ᠲᠡᠭᠡᠷ᠎ᠡ᠂ ᠡᠨᠡᠬᠦ ᠴᠢᠨᠳᠠᠷ ᠪᠣᠯ ᠺᠣᠫᠧᠷᠨᠢᠺ ᠤᠨ ᠴᠢᠨᠳᠠᠷ ᠮᠦᠨ ᠬᠡᠰᠡᠨ ᠨᠣᠳᠠᠯᠠᠯᠳᠠ | ᠭᠠᠷᠭᠠᠵᠠᠢ᠃ ᠢᠩᠬᠢᠬᠡᠳ 2010 ᠣᠨ ᠤ 5 ᠰᠠᠷ᠎ᠠ ᠶᠢᠨ 22 ᠡᠳᠦᠷ ᠺᠣᠫᠧᠷᠨᠢᠺ ᠲᠤ ᠲᠠᠬᠢᠨ ᠣᠷᠣᠰᠢᠭᠤᠯᠬᠤ | ᠶᠣᠰᠣᠯᠠᠯ ᠬᠢᠵᠦ ᠦᠭᠴᠡᠢ᠃ ᠺᠣᠫᠧᠷᠨᠢᠺ ᠤᠨ ᠣᠩᠭᠤᠨ ᠤ ᠲᠣᠮᠣ ᠬᠠᠷ᠎ᠠ ᠴᠢᠯᠠᠭᠤᠨ ᠬᠦᠰᠢᠶᠡᠨ ᠲᠡᠭᠡᠷ᠎ᠡ ᠲᠡᠭᠦᠨ ᠤ | ᠪᠦᠳᠦᠭᠡᠭᠰᠡᠨ ᠣᠳᠣᠨ ᠣᠷᠣᠨ ᠤ ᠵᠠᠭᠪᠣᠷ ᠢ ᠰᠡᠶᠢᠯᠪᠣᠷᠢᠯᠡᠵᠦ ᠪᠠᠶᠢᠭ᠎ᠠ ᠶᠣᠮ᠃ ᠲᠡᠯᠡᠬᠡᠢ ᠶᠢᠨ ᠴᠣᠯᠣ ᠬᠢᠮᠢ ᠪᠠ | ᠬᠡᠷᠡᠭᠯᠡᠭᠡᠨ ᠤ ᠬᠢᠮᠢ ᠶᠢᠨ ᠬᠤᠯᠪᠣᠭᠠᠳᠣ ᠨᠡᠶᠢᠭᠡᠮᠯᠢᠭ ︵IUPAC︶ ᠬᠢᠨᠢ ᠬᠢᠮᠢ ᠶᠢᠨ ᠡᠯᠧᠮᠧᠨᠲ ᠢ ᠰᠢᠰᠲ᠋ᠧᠮ ᠲᠠᠢ | ᠨᠡᠷᠡᠶᠢᠳᠬᠦ ᠠᠷᠭ᠎ᠠ ᠶᠢ ᠦᠨᠳᠦᠰᠦᠯᠡᠨ᠂ 112 ᠳ᠋ᠣᠭᠠᠷ ᠬᠢᠮᠢ ᠶᠢᠨ ᠡᠯᠧᠮᠧᠨᠲ ᠢ ᠵᠢᠩᠬᠢᠨᠢ ᠪᠠᠷ ᠨᠡᠷᠡᠶᠢᠳᠬᠦ ᠦᠶ᠎ᠡ | ᠳᠤ ᠲᠡᠭᠦᠨ ᠤ ᠲᠦᠷ ᠴᠠᠭ ᠤᠨ ᠨᠡᠷ᠎ᠡ Uub(Ununbium︶ ᠶᠢ ᠬᠠᠯᠠᠵᠣ᠂ ᠺᠣᠫᠧᠷᠨᠢᠺ ᠢ ᠲᠣᠷᠠᠰᠬᠠᠬᠤ | ᠶᠢᠨ ᠲᠦᠯᠦᠭᠡ᠂ ᠺᠣᠫᠧᠷᠨᠢᠺᠦᠰ ︵Copernicus︶ ᠭᠡᠵᠦ ᠨᠡᠷᠡᠶᠢᠳᠬᠦ ᠪᠠᠷ ᠲᠣᠭᠳᠠᠵᠠᠢ᠃ ᠭᠡᠪᠡᠴᠦ ᠲᠡᠯᠡᠬᠡᠢ | ᠶᠢᠨ ᠴᠣᠯᠣ ᠬᠢᠮᠢ ᠪᠠ ᠬᠡᠷᠡᠭᠯᠡᠭᠡᠨ ᠤ ᠬᠢᠮᠢ ᠶᠢᠨ ᠬᠤᠯᠪᠣᠭᠠᠳᠣ ᠨᠡᠶᠢᠭᠡᠮᠯᠢᠭ ᠠᠴᠠ ᠣᠷᠳᠣ ᠬᠤᠭᠤᠴᠠᠭ᠎ᠠ | ᠰᠣᠳᠣᠯᠣᠯᠭ᠎ᠠ ᠪᠠ ᠬᠢᠨᠠᠨ ᠲᠣᠭᠳᠠᠭᠠᠯᠳᠠ ᠬᠢᠭᠰᠡᠨ ᠤ ᠡᠴᠦᠰ ᠲᠤ 2009 ᠣᠨ ᠤ 6 ᠰᠠᠷ᠎ᠠ ᠳᠤ ᠰᠠᠶ᠋ᠢ 112 | ᠳ᠋ᠣᠭᠠᠷ ᠬᠢᠮᠢ ᠶᠢᠨ ᠡᠯᠧᠮᠧᠨᠲ ᠢ ᠵᠢᠩᠬᠢᠨᠢ ᠪᠠᠷ ᠨᠢᠭᠡᠳᠭᠡᠨ ᠭᠠᠷᠭᠠᠵᠣ᠂ ᠾᠣᠹᠮᠠᠨ ︵Hofmann︶ ᠤ | ᠰᠣᠳᠣᠯᠣᠯᠭᠠᠨ ᠤ ᠪᠠᠭ ᠲᠤ ᠨᠠᠶᠢᠳᠠᠨ 112 ᠳ᠋ᠣᠭᠠᠷ ᠬᠢᠮᠢ ᠶᠢᠨ ᠡᠯᠧᠮᠧᠨᠲ ᠲᠤ ᠦᠨᠢᠳᠡ ᠶᠢᠨ ᠨᠡᠷ᠎ᠡ ᠣᠯᠭᠤᠵᠣ | ᠦᠭᠬᠦ ᠶᠢ ᠬᠦᠰᠡᠵᠡᠢ᠃ 2009 ᠣᠨ ᠤ 7 ᠰᠠᠷ᠎ᠠ ᠶᠢᠨ 17 ᠤ ᠡᠳᠦᠷ ᠲᠣᠰ ᠪᠠᠭ ᠠᠴᠠ Copernicium | ᠭᠡᠵᠦ ᠨᠡᠷᠡᠶᠢᠳᠦᠨ Cp ᠭᠡᠵᠦ ᠲᠦᠭᠦᠮᠴᠢᠯᠡᠨ ᠪᠢᠴᠢᠬᠦ ᠪᠠᠷ ᠲᠣᠭᠳᠠᠵᠣ᠂ ᠡᠨᠡᠬᠦ ᠠᠭᠤᠤ ᠶᠡᠭᠡ ᠰᠢᠨᠵᠢᠯᠡᠬᠦ | ᠣᠬᠠᠭᠠᠨᠳᠠᠨ ᠺᠣᠫᠧᠷᠨᠢᠺ ᠢ ᠲᠣᠷᠠᠰᠬᠠᠬᠤ ᠪᠠᠷ ᠪᠣᠯᠵᠠᠢ᠃ ᠲᠡᠳᠡᠨ ᠤ ᠬᠡᠯᠡᠬᠦ ᠪᠠᠷ᠂ Cp ᠭᠡᠵᠦ ᠨᠡᠷᠡᠶᠢᠳᠦᠬᠦ | ᠰᠢᠯᠳᠠᠭᠠᠨ ᠨᠢ ᠨᠢᠭᠡ ᠲᠠᠯ᠎ᠠ ᠪᠠᠷ ᠡᠨᠡᠬᠦ ᠰᠢᠨ᠎ᠡ ᠴᠠᠭ ᠦᠶ᠎ᠡ ᠶᠢ ᠨᠡᠬᠡᠬᠡᠭᠰᠡᠨ ᠭᠠᠷᠮᠠᠭᠠᠢ ᠠᠭᠤᠤ ᠶᠡᠭᠡ ᠰᠢᠨᠵᠢᠯᠡᠬᠦ | ᠣᠬᠠᠭᠠᠨᠳᠠᠨ ᠢ ᠲᠣᠷᠠᠰᠬᠠᠬᠤ ᠮᠦᠷᠳᠡᠭᠡᠨ ᠨᠦᠬᠦᠭᠡ ᠲᠠᠯ᠎ᠠ ᠪᠠᠷ ᠪᠠᠰᠠ ᠺᠣᠫᠧᠷᠨᠢᠺ ᠤᠨ ᠨᠠᠷᠠ ᠪᠠᠷ ᠲᠦᠪᠯᠡᠬᠦ ᠰᠣᠷᠭᠠᠯ | ᠤᠨ ᠵᠠᠭᠪᠣᠷ ᠨᠢ ᠠᠲ᠋ᠣᠮ ᠤᠨ ᠪᠦᠳᠦᠴᠡ ᠶᠢᠨ ᠷᠦᠽᠧᠷᠹᠦᠷᠳ᠋ ︵Rutherford᠂ 卢瑟福模型︶ | ᠵᠠᠭᠪᠣᠷ ᠲᠠᠢ ᠮᠠᠰᠢ ᠣᠯᠠᠨ ᠲᠠᠯ᠎ᠠ ᠶᠢᠨ ᠢᠵᠢᠯ ᠲᠠᠯ᠎ᠠ ᠪᠠᠶᠢᠭ᠎ᠠ ᠠᠴᠠ ᠢᠩᠬᠢᠵᠦ ᠲᠣᠭᠳᠠᠭᠰᠠᠨ ᠭᠡᠵᠡᠢ᠃ ᠭᠡᠪᠡᠴᠦ | Cp ᠭᠡᠳᠡᠭ ᠨᠡᠷᠡᠶᠢᠳᠦᠯ ᠨᠢ IUPAC ᠶᠢᠨ ᠵᠢᠩᠬᠢᠨᠢ ᠵᠦᠪᠰᠢᠶᠡᠷᠡᠯ ᠢ ᠣᠯᠣᠭᠰᠠᠨ ᠦᠭᠡᠢ᠃ ᠣᠴᠢᠷ ᠨᠢ | IUPAC ᠠᠴᠠ ᠡᠬᠦᠨ ᠠᠴᠠ ᠬᠤᠶᠢᠰᠢ ᠵᠢᠷᠭᠤᠭᠠᠨ ᠰᠠᠷ᠎ᠠ ᠶᠢᠨ ᠲᠣᠲᠣᠷ᠎ᠠ᠂ ᠰᠢᠨᠵᠢᠯᠡᠬᠦ ᠣᠬᠠᠭᠠᠨ ᠤ ᠬᠦᠷᠢᠶ᠎ᠡ | ᠬᠡᠪᠴᠢᠶᠡᠨ ᠳᠤ᠂ ᠡᠨᠡᠬᠦ ᠨᠡᠷᠡᠶᠢᠳᠦᠯ ᠤᠨ ᠲᠣᠬᠠᠢ ᠪᠦᠬᠦ ᠲᠠᠯ᠎ᠠ ᠪᠠᠷ ᠰᠠᠨᠠᠯ ᠠᠰᠠᠭᠤᠯᠭ᠎ᠠ ᠬᠢᠵᠦ᠂ 2010 ᠣᠨ ᠤ | 1 ᠰᠠᠷ᠎ᠠ ᠳᠤ ᠡᠴᠦᠰ ᠤᠨ ᠳ᠋ᠦᠩ ᠢᠶᠠᠨ ᠨᠡᠶᠢᠳᠡᠯᠡᠨ᠎ᠡ ᠭᠡᠵᠡᠢ᠃ ᠡᠶᠢᠮᠦ ᠠᠴᠠ 2009 ᠣᠨ ᠤ 9 ᠰᠠᠷ᠎ᠠ ᠳᠤ | ᠵᠠᠷᠢᠮ ᠬᠦᠮᠦᠰ ᠪᠠᠶᠢᠭᠠᠯᠢ ᠶᠢᠨ ᠰᠡᠳᠭᠦᠯ ᠳᠤ ᠦᠬᠦᠯᠡᠯ ᠨᠡᠶᠢᠳᠡᠯᠡᠵᠦ ᠵᠢᠭᠠᠵᠣ ᠭᠠᠷᠭᠠᠭᠰᠠᠨ ᠨᠢ᠂ Cp ᠭᠡᠳᠡᠭ | ᠲᠡᠮᠳᠡᠭ ᠨᠡᠷ᠎ᠡ ᠦᠩᠭᠡᠷᠡᠭᠰᠡᠨ ᠳᠤ ᠡᠯᠧᠮᠧᠨᠲ ᠯᠦᠲ᠋ᠧᠲ᠋ᠢᠦ᠋ᠮ ︵镥Lutetium︶ ᠤᠨ ᠬᠠᠭᠤᠴᠢᠨ ᠨᠡᠷ᠎ᠡ | ᠪᠠᠶᠢᠭᠰᠠᠨ Cassiopeium ᠤᠨ ᠲᠣᠪᠴᠢᠯᠠᠭᠰᠠᠨ ᠨᠡᠷ᠎ᠡ ᠪᠠᠶᠢᠵᠣ᠂ ᠨᠦᠬᠦᠭᠡ ᠲᠠᠯ᠎ᠠ ᠪᠠᠷ ᠣᠳᠣ ᠪᠣᠯ ᠪᠠᠰᠠ 环 | 戊二烯 ︵Cyclopentadiene︶ ᠭᠡᠳᠡᠭ ᠬᠢᠮᠢ ᠶᠢᠨ ᠪᠣᠳᠠᠰ ᠢ ᠵᠢᠭᠠᠬᠤ ᠨᠡᠷ᠎ᠡ ᠪᠣᠯᠣᠭᠰᠠᠨ ᠪᠠᠶᠢᠨ᠎ᠠ | ᠭᠡᠵᠦ ᠵᠢᠭᠠᠵᠣ ᠭᠠᠷᠭᠠᠵᠠᠢ᠃ IUPAC ᠶᠢᠨ ᠬᠢᠮᠢ ᠶᠢᠨ ᠡᠯᠧᠮᠧᠨᠲ ᠶᠢ ᠨᠡᠷᠡᠶᠢᠳᠦᠬᠦ ᠲᠦᠷᠢᠮ ᠢᠶᠠᠷ ᠪᠣᠯ ᠰᠢᠨ᠎ᠡ | ᠡᠯᠧᠮᠧᠨᠲ ᠶᠢᠨ ᠨᠡᠷ᠎ᠡ ᠨᠢ ᠪᠣᠰᠣᠳ ᠡᠯᠧᠮᠧᠨᠲ ᠶᠢᠨ ᠨᠡᠷ᠎ᠡ ᠪᠡ ᠲᠣᠪᠴᠢᠯᠠᠭᠰᠠᠨ ᠨᠡᠷ᠎ᠡ ᠲᠠᠢ ᠲᠠᠪᠬᠤᠴᠠᠵᠣ ᠪᠣᠯᠬᠤ | ᠦᠭᠡᠢ ᠬᠡᠬᠦ ᠵᠠᠷᠴᠢᠮ ᠪᠠᠶᠢᠭ᠎ᠠ ᠪᠣᠯᠬᠤᠷ᠂ IUPAC ᠠᠴᠠ ᠰᠢᠢᠳᠪᠦᠷᠢ ᠭᠠᠷᠭᠠᠨ Cp ᠶᠢ ᠬᠠᠯᠠᠨ Cn | ᠪᠣᠯᠭᠠᠵᠣ ᠺᠣᠫᠧᠷᠨᠢᠺᠢᠦ᠋ᠮ (Copernicium) ᠪᠣᠯᠭᠠᠬᠤ ᠪᠠᠷ ᠲᠣᠭᠳᠠᠪᠠ᠃ ᠢᠩᠬᠢᠭᠡᠳ 2010 ᠣᠨ ᠤ | 2 ᠰᠠᠷ᠎ᠠ ᠶᠢᠨ 19 ᠤ ᠡᠳᠦᠷ᠂ ᠲᠠᠷᠣᠢ ᠺᠣᠫᠧᠷᠨᠢᠺ ᠤᠨ ᠮᠡᠨᠳᠦᠯᠡᠭᠰᠡᠨ 537 ᠵᠢᠯ ᠤᠨ ᠣᠢ ᠳᠤ ᠭᠧᠷᠮᠠᠨ ᠤ | ᠳ᠋ᠠᠷᠮᠰᠲ᠋ᠠᠲ ︵达姆施塔特᠂ Darmstadt︶ ᠲᠤ ᠪᠠᠶᠢᠭ᠎ᠠ ᠬᠦᠨᠳᠦ ᠢᠶᠣᠨ ᠢ ᠰᠣᠳᠣᠯᠬᠤ | ᠭᠠᠵᠠᠷ ᠠᠴᠠ ︵GSI︶ ᠵᠢᠩᠬᠢᠨᠢ ᠪᠠᠷ ᠲᠣᠩᠬᠠᠭ ᠭᠠᠷᠭᠠᠵᠣ᠂ ᠺᠣᠫᠧᠷᠨᠢᠺ ᠢ ᠲᠣᠷᠠᠰᠬᠠᠬᠤ ᠶᠢᠨ ᠲᠦᠯᠦᠭᠡ᠂ | ᠲᠡᠯᠡᠬᠡᠢ ᠶᠢᠨ ᠴᠣᠯᠣ ᠬᠢᠮᠢ ᠪᠠ ᠬᠡᠷᠡᠭᠯᠡᠭᠡᠨ ᠤ ᠬᠢᠮᠢ ᠶᠢᠨ ᠬᠤᠯᠪᠣᠭᠠᠳᠣ ᠨᠡᠶᠢᠭᠡᠮᠯᠢᠭ ᠠᠴᠠ ᠬᠢᠨᠠᠨ ᠲᠣᠭᠳᠠᠭᠠᠭᠰᠠᠨ | ᠬᠢᠮᠡᠯ ᠬᠢᠮᠢ ᠶᠢᠨ ᠡᠯᠧᠮᠧᠨᠲ 112 ᠳ᠋ᠣᠭᠠᠷ ᠢ Copernicium ᠭᠡᠵᠦ ᠨᠡᠷᠡᠶᠢᠳᠦᠨ ᠲᠦᠭᠦᠮᠴᠢᠯᠡᠨ Cn ᠭᠡᠵᠦ | ᠲᠡᠮᠳᠡᠭᠯᠡᠨ᠎ᠡ ᠭᠡᠵᠦ ᠲᠣᠩᠬᠠᠭᠯᠠᠪᠠ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |