ᠣᠶᠢᠷᠠᠳ ᠮᠣᠩᠭᠤᠯ ᠤᠨ ᠬᠦᠬᠡᠷᠴᠦᠭ᠂ ᠴᠢᠢᠳᠡᠮᠡᠭ ᠬᠢᠬᠦ ᠶᠣᠰᠣᠨ
ᠨᠡᠶᠢᠲᠡᠯᠡᠭᠰᠡᠨ ᠴᠠᠭ᠄
2020/12/22
    ᠬᠦᠭᠡᠷᠴᠦᠭ ᠭᠡᠳᠡᠭ ᠨᠢ ᠪᠠᠭᠠᠴᠠᠷ ᠰᠠᠪᠠ ᠳᠤ ᠠᠶᠢᠷᠠᠭ ᠠᠴᠠ ᠪᠠᠨ ᠬᠢᠵᠣ ᠠᠪᠣᠭᠠᠳ ᠲᠡᠭᠡᠷ᠎ᠡ ᠨᠢ ᠦᠬᠡᠷ ᠤᠨ ᠢᠪᠢᠯᠴᠡ ᠶᠢ ᠰᠢᠭᠤᠳ ᠰᠠᠭᠠᠵᠣ ᠬᠦᠭᠡᠷᠣᠬᠦᠯᠬᠦ ᠶᠢ ᠬᠡᠯᠡᠳᠡᠭ ᠪᠣᠶᠣ ᠰᠢᠨ᠎ᠠ ᠰᠠᠭᠠᠭᠰᠠᠨ ᠪᠦᠯᠢᠶᠠᠨ ᠰᠦ ᠶᠢ ᠠᠶᠢᠷᠠᠭ ᠲᠡᠭᠡᠷ᠎ᠡ ᠪᠠᠨ ᠬᠢᠬᠦ ᠶᠢ ︽ᠠᠶᠢᠷᠠᠭ ᠬᠦᠭᠡᠷᠴᠦᠭᠯᠡᠬᠦ︾ ᠭᠡᠵᠣ ᠬᠡᠯᠡᠳᠡᠭ᠃  ᠬᠦᠭᠡᠷᠴᠦᠭ ᠢ ᠣᠣᠭᠤᠬᠤ ᠶᠢᠨ ᠲᠦᠯᠦᠭᠡ ᠬᠢᠳᠡᠭ ᠲᠣᠯᠠ ᠣᠣᠭᠤᠵᠣ ᠪᠠᠷᠠᠬᠤ ᠦᠭᠡᠢ ᠪᠣᠯᠪᠠᠯ ᠠᠷᠠᠬᠤᠨ ᠲᠠᠢ ᠠᠶᠢᠷᠠᠭ ᠳᠡᠭᠡᠷ᠎ᠡ ᠪᠠᠨ ᠬᠢᠵᠣ ᠣᠷᠬᠢᠪᠠᠯ ᠪᠣᠯᠵᠣ ᠣᠷᠬᠢᠳᠠᠭ᠃ ᠬᠦᠭᠡᠷᠴᠦᠭ ᠢ ᠵᠡᠷᠢᠮ ᠨᠣᠳᠤᠭ ᠤᠨ ᠬᠦᠮᠦᠰ ︽ᠬᠦᠭᠡᠷᠳᠡᠴᠡ︾ ᠭᠡᠵᠣ ᠨᠡᠷᠡᠯᠡᠳᠡᠭ ᠪᠦᠭᠡᠳ ᠠᠶᠢᠷᠠᠭ ᠤᠨ ᠲᠠᠷᠠᠭ ᠲᠡᠭᠡᠷ᠎ᠡ ᠡᠴᠣᠰ ᠤᠨ ᠢᠪᠢᠯᠭᠡᠨ ᠤ ᠰᠦ ᠶᠢ ᠰᠠᠭᠠᠵᠣ ᠬᠦᠭᠡᠷᠴᠦᠭᠯᠡᠳᠡᠭ ᠪᠠᠶᠢᠨ᠎ᠠ᠃      ᠠᠭᠠᠳᠠᠮᠠᠭ ᠲᠡᠭᠡᠷ᠎ᠡ ᠬᠦᠢᠳᠡᠨ ᠣᠰᠣ ᠬᠢᠵᠣ ᠵᠢᠭᠤᠷᠠᠪᠠᠯ ᠴᠢᠢᠳᠡᠮᠡᠭ ᠪᠣᠯᠳᠠᠭ᠃ ᠴᠢᠢᠳᠡᠮᠡᠭ ᠢ ᠣᠮᠳᠠᠭᠠᠨ ᠤ ᠲᠦᠷᠦᠯ ᠳᠤ ᠪᠠᠭᠳᠠᠭᠠᠵᠣ ᠦᠵᠡᠳᠡᠭ ᠪᠦᠭᠡᠳ ᠲᠡᠭᠦᠨ ᠢ ᠬᠢᠬᠦ ᠠᠷᠭ᠎ᠠ ᠨᠢ ᠪᠣᠯᠪᠠᠯ ᠰᠢᠭᠦᠵᠣ ᠭᠠᠷᠭᠠᠭᠰᠠᠨ ᠠᠭᠠᠳᠠᠮᠠᠭ ᠪᠣᠶᠣ ᠬᠤᠷᠰᠢᠭᠰᠠᠨ ᠠᠶᠢᠷᠠᠭ ᠠᠴᠠ ᠵᠣᠬᠢᠬᠤ ᠬᠡᠮᠵᠢᠶ᠎ᠠ ᠪᠠᠷ ᠠᠪᠴᠣ ᠲᠡᠭᠡᠷ᠎ᠡ ᠨᠢ ᠣᠰᠣ ᠲᠡᠶᠢᠯᠥᠩᠬᠦᠢ ᠬᠢᠵᠣ ᠵᠢᠭᠤᠷᠠᠵᠣ ᠣᠷᠬᠢᠪᠠᠯ ᠪᠣᠯᠵᠣ ᠣᠷᠬᠢᠳᠠᠭ ᠶᠣᠮ᠃ ᠡᠨᠡ ᠣᠮᠳᠠ ᠴᠠᠩᠭᠠᠭ᠎ᠠ ᠰᠠᠶᠢᠨ ᠲᠠᠶᠢᠯᠳᠠᠭ ᠲᠣᠯᠠ ᠮᠠᠯᠴᠢᠨ ᠭᠠᠵᠠᠷ ᠤᠨ ᠬᠦᠮᠦᠰ ᠬᠠᠷ᠎ᠠ ᠪᠣᠷᠣ ᠠᠵᠢᠯ ᠬᠢᠬᠦ᠂ ᠠᠶᠠᠨ ᠵᠠᠮ ᠳᠤ ᠶᠠᠪᠣᠬᠤ᠂ ᠲᠦᠯᠡᠭᠡ ᠣᠰᠣ ᠠᠴᠢᠬᠤ᠂ ᠨᠠᠭᠦᠵᠣ ᠪᠠᠷᠢᠬᠤ ᠮᠡᠳᠦ ᠴᠠᠩᠭᠠᠵᠣ ᠴᠦᠯᠳᠡᠬᠦ ᠠᠵᠢᠯ ᠬᠢᠬᠦ ᠦᠶ᠎ᠡ ᠳᠡᠭᠡᠨ ᠦᠷᠭᠦᠯᠵᠢ  ᠴᠢᠢᠳᠡᠮᠡᠭ ᠬᠢᠵᠣ ᠣᠣᠭᠤᠳᠠᠭ ᠶᠣᠮ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号