ᠣᠶᠢᠷᠠᠳ ᠮᠣᠩᠭᠤᠯ ᠤᠨ ᠮᠢᠬ᠎ᠠ ᠬᠦᠵᠡᠭᠡᠯᠡᠵᠣ ᠬᠠᠳᠠᠭᠠᠯᠠᠬᠤ ᠠᠷᠭ᠎ᠠ
ᠨᠡᠶᠢᠲᠡᠯᠡᠭᠰᠡᠨ ᠴᠠᠭ᠄
2020/12/22
        ᠭᠦᠵᠡᠭᠡᠯᠡᠵᠣ ᠬᠠᠳᠠᠭᠠᠯᠠᠬᠤ ᠠᠷᠭ᠎ᠠ ᠪᠣᠯᠪᠠᠯ ᠰᠢᠬᠢᠷ᠎ᠡ ᠮᠠᠯ ᠤᠨ ᠮᠢᠬ᠎ᠠ ᠶᠢ ᠡᠪᠣᠯ ᠤᠨ ᠤᠯᠠᠷᠢᠯ ᠳᠤ ᠰᠣᠷᠭᠤᠭ ᠢᠶᠠᠷ ᠬᠠᠳᠠᠭᠠᠯᠠᠬᠤ ᠶᠢᠨ ᠲᠦᠯᠦᠭᠡ ᠬᠡᠷᠡᠭᠯᠡᠳᠡᠭ ᠤᠯᠠᠮᠵᠢᠯᠠᠯᠲᠣ ᠠᠷᠭ᠎ᠠ ᠶᠢᠨ ᠨᠢᠭᠡ ᠪᠣᠯᠣᠨ᠎ᠠ᠃ ᠠᠯᠠᠭᠰᠠᠨ ᠰᠢᠬᠢᠷ᠎ᠡ ᠮᠠᠯ ᠤᠨ ᠮᠢᠬ᠎ᠠ ᠶᠢ ᠮᠥᠴᠢᠯᠡᠨ ᠡᠪᠳᠡᠵᠣ ᠣᠷᠬᠢᠪᠠᠯ ᠭᠦᠵᠡᠭᠡᠨ ᠳᠡᠭᠡᠨ ᠲᠢᠭ ᠲᠠᠭ ᠪᠠᠭᠳᠠᠵᠣ ᠣᠳᠳᠠᠭ ᠣᠨᠴᠠᠯᠢᠭ ᠲᠠᠢ ᠲᠣᠯᠠ ᠮᠠᠯ ᠢᠶᠠᠨ ᠠᠯᠠᠭᠰᠠᠨ ᠤ ᠲᠠᠷᠠᠭ᠎ᠠ ᠴᠢᠭᠢᠭᠲᠡᠢ ᠭᠦᠵᠡᠭᠡᠨ ᠤ ᠨᠣᠣᠰᠣ ᠶᠢ ᠨᠢ ᠭᠠᠳᠠᠭᠰᠢ ᠬᠠᠯᠠᠶᠢᠯᠭᠠᠵᠣ ᠮᠢᠬ᠎ᠠ ᠶᠢ ᠨᠢ ᠲᠣᠳᠣᠷ᠎ᠠ ᠨᠢ ᠴᠢᠬᠢᠵᠣ ᠣᠷᠣᠭᠤᠯᠣᠭᠠᠳ ᠠᠮᠠ ᠶᠢ ᠨᠢ ᠪᠣᠭᠤᠵᠣ ᠬᠦᠷᠦᠭᠡᠭᠡᠳᠡᠭ᠃ ᠵᠠᠷᠢᠮ ᠬᠦᠮᠦᠰ ᠮᠢᠬᠠᠨ ᠤ ᠠᠮᠳᠠ ᠰᠠᠶᠢᠨ ᠪᠣᠯᠣᠨ᠎ᠠ ᠭᠡᠵᠣ ᠪᠠᠭ᠎ᠠ ᠵᠡᠷᠭᠡ ᠶᠢᠨ ᠲᠠᠪᠣᠰᠣ ᠴᠠᠴᠣᠳᠠᠭ ᠪᠠ ᠮᠠᠩᠭᠢᠷᠰᠦ ᠲᠠᠪᠳᠠᠵᠣ ᠬᠢᠳᠡᠭ᠃ ᠭᠦᠵᠡᠭᠡᠯᠡᠵᠣ ᠬᠠᠳᠠᠭᠠᠯᠠᠭᠰᠠᠨ ᠮᠢᠬᠠᠨ ᠰᠢᠨ᠎ᠠ ᠪᠠᠷ ᠢᠶᠠᠨ ᠪᠠᠶᠢᠳᠠᠭ ᠲᠣᠯᠠ ᠴᠠᠰᠣᠨ ᠮᠥᠰᠦᠨ ᠡᠬᠢᠯᠡᠵᠣ ᠬᠠᠶᠢᠯᠬᠤ ᠴᠠᠭ ᠲᠤ ᠵᠠᠳᠠᠯᠵᠣ ᠢᠳᠡᠪᠡᠯ ᠰᠢᠨ᠎ᠡ ᠠᠯᠠᠭᠰᠠᠨ ᠮᠠᠯ ᠤᠨ ᠮᠢᠬᠠᠨ ᠮᠡᠳᠦ ᠠᠮᠳᠠ ᠰᠢᠮᠳᠡ ᠲᠠᠢ ᠪᠣᠯᠳᠠᠭ ᠶᠣᠮ᠃ ᠵᠠᠷᠢᠮ ᠬᠦᠮᠦᠰ ᠭᠦᠵᠡᠭᠡᠯᠡᠭᠰᠡᠨ ᠮᠢᠬ᠎ᠠ ᠶᠢ ᠪᠠᠨ ᠴᠠᠰᠣᠨ ᠲᠣᠣᠷ᠎ᠠ ᠲᠠᠷᠣᠵᠣ ᠬᠠᠳᠠᠭᠠᠯᠠᠳᠠᠭ ᠪᠦᠭᠡᠳ ᠡᠶᠢᠭᠡᠵᠣ ᠬᠢᠬᠦ ᠶᠢᠨ ᠣᠴᠢᠷ ᠪᠣᠯᠪᠠᠯ ᠮᠢᠬ᠎ᠠ ᠶᠢ ᠰᠢᠨ᠎ᠠ ᠰᠣᠷᠭᠤᠭ ᠢᠶᠠᠷ ᠨᠢ ᠪᠠᠶᠢᠯᠭᠠᠬᠤ ᠶᠢᠨ ᠲᠦᠯᠦᠭᠡ ᠪᠢᠯᠡ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号