ᠡᠮᠦᠨᠡᠳᠦ ᠾᠦᠩᠨᠦᠤᠣᠬᠠᠨ ᠬ᠊
ᠨᠡᠶᠢᠲᠡᠯᠡᠭᠰᠡᠨ ᠴᠠᠭ᠄
2020/10/19
ᠨᠣᠳᠤᠭ ᠲᠠᠭᠠᠨ ᠦᠯᠡᠳᠡᠭᠰᠡᠨ ᠡᠮᠦᠨᠡᠳᠣ ᠾᠦᠩᠨᠦ ᠨᠢ ᠬᠤᠶᠢᠳᠣ ᠬᠠᠨ ᠣᠯᠣᠰ ᠲᠤ ᠪᠠᠭᠤᠨ ᠦᠭᠴᠦ᠂ ᠬᠢᠵᠠᠭᠠᠷ  ᠤᠨ ᠰᠠᠬᠢᠭᠤᠯ ᠲᠡᠳᠦᠢ ᠪᠣᠯᠵᠠᠢ᠃ ᠲᠡᠬᠦᠨ ᠤ ᠡᠷᠬᠡ ᠰᠦᠷ ᠤᠨ ᠪᠠᠭᠤᠷᠠᠬᠤ ᠶᠢ ᠲᠠᠭᠠᠯᠳᠣᠨ᠂ ᠡᠵᠡᠮᠰᠢᠯᠳᠣ ᠬᠦᠴᠦᠨ ᠴᠣ᠋ ᠲᠣᠷᠣᠶᠢᠳᠠᠨ ᠡᠯ᠎ᠡ ᠠᠶᠢᠮᠠᠭ ᠪᠦᠯᠦᠭ ᠨᠢ ᠦᠭᠡ ᠰᠣᠨᠣᠰᠬᠤ ᠦᠭᠡᠢ ᠪᠣᠯᠵᠠᠭᠠᠪᠠ᠃ ᠡᠨᠡ ᠦᠶ᠎ᠡ ᠪᠠᠷ ᠾᠦᠩᠨᠦ  ᠶᠢᠨ ᠬᠦᠴᠦᠨ ᠬᠦᠷᠬᠦ ᠲᠡᠶᠢᠯᠬᠦ ᠦᠭᠡᠢ ᠪᠣᠯᠣᠭᠰᠠᠨ ᠮᠣᠩᠭᠤᠯ ᠤᠨ ᠦᠨᠳᠦᠷᠯᠢᠭ ᠤᠨ ᠵᠡᠬᠦᠨ ᠬᠡᠰᠡᠭ ᠢᠶᠠᠷ ᠪᠠᠶᠢᠭᠰᠠᠨ ᠰᠢᠶᠠᠨᠪᠸᠢ ᠨᠡᠷ ᠲᠣᠯᠣᠭᠠᠢ ᠦᠨᠳᠡᠶᠢᠵᠦ ᠡᠬᠢᠯᠡᠪᠡ᠃ ᠲᠡᠳᠡᠨᠡᠷ ᠤᠨ ᠲᠣᠯᠣᠭᠠᠶᠢᠯᠠᠭᠴᠢ ᠶᠢ ᠲᠠᠨ ᠱᠢ ᠬᠤᠸᠠᠢ ︵檀石槐︶ ᠭᠡᠵᠦ᠂ ᠣᠶᠢᠷ᠎ᠠ ᠣᠷᠴᠢᠮ ᠤᠨ ᠠᠶᠢᠮᠠᠭ ᠪᠦᠯᠦᠭ ᠢ ᠲᠠᠶᠢᠯᠠᠨ ᠲᠠᠭᠠᠭᠤᠯᠵᠣ᠂ ᠲᠣᠮᠳᠠᠳᠣ ᠣᠯᠣᠰ ᠤᠨ ᠬᠢᠯᠢ ᠬᠢᠵᠠᠭᠠᠷ ᠤᠨ ᠵᠣᠪᠠᠯᠠᠩ ᠪᠣᠯᠪᠠ᠃ ᠲᠤ ᠲᠧ ᠷᠦᠸᠧ ᠱᠢ ᠵᠦ᠋ ᠵᠢᠥ ︵屠特若尸逐就᠂ ᠰᠠᠭᠤᠷᠢᠨ  ᠳᠤ ᠪᠠᠶᠢᠭᠰᠠᠨ ᠴᠠᠭ ᠦᠶ᠎ᠡ ᠨᠢ᠄ 172 ᠣᠨ — 177 ᠣᠨ︶ ᠴᠠᠨ ᠢᠥᠢ ᠪᠣᠯᠣᠨ ᠦᠬᠤᠸᠠᠨ ᠢ ᠬᠠᠮᠠᠭᠠᠯᠠᠭᠴᠢ ᠰᠢᠶᠣᠤ ᠸᠧᠢ ᠲᠦᠰᠢᠮᠡᠯ᠂ ᠰᠢᠶᠠᠨᠪᠸᠢ ᠶᠢ ᠡᠪᠳᠡᠭᠴᠢ ᠵᠦᠩ ᠯᠠᠩ ᠵᠢᠶᠠᠩ ᠳᠦᠰᠢᠮᠡᠯ᠂ ᠾᠦᠩᠨᠦ ᠳᠤ ᠳᠣᠮᠢᠯᠠᠭᠰᠠᠨ ᠵᠦᠩ ᠯᠠᠩ ᠵᠢᠶᠠᠩ ᠳᠦᠰᠢᠮᠡᠯ ᠵᠡᠷᠡᠭᠡ ᠲᠠᠢ ᠬᠠᠮᠰᠠᠨ ᠰᠢᠶᠠᠨᠪᠸᠢ ᠶᠢ ᠲᠠᠶᠢᠯᠠᠷ᠎ᠠ ᠭᠠᠷᠣᠭᠰᠠᠨ ᠪᠣᠯᠪᠠᠴᠣ᠂ ᠰᠢᠶᠠᠨᠪᠸᠢ  ᠲᠠᠢ ᠡᠰᠡᠷᠭᠦᠯᠡᠨ ᠬᠡᠨ ᠠᠯᠢᠨ ᠲᠡᠶᠢᠯᠦᠨ ᠲᠡᠶᠢᠯᠦᠭᠳᠡᠬᠦ ᠦᠭᠡᠢ ᠲᠡᠮᠡᠴᠡᠯᠳᠦᠵᠦ ᠪᠠᠶᠢᠪᠠ᠃ ᠲᠡᠮᠡᠢ ᠣᠳᠠᠯ ᠦᠭᠡᠢ ᠬᠤᠶᠢᠳᠣ ᠬᠠᠨ ᠣᠯᠣᠰ ᠲᠤ ᠰᠠᠮᠠᠭᠤᠷᠠᠯ ︵ᠭᠤᠷᠪᠠᠨ ᠣᠯᠣᠰ ᠤᠨ ᠦᠶ᠎ᠡ︶ ᠭᠠᠷᠣᠭᠰᠠᠨ ᠪᠠ ᠰᠢᠷ᠎ᠠ ᠠᠯᠴᠢᠭᠤᠷᠳᠠᠨ  ᠤ ᠪᠣᠰᠣᠯᠭ᠎ᠠ ᠭᠠᠷᠴᠣ᠂ ᠬᠠᠨ ᠣᠯᠣᠰ ᠴᠡᠷᠢᠭ ᠢᠶᠠᠨ ᠲᠠᠲᠠᠨ ᠶᠠᠪᠣᠭᠰᠠᠨ ᠢ ᠬᠡᠯᠡᠬᠦ ᠦᠭᠡᠢ ᠡᠮᠦᠨᠡᠳᠦ ᠾᠦᠩᠨᠦ ᠶᠢᠨ ᠴᠡᠷᠢᠭ ᠢ ᠴᠣ᠋ ᠲᠠᠲᠠᠵᠣ ᠪᠣᠰᠣᠯᠭ᠎ᠠ ᠶᠢᠨ ᠴᠡᠷᠢᠭ ᠢ ᠠᠷᠭᠠᠴᠠᠬᠤ ᠬᠡᠮᠵᠢᠶᠡᠨ ᠳᠤ ᠬᠦᠷᠦᠭᠰᠡᠨ ᠪᠣᠯᠬᠤᠷ ᠲᠠᠨ ᠱᠢ ᠬᠤᠸᠠᠢ ᠳᠤ ᠶᠠᠮᠠᠷᠴᠣ ᠦᠷᠡᠭᠳᠡᠯ ᠰᠦᠢᠳᠦᠯ ᠪᠣᠯᠣᠭᠰᠠᠨ ᠦᠭᠡᠢ ᠶᠢ ᠬᠡᠯᠡᠬᠦ ᠦᠭᠡᠢ᠂ ᠬᠠᠷᠢᠨ ᠬᠦᠴᠦᠷᠭᠡᠭᠵᠢᠬᠦ ᠳᠤ ᠠᠰᠢᠭᠳᠠᠢ ᠪᠠᠶᠢᠳᠠᠯ ᠢ ᠠᠪᠴᠢᠷᠠᠵᠣ ᠦᠭᠴᠡᠢ᠃ ᠡᠬᠦᠨ ᠢ ᠬᠡᠯᠡᠬᠦ ᠦᠭᠡᠢ᠂ ᠡᠮᠦᠨᠡᠳᠦ ᠾᠦᠩᠨᠦ ᠶᠢᠨ ᠲᠣᠲᠣᠷ᠎ᠠ ᠴᠣ᠋ ᠬᠠᠭᠠᠷᠠᠯ ᠭᠠᠷᠴᠣ᠂ ᠴᠠᠨ ᠢᠥᠢ ᠢᠥᠢ ᠹᠦ᠋ ᠯᠦᠸᠧ ︵於夫羅᠂ ᠰᠠᠭᠤᠷᠢᠨ ᠳᠤ ᠪᠠᠶᠢᠭᠰᠠᠨ ᠴᠠᠭ ᠦᠶ᠎ᠡ  ᠨᠢ᠄ 188 ᠣᠨ — 195 ᠣᠨ︶ ᠦᠪᠡᠷ ᠤᠨ ᠣᠯᠣᠰ ᠠᠴᠠ ᠪᠠᠨ ᠬᠦᠭᠡᠭᠡᠭᠳᠡᠨ ᠭᠠᠷᠴᠣ ᠣᠷᠣᠩᠨᠠᠬᠤ ᠭᠠᠵᠠᠷ ᠦᠭᠡᠢ ᠪᠣᠯᠵᠣ᠂ ᠲᠣᠬᠠᠢ ᠶᠢᠨ ᠦᠶ᠎ᠡ ᠳᠤ ᠬᠠᠨ ᠣᠯᠣᠰ ᠤᠨ ᠶᠡᠭᠡ ᠡᠷᠬᠡ ᠶᠢ ᠠᠳᠬᠤᠵᠣ ᠪᠠᠶᠢᠭᠰᠠᠨ ᠽᠣᠤ ᠽᠣᠤ  ᠶᠢᠨ ᠲᠡᠨᠳᠡ ᠪᠡᠶ᠎ᠡ ᠬᠤᠷᠭᠤᠳᠠᠨ ᠰᠠᠭᠤᠪᠠ᠃ ᠲᠡᠭᠡᠭᠡᠳ ᠬᠣ᠋ ᠴᠦ᠋ ᠴᠢᠥᠸᠠᠨ ︵呼廚泉᠂ ᠰᠠᠭᠤᠷᠢᠨ ᠳᠤ ᠪᠠᠶᠢᠭᠰᠠ ᠴᠠᠭ ᠦᠶ᠎ᠡ ᠨᠢ᠄ 195 ᠣᠨ — ? ᠣᠨ︶ ᠴᠠᠨ ᠢᠥᠢ ᠪᠣᠯᠣᠭᠰᠠᠨ ᠪᠣᠯᠪᠠᠴᠣ᠂ ᠬᠠᠷᠢᠨ ᠬᠠᠨ ᠣᠯᠣᠰ ᠤᠨ ᠶᠧ ᠬᠡᠮᠡᠭᠴᠢ ᠭᠠᠵᠠᠷ ᠲᠤ ᠬᠤᠷᠢᠭᠳᠠᠨ ᠰᠠᠭᠤᠵᠣ᠂ ᠾᠦᠩᠨᠦ ᠶᠢᠨ ᠣᠯᠣᠰ ᠲᠠᠪᠣᠨ ᠠᠩᠬᠢ ᠳᠤ ᠪᠣᠳᠠᠷᠠᠨ ᠵᠠᠳᠠᠷᠠᠵᠣ᠂ ᠨᠡᠷ᠎ᠡ ᠲᠡᠭᠡᠷ᠎ᠡ ᠪᠠᠨ ᠾᠦᠩᠨᠦ ᠶᠢᠨ ᠪᠠᠷᠠᠭᠤᠨ ᠮᠡᠷᠭᠡᠨ ᠸᠠᠩ ᠪᠣᠯᠬᠤ ᠴᠢᠥᠢ ᠪᠸᠢ ᠳᠤ ᠬᠠᠷᠢᠶᠠᠯᠠᠭᠳᠠᠵᠠᠢ᠃ ᠡᠬᠦᠨ ᠠᠴᠠ ᠬᠤᠵᠢᠮ᠂ ᠡᠮᠦᠨᠡᠳᠦ ᠾᠦᠩᠨᠦ ᠨᠢ ᠸᠧᠢ ᠣᠯᠣᠰ ᠤᠨ ᠦᠶ᠎ᠡ ᠠᠴᠠ ᠶᠢᠨ ᠣᠯᠣᠰ  ᠤᠨ ᠦᠶ᠎ᠡ ᠪᠣᠯᠳᠠᠯ᠎ᠠ᠂ ᠭᠡᠳᠦᠶᠢᠪᠡᠷ ᠴᠠᠨ ᠢᠥᠢ ᠨᠢ ᠣᠷᠣᠰᠢᠨ ᠲᠣᠭᠳᠠᠵᠣ ᠪᠠᠶᠢᠨ᠎ᠠ ᠬᠡᠮᠡᠪᠡᠴᠣ ᠨᠡᠷ᠎ᠡ ᠳᠡᠳᠦᠢ ᠯᠡ ᠪᠣᠯᠵᠣ᠂ ᠪᠣᠳᠠᠳᠣ ᠡᠷᠬᠡ ᠨᠢ ᠨᠢᠬᠡᠨᠳᠡ ᠾᠦᠩᠨᠦ ᠶᠢᠨ ᠵᠡᠬᠦᠨ ᠮᠡᠷᠭᠡᠨ ᠸᠠᠩ ᠤᠨ ᠭᠠᠷ ᠲᠤ ᠰᠢᠯᠵᠢᠪᠡ᠃ ᠶᠠᠭ ᠡᠨᠡ ᠦᠶ᠎ᠡ ᠪᠠᠷ ᠪᠠᠷᠠᠭᠤᠨ ᠶᠢᠨ ᠣᠯᠣᠰ ᠲᠤ ᠨᠠᠢᠮᠠᠨ ᠸᠠᠩ ᠤᠨ ᠰᠠᠮᠠᠭᠤᠷᠠᠯ ᠡᠭᠦᠰᠴᠦ ᠣᠯᠣᠰ ᠭᠦᠷᠦᠨ ᠨᠢ ᠲᠣᠷᠣᠶᠢᠳᠠᠯ  ᠳᠤ ᠣᠷᠣᠭᠰᠠᠨ᠎ᠠ᠂ ᠢᠥᠢ ᠹᠦ᠋ ᠯᠦᠸᠧ ᠶᠢᠨ ᠣᠮᠪᠣᠯᠣ ᠬᠦᠪᠡᠭᠦᠨ ᠯᠢᠥ ᠶᠣᠸᠠᠨ ᠬᠡᠮᠡᠭᠴᠢ ᠡᠷ᠎ᠡ ᠢᠯᠡᠷᠡᠵᠦ᠂ ᠦᠪᠡᠷ  ᠤᠨ ᠪᠡᠶ᠎ᠡ ᠪᠠᠨ ᠶᠡᠭᠡ ᠴᠠᠨ ᠢᠥᠢ ᠬᠡᠮᠡᠨ ᠨᠡᠷᠡᠶᠢᠳᠴᠦ᠂ ᠶᠢᠨ ᠣᠯᠣᠰ ᠠᠴᠠ ᠲᠣᠰᠠᠭᠠᠷᠯᠠᠨ ᠭᠠᠷᠴᠣ᠂ ᠦᠪᠡᠷ ᠢ ᠪᠠᠨ ᠬᠠᠨ ᠣᠯᠣᠰ ᠬᠡᠮᠡᠨ ᠨᠡᠷᠡᠯᠡᠵᠡᠢ᠃ ᠲᠡᠭᠦᠨ ᠤ ᠰᠡᠭᠦᠯᠡᠷ ᠡᠨᠡᠬᠦ ᠾᠦᠩᠨᠦ ᠶᠢᠨ ᠪᠠᠶᠢᠭᠤᠯᠣᠭᠰᠠᠨ ᠬᠠᠨ ᠣᠯᠣᠰ ᠠᠨᠣ ᠪᠠᠷᠠᠭᠤᠨ ᠶᠢᠨ ᠣᠯᠣᠰ ᠢ ᠮᠦᠬᠦᠬᠡᠵᠦ ︵ᠲᠡᠣᠬᠡᠨ ᠲᠡᠭᠡᠷ᠎ᠡ ᠶᠦᠩ ᠵᠢᠶᠠ ᠶᠢᠨ ᠰᠠᠮᠠᠭᠤᠷᠠᠯ ᠬᠡᠮᠡᠳᠡᠭ︶᠂ ᠲᠡᠣᠬᠡᠨ ᠴᠠᠭ ᠦᠶ᠎ᠡ ᠲᠠᠪᠣᠨ ᠬᠣ᠋ ᠶᠢᠨ ᠠᠷᠪᠠᠨ ᠵᠢᠷᠭᠤᠭᠠᠨ ᠣᠯᠣᠰ ᠤᠨ ᠲᠡᠣᠬᠡᠨ ᠦᠶ᠎ᠡ ᠳᠤ ᠰᠢᠯᠵᠢᠨ ᠣᠷᠣᠵᠠᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号