ᠣᠶᠢᠷᠠᠳ ᠮᠣᠩᠭᠤᠯ ᠤᠨ ᠪᠣᠵᠠ᠂ ᠠᠭᠠᠳᠠᠮᠠᠭ ᠬᠢᠬᠦ ᠶᠣᠰᠣᠨ
ᠨᠡᠶᠢᠲᠡᠯᠡᠭᠰᠡᠨ ᠴᠠᠭ᠄
2020/12/22
ᠠᠶᠢᠷᠠᠭ ᠢᠶᠠᠷ ᠠᠷᠢᠬᠢ ᠨᠡᠷᠡᠵᠣ ᠠᠪᠣᠭᠰᠠᠨ ᠤ ᠬᠤᠶᠢᠨ᠎ᠠ ᠬᠠᠶᠢᠰᠣᠨ ᠳᠤ ᠦᠯᠡᠳᠡᠭᠰᠡᠨ ᠠᠶᠢᠷᠠᠭ ᠢᠶᠠᠨ ︽ᠪᠣᠵᠠ︾ ᠭᠡᠳᠡᠭ᠃ ᠪᠣᠵᠠ ᠶᠢ ᠬᠦᠢᠳᠡᠷᠡᠭᠦᠯᠵᠣ ᠲᠠᠯᠪᠢᠭᠠᠳ ᠠᠷᠠᠰᠣ ᠬᠦᠷᠦᠰᠦ ᠢᠳᠡᠭᠡᠯᠡᠵᠣ ᠪᠣᠯᠬᠤ ᠪᠠᠷ ᠪᠠᠷᠠᠬᠤ ᠦᠭᠡᠢ ᠰᠢᠭᠤᠳ ᠲᠡᠭᠡᠷ᠎ᠡ ᠨᠢ ᠰᠦ ᠬᠢᠵᠣ ᠦᠭᠡᠷ᠎ᠡ ᠢᠳᠡᠭᠡ ᠬᠢᠵᠣ ᠣᠣᠭᠤᠵᠣ ᠴᠦ ᠪᠣᠯᠳᠠᠭ᠃ ᠮᠦᠨ ᠴᠢᠢᠳᠡᠮᠡᠭ ᠬᠤᠭᠤᠷᠮᠠᠭ ᠮᠡᠳᠦ ᠣᠯᠠᠨ ᠵᠦᠢᠯ ᠤᠨ ᠢᠳᠡᠭᠡᠨ ᠣᠮᠳᠠ ᠬᠢᠵᠣ ᠪᠣᠯᠬᠤ ᠠᠴᠠ ᠭᠠᠵᠠᠭ᠎ᠠ ᠪᠠᠰᠠ ᠬᠤᠷᠣᠰᠣ ᠰᠢᠭᠦᠷᠡᠮᠡᠭ ᠬᠢᠬᠦ ᠪᠣᠶᠣ ᠰᠡᠷᠢᠭᠦᠨ ᠴᠠᠭ ᠪᠣᠯᠪᠠᠯ ᠲᠡᠷᠡ ᠶᠠᠩᠵᠣ ᠪᠠᠷ ᠨᠢ ᠬᠦᠷᠦᠭᠡᠵᠣ ︵ᠬᠦᠯᠳᠡᠭᠡᠵᠣ︶ ᠣᠷᠬᠢᠭᠠᠳ ᠡᠪᠣᠯ ᠳᠤᠨᠢ ᠬᠤᠭᠤᠷᠮᠠᠭ ᠴᠢᠢᠳᠡᠮᠡᠭ ᠬᠢᠵᠣ ᠣᠣᠭᠤᠬᠤ ᠪᠣᠶᠣ ᠬᠦᠴᠡ ᠪᠣᠳᠠᠭᠠᠨ ᠳᠤ ᠪᠠᠨ ᠬᠢᠵᠣ ᠣᠣᠭᠤᠳᠠᠭ᠃   ᠠᠭᠠᠳᠠᠮᠠᠭ ︵ᠠᠭᠠᠷᠴᠠ︶ ᠭᠡᠳᠡᠭ ᠨᠢ ᠪᠣᠯᠪᠠᠯ ᠠᠷᠢᠬᠢ ᠨᠡᠷᠡᠵᠣ ᠭᠠᠷᠭᠠᠭᠰᠠᠨ ᠪᠣᠵᠠ ᠪᠠᠨ ᠲᠠᠪᠣᠣ ᠣᠭᠤᠳᠠ ᠳᠤ ᠬᠢᠵᠣ ᠰᠢᠷᠡᠰᠦ ᠶᠢ ᠨᠢ ᠢᠯᠭᠠᠷᠠᠭᠤᠯᠵᠣ ᠭᠠᠷᠭᠠᠪᠠᠯ ᠣᠭᠤᠳᠠ ᠳᠤ ᠦᠯᠡᠳᠡᠭᠰᠡᠨ ᠵᠦᠢᠯ ᠨᠢ ᠠᠭᠠᠳᠠᠮᠠᠭ ᠪᠣᠯᠳᠠᠭ᠃ ᠡᠶᠢᠨ ᠬᠦ᠋‍ ᠨᠢᠭᠡ ᠨᠡᠷᠡᠴᠡ ᠶᠢᠨ ᠠᠶᠢᠷᠠᠭ ᠤᠨ ᠪᠣᠵᠠ ᠠᠴᠠ ᠭᠠᠷᠣᠭᠰᠠᠨ ᠠᠭᠠᠳᠠᠮᠠᠭ ᠢᠶᠠᠨ ︽ᠨᠢᠭᠡ ᠪᠠᠷᠢᠴᠠ ᠶᠢᠨ ᠠᠭᠠᠳᠠᠮᠠᠭ︾ ᠭᠡᠵᠣ ᠬᠡᠯᠡᠳᠡᠭ᠃ ᠠᠭᠠᠳᠠᠮᠠᠭ ᠨᠢ ᠢᠰᠭᠦᠯᠡᠩ ᠠᠮᠳᠠ ᠲᠠᠢ ᠪᠣᠯᠳᠠᠭ ᠪᠠ ᠲᠡᠭᠦᠨ ᠤ ᠲᠡᠷᠡ ᠬᠦ ᠢᠰᠭᠦᠯᠡᠩ ᠠᠮᠳᠠ ᠶᠢ ᠲᠡᠷᠣᠬᠤ ᠶᠢᠨ ᠲᠦᠯᠦᠭᠡ ᠰᠢᠷᠡᠰᠦ ᠶᠢ ᠨᠢ ᠢᠯᠭᠠᠷᠠᠭᠤᠯᠵᠣ ᠠᠪᠣᠭᠰᠠᠨ ᠤ ᠲᠠᠷᠠᠭ᠎ᠠ ᠲᠠᠬᠢᠨ ᠬᠦᠢᠳᠡᠨ ᠣᠰᠣ ᠬᠢᠵᠣ ᠰᠢᠭᠦᠷᠡᠭᠦᠯᠦᠭᠡᠳ ᠠᠪᠣᠪᠠᠯ ᠠᠮᠳᠠ ᠲᠠᠭᠠᠷᠠᠣ ᠪᠣᠯᠳᠠᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号