ᠣᠶᠢᠷᠠᠳ ᠮᠣᠩᠭᠤᠯ ᠤᠨ  ᠰᠢᠷ᠎ᠠ ᠲᠣᠰᠤ ᠢᠯᠭᠠᠷᠠᠭᠤᠯᠵᠤ ᠠᠪᠬᠤ ᠶᠣᠰᠣᠨ
ᠨᠡᠶᠢᠲᠡᠯᠡᠭᠰᠡᠨ ᠴᠠᠭ᠄
2020/12/22
      ᠰᠢᠷ᠎ᠠ ᠲᠣᠰᠣ ᠶᠢ ᠭᠠᠷᠭᠠᠵᠣ ᠠᠪᠬᠤ ᠠᠷᠭ᠎ᠠ ᠨᠢ ᠪᠣᠯᠪᠠᠯ᠂ ᠠᠷᠠᠬᠤᠨ ᠪᠣᠶᠣ ᠮᠣᠳᠣᠨ ᠰᠠᠭᠤᠯᠠᠭ᠎ᠠ ᠳᠠᠭᠠᠨ ᠢᠰᠭᠡᠵᠣ ᠴᠣᠭᠯᠠᠭᠤᠯᠣᠭᠰᠠᠨ ᠠᠶᠢᠷᠠᠭ ᠢᠶᠠᠨ ᠬᠤᠶᠠᠷ ᠠᠴᠠ ᠭᠤᠷᠪᠠᠨ ᠴᠠᠭ ᠪᠦᠯᠢᠵᠣ ᠲᠡᠭᠦᠨ ᠠᠴᠠ ᠢᠯᠭᠠᠷᠠᠭᠤᠯᠵᠣ ᠠᠪᠳᠠᠭ᠃ ᠠᠶᠢᠷᠠᠭ ᠢ ᠰᠠᠶᠢᠳᠦᠷ ᠪᠦᠯᠢᠪᠡᠯ ᠲᠣᠰᠣᠨ ᠶᠡᠭᠡ ᠣᠨᠠᠬᠤ ᠠᠷ ᠪᠠᠷᠠᠬᠤ ᠦᠭᠡᠢ ᠠᠷᠢᠬᠢ ᠨᠡᠷᠡᠵᠣ ᠠᠪᠣᠭᠰᠠᠨ ᠠᠭᠠᠳᠠᠮᠠᠭ ᠨᠢ ᠴᠠᠭᠠᠨ ᠪᠣᠯᠵᠣ ᠪᠠᠷᠢᠭᠰᠠᠨ ᠬᠤᠷᠣᠰᠣ ᠰᠢᠭᠦᠷᠡᠮᠡᠭ ᠨᠢ ᠴᠢᠬᠢ ᠲᠣᠰᠣ ᠪᠠᠭᠠᠲᠠᠢ ᠪᠣᠯᠳᠠᠭ᠃     ᠬᠦᠮᠦᠰ ᠰᠢᠷ᠎ᠠ ᠲᠣᠰᠣ ᠶᠢ ᠶᠡᠭᠡ ᠭᠠᠷᠭᠠᠵᠣ ᠠᠪᠬᠤ ᠶᠢᠨ ᠲᠦᠯᠦᠭᠡ ᠠᠶᠢᠷᠠᠭ ᠢᠶᠠᠨ ᠪᠦᠯᠢᠬᠦ ᠶᠢᠨ ᠡᠮᠣᠨ᠎ᠡ ᠪᠠᠭ᠎ᠠ ᠵᠡᠷᠭᠡ ᠬᠠᠯᠠᠭᠤᠯᠳᠠᠭ ᠪᠣᠶᠣ ᠡᠰᠡᠭᠡᠵᠣ ᠰᠡᠭᠦᠯ ᠤᠨ ᠨᠢᠭᠡ ᠰᠠᠭᠠᠴᠠ ᠶᠢᠨ ᠰᠦ ᠪᠠᠨ ᠪᠦᠯᠢᠶᠠᠨ ᠢᠶᠠᠷ ᠨᠢ ᠠᠶᠢᠷᠠᠭ ᠲᠡᠭᠡᠷ᠎ᠡ ᠬᠢᠵᠣ ᠲᠡᠷᠡ ᠲᠠᠷᠣᠢ ᠨᠢ ᠡᠬᠢᠯᠡᠵᠣ ᠪᠦᠯᠢᠳᠡᠭ᠃ ᠭᠡᠮᠡᠷ ᠠᠶᠢᠷᠠᠭ ᠢᠶᠠᠨ ᠪᠦᠯᠢᠬᠦ ᠠᠴᠠ ᠡᠮᠣᠨ᠎ᠡ ᠴᠣᠭᠯᠠᠭᠤᠯᠵᠣ ᠠᠪᠣᠭᠰᠠᠨ ᠦᠷᠦᠮ᠎ᠡ ᠪᠣᠶᠣ ᠢᠪᠢᠯᠴᠡ ᠪᠠᠶᠢᠵᠣ᠂ ᠲᠡᠭᠦᠨ ᠢ ᠪᠠᠨ ᠠᠶᠢᠷᠠᠭ ᠲᠡᠭᠡᠷ᠎ᠡ ᠪᠠᠨ ᠬᠢᠬᠦ ᠦᠭᠡᠢ ᠪᠠᠷ ᠰᠢᠭᠤᠳ ᠵᠢᠭᠤᠷᠠᠭᠰᠠᠭᠠᠷ ᠰᠢᠷ᠎ᠠ ᠲᠣᠰᠣᠨ ᠪᠣᠯᠣᠨ ᠴᠡᠭᠡ ᠶᠢ ᠢᠯᠭᠠᠷᠠᠭᠤᠯᠵᠣ ᠣᠷᠬᠢᠳᠠᠭ ᠪᠠᠶᠢᠨ᠎ᠠ᠃     ᠡᠶᠢᠨ ᠬᠦ ᠭᠠᠷᠭᠠᠵᠣ ᠠᠪᠣᠭᠰᠠᠨ ᠰᠢᠷ᠎ᠠ ᠲᠣᠰᠣ ᠪᠠᠨ ᠮᠦᠨ ᠲᠠᠷᠣᠢ ᠨᠢ ᠢᠳᠡᠬᠦ ᠶᠣᠮ ᠪᠣᠯᠪᠠᠯ ᠲᠡᠷᠡ ᠶᠠᠩᠵᠣ  ᠪᠠᠷ ᠨᠢ ᠰᠠᠪᠠᠯᠠᠵᠣ ᠲᠠᠯᠪᠢᠭᠠᠳ ᠢᠳᠡᠳᠡᠭ ᠪᠠ ᠭᠡᠮᠡᠷ ᠤᠳᠠᠭᠠᠨ ᠬᠤᠭᠤᠴᠠᠭ᠎ᠠ ᠪᠠᠷ ᠬᠠᠳᠠᠭᠠᠯᠠᠬᠤ ᠵᠣᠷᠢᠯᠭ᠎ᠠ ᠲᠠᠢ ᠪᠣᠯᠪᠠᠯ ᠡᠷᠬᠡᠪᠰᠢ ᠴᠡᠭᠡᠶᠢᠯᠡᠳᠡᠭ᠃ ᠲᠣᠰᠣ ᠴᠡᠭᠡᠶᠢᠯᠡᠬᠦ ᠭᠡᠳᠡᠭ ᠨᠢ ᠲᠣᠰᠣ ᠶᠢ ᠲᠠᠭᠠᠭᠰᠠᠨ ᠠᠶᠢᠷᠠᠭ ᠢ ᠢᠯᠭᠠᠷᠠᠭᠤᠯᠵᠣ ᠭᠠᠷᠭᠠᠭᠠᠳ ᠴᠣᠯ ᠲᠣᠰᠣ ᠶᠢ ᠨᠢ ᠦᠯᠡᠳᠡᠭᠡᠵᠣ ᠠᠪᠬᠤ ᠶᠢ ᠬᠡᠯᠡᠳᠡᠭ᠃ ᠡᠨᠡ ᠶᠠᠪᠣᠴᠠ ᠶᠢ ᠭᠦᠢᠴᠡᠳᠭᠡᠬᠦ ᠠᠷᠭ᠎ᠠ ᠨᠢ ᠭᠡᠪᠡᠯ᠂ ᠵᠢᠩᠭᠢᠨᠠᠮ᠎ᠠ ᠬᠦᠢᠳᠡᠨ ᠣᠰᠣᠨ ᠳᠤ ᠭᠠᠷᠭᠠᠵᠣ ᠠᠪᠣᠭᠰᠠᠨ ᠰᠢᠷ᠎ᠠ ᠲᠣᠰᠣ ᠪᠠᠨ ᠭᠡᠳᠣᠨ ᠤᠳᠠᠭ᠎ᠠ ᠴᠣᠬᠢᠭᠤᠯᠵᠣ ᠪᠠᠵᠠᠭᠠᠵᠣ᠂ ᠲᠠᠬᠢᠨ ᠲᠠᠰᠢᠵᠣ ᠰᠢᠪᠠᠭᠠᠳ ᠣᠰᠣ ᠶᠢ ᠨᠢ ᠬᠦᠢᠴᠡᠰ ᠭᠠᠷᠭᠠᠵᠣ ᠰᠢᠯ ᠰᠠᠪᠠ᠂ ᠬᠤᠪᠠ ᠰᠠᠪᠠ ᠪᠣᠶᠣ ᠰᠢᠷᠲᠠᠢ ᠲᠠᠮᠦᠷ ᠰᠠᠪᠠ᠂ ᠡᠰᠡᠭᠡᠵᠣ ᠲᠣᠰᠣ ᠬᠢᠬᠦ ᠪᠠᠷ ᠪᠡᠯᠡᠳᠭᠡᠭᠰᠡᠨ ᠬᠦᠵᠡᠭᠡᠨ᠂ ᠭᠤᠯᠣᠭᠠᠢ ︵ᠣᠯᠣᠭᠠᠢ︶᠂ ᠦᠬᠡᠷ ᠤᠨ ᠲᠠᠪᠣᠰᠠᠭ ᠮᠠᠳᠦ ᠰᠠᠪᠠ ᠳᠤ ᠬᠢᠵᠣ ᠬᠠᠳᠠᠭᠠᠯᠠᠳᠠᠭ ᠶᠣᠮ᠃ ᠡᠶᠢᠮᠦ ᠠᠴᠠ ᠰᠢᠷ᠎ᠠ ᠲᠣᠰᠣ ᠪᠠᠨ ᠰᠢᠨ ᠴᠡᠭᠡᠶᠢᠯᠡᠵᠣ ᠰᠡᠷᠢᠭᠦᠨ ᠭᠠᠵᠠᠷ ᠲᠤ ᠲᠠᠯᠪᠢᠬᠤ ᠦᠭᠡᠢ ᠪᠣᠯᠪᠠᠯ ᠠᠮᠠᠷᠬᠠᠨ ᠬᠦᠭᠡᠴᠦᠷᠡᠵᠣ ᠡᠪᠳᠡᠷᠡᠬᠦ ᠠᠶᠣᠯ ᠲᠠᠢ ᠪᠠᠶᠢᠳᠠᠭ᠃      ᠵᠠᠷᠢᠮ ᠬᠦᠮᠦᠰ ᠴᠡᠭᠡᠶᠢᠯᠡᠵᠣ ᠠᠪᠣᠭᠰᠠᠨ ᠲᠣᠰᠣ ᠪᠠᠨ ᠨᠡᠩ ᠤᠳᠠᠭᠠᠨ ᠬᠠᠳᠠᠭᠠᠯᠠᠬᠤ ᠶᠢᠨ ᠲᠣᠯᠠᠳᠠ ᠲᠣᠰᠣᠨ ᠲᠣᠳᠣᠷ᠎ᠠ ᠪᠠᠨ ᠪᠠᠭ᠎ᠠ ᠵᠡᠷᠭᠡ ᠶᠢᠨ ᠲᠠᠪᠣᠰᠣ ᠬᠢᠵᠣ ᠪᠠᠵᠠᠭᠠᠵᠣ ᠲᠡᠷ ᠢ ᠨᠢ ᠨᠠᠶᠢᠯᠡᠭᠦᠯᠦᠭᠡᠳ ᠲᠡᠭᠡᠷ᠎ᠡ ᠬᠡᠯᠡᠭᠰᠡᠨ ᠮᠡᠳᠦ ᠲᠣᠰᠬᠠᠢ ᠰᠠᠪᠠ ᠳᠠᠭᠠᠨ ᠰᠠᠪᠠᠯᠠᠵᠣ ᠰᠡᠷᠢᠭᠦᠨ ᠭᠠᠵᠠᠷ ᠲᠤ ᠲᠠᠯᠪᠢᠵᠣ ᠬᠠᠳᠠᠭᠠᠯᠠᠳᠠᠭ ᠵᠠᠩᠰᠢᠯ ᠲᠠᠢ ᠪᠠᠶᠢᠳᠠᠭ᠃     ᠰᠢᠷ᠎ᠠ ᠲᠣᠰᠣ ᠨᠢ ᠮᠠᠯᠴᠢᠨ ᠨᠣᠳᠤᠭ ᠲᠤ ᠠᠪᠴᠣ ᠬᠡᠯᠡᠪᠡᠯ ᠤᠯᠠᠨ ᠲᠠᠯ᠎ᠠ ᠶᠢᠨ ᠬᠡᠷᠡᠭᠴᠡᠭᠡ ᠲᠠᠢ ᠵᠦᠢᠯ ᠪᠣᠯᠬᠤ ᠶᠣᠮ᠃ ᠲᠡᠭᠦᠨ ᠢ ᠶᠡᠷᠦ ᠶᠢᠨ ᠦᠶ᠎ᠡ ᠳᠤ ᠴᠠᠢ ᠳᠤ ᠲᠠᠯᠪᠢᠵᠣ ᠣᠣᠭᠤᠬᠤ᠂ ᠰᠠᠭᠠᠯᠢ ᠶᠢᠨ ᠠᠷᠢᠬᠢ ᠳᠤ ᠰᠠᠮᠣᠷᠴᠣ ᠣᠣᠭᠤᠬᠤ᠂ ᠬᠤᠷᠣᠰᠣ ᠰᠢᠭᠦᠷᠡᠮᠡᠭ᠂ ᠪᠣᠭᠤᠷᠴᠤᠭ ᠲᠤ ᠲᠦᠷᠬᠢᠵᠣ ᠢᠳᠡᠬᠦ᠂ ᠬᠠᠶᠢᠯᠣᠭᠤᠯᠣᠭᠠᠳ ᠴᠡᠯᠪᠡᠭ᠂ ᠮᠣᠰᠭᠢᠮᠠᠷ ᠮᠡᠳᠦ ᠲᠣᠰᠣᠲᠠᠢ ᠪᠣᠭᠤᠷᠰᠤᠭ ᠬᠢᠬᠦ᠂ ᠵᠣᠯᠠ ᠪᠠᠷᠢᠬᠤ ᠮᠠᠲᠣ ᠪᠠᠷ ᠬᠡᠷᠡᠭᠯᠡᠳᠡᠭ ᠪᠦᠭᠡᠳ ᠡᠭᠦᠨ  ᠠᠴᠠ ᠭᠠᠵᠠᠭ᠎ᠠ ᠪᠠᠰᠠ ᠲᠠᠬᠢᠯᠭ᠎ᠠ ᠰᠢᠳᠦᠯᠭᠡ ᠶᠢᠨ ᠶᠣᠰᠣᠨ ᠶᠠᠪᠣᠳᠠᠯ᠂ ᠦᠬᠦᠯ ᠦᠷᠡᠭᠳᠡᠯ ᠤᠨ ᠬᠡᠷᠡᠭ᠂ ᠲᠠᠯᠠᠯᠭ᠎ᠠ ᠲᠠᠭᠤᠳᠠᠯᠭ᠎ᠠ ᠶᠢᠨ ᠶᠣᠰᠣᠯᠠᠯ᠂ ᠬᠤᠷᠢᠮ ᠬᠡᠶᠢᠴᠢ ᠶᠢᠨ ᠶᠣᠰᠣᠨ ᠵᠢᠴᠢ ᠠᠬ᠎ᠠ ᠲᠡᠭᠦᠦ᠂ ᠲᠦᠷᠦᠯ ᠰᠠᠳᠣᠨ ᠬᠦᠮᠦᠰ ᠨᠢᠭᠡ ᠨᠢᠭᠡᠨ ᠳᠡᠭᠡᠨ ᠪᠡᠯᠡᠭ ᠲᠡᠯᠡᠭ ᠪᠣᠯᠭᠠᠵᠣ ᠦᠭᠭᠦᠭᠦᠯᠬᠦ ᠳᠤ ᠶᠡᠷᠣ ᠠᠴᠠ ᠪᠠᠨ ᠰᠢᠷ᠎ᠠ ᠲᠣᠰᠣᠨ ᠳᠣᠳᠠᠬᠤ ᠦᠭᠡᠢ ᠬᠡᠷᠡᠭᠯᠡᠭᠳᠡᠳᠡᠭ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号