ᠣᠶᠢᠷᠠᠳ ᠮᠣᠩᠭᠤᠯ ᠤᠨ ᠦᠷᠦᠮ᠎ᠡ᠂ ᠵᠥᠭᠡᠬᠡᠢ ᠬᠢᠬᠦ ᠶᠣᠰᠣᠨ
ᠨᠡᠶᠢᠲᠡᠯᠡᠭᠰᠡᠨ ᠴᠠᠭ᠄
2020/12/22
       ᠥᠷᠥᠮ᠎ᠡ ᠶᠢ ᠲᠦᠭᠦᠬᠡᠢ ᠰᠦ ᠶᠢᠨ ᠦᠷᠦᠮ᠎ᠡ ᠪᠣᠯᠣᠨ ᠴᠢᠨᠠᠭᠰᠠᠨ ᠰᠦ ᠶᠢᠨ ᠦᠷᠦᠮ᠎ᠡ ᠭᠡᠵᠣ ᠬᠤᠶᠠᠷ ᠬᠤᠪᠢᠶᠠᠳᠠᠭ᠃ ᠴᠢᠨᠠᠵᠣ ᠠᠪᠬᠤ ᠦᠷᠦᠮ᠎ᠡ ᠶᠢ ᠪᠣᠯᠪᠠᠯ ᠰᠠᠭᠠᠵᠣ ᠠᠪᠣᠭᠰᠠᠨ ᠰᠦ ᠪᠠᠨ ᠬᠠᠶᠢᠰᠣᠨ ᠳᠤ ᠬᠢᠵᠣ ᠲᠣᠭᠳᠠᠭᠤᠨ ᠭᠠᠯ ᠢᠶᠠᠷ ᠲᠡᠪᠡᠷᠡᠭᠡᠵᠣ ᠬᠦᠭᠡᠷᠦᠭᠦᠯᠦᠭᠡᠳ ᠲᠠᠯᠪᠢᠵᠣ ᠣᠷᠬᠢᠪᠠᠯ ᠬᠠᠶᠢᠰᠣᠲᠠᠢ ᠰᠦ ᠬᠦᠢᠳᠡᠷᠡᠬᠦ ᠶᠢ ᠲᠠᠭᠠᠯᠳᠣᠨ ᠲᠡᠭᠡᠷ᠎ᠡ ᠨᠢ ᠨᠢᠭᠡ ᠲᠠᠪᠬᠤᠷ ᠬᠦᠷᠦᠰᠦᠯᠢᠭ ᠡᠳ᠋ ᠲᠣᠭᠳᠠᠳᠠᠭ᠃ ᠡᠭᠦᠨ ᠢ ᠪᠠᠨ ︽ᠦᠷᠦᠮ᠎ᠡ  ︾ ᠬᠡᠬᠦ ᠪᠣᠶᠣ ︽ᠴᠢᠨᠠᠭᠰᠠᠨ ᠰᠦ ᠶᠢᠨ ᠦᠷᠦᠮ᠎ᠡ︾ ᠭᠡᠵᠣ ᠬᠡᠯᠡᠳᠡᠭ ᠵᠠᠩᠰᠢᠯ ᠲᠠᠢ ᠪᠠᠶᠢᠳᠠᠭ᠃ ᠲᠦᠭᠦᠬᠡᠢ ᠰᠦ ᠶᠢᠨ ᠦᠷᠦᠮ᠎ᠡ ᠭᠡᠳᠡᠭ ᠨᠢ ᠰᠦ ᠶᠢ ᠰᠠᠭᠠᠵᠣ ᠠᠪᠣᠭᠠᠳ ᠰᠠᠪᠠᠨ ᠳᠤ ᠬᠢᠵᠣ ᠰᠡᠷᠢᠬᠦᠨ ᠭᠠᠵᠠᠷ ᠲᠤ ᠬᠡᠰᠡᠭ ᠲᠠᠯᠪᠢᠪᠠᠯ ᠲᠡᠭᠡᠷ᠎ᠡ ᠨᠢ ᠨᠢᠭᠡ ᠲᠠᠪᠬᠤᠷ ᠲᠣᠰᠣᠯᠢᠭ ᠡᠳ᠋ ᠲᠣᠭᠳᠠᠳᠠᠭ᠃ ᠲᠡᠭᠦᠨ ᠢ ︽ᠲᠦᠭᠦᠬᠡᠢ ᠦᠷᠦᠮ᠎ᠡ︾ ᠭᠡᠵᠣ ᠬᠡᠯᠡᠳᠡᠭ᠃      ᠵᠦᠭᠡᠬᠡᠢ ᠶᠢ ᠰᠠᠭᠠᠵᠣ ᠠᠪᠣᠭᠰᠠᠨ ᠰᠦ ᠪᠠᠨ ᠬᠠᠶᠢᠰᠣᠨ ᠳᠤ ᠬᠢᠵᠣ ᠬᠦᠭᠡᠷᠣᠭᠦᠯᠦᠭᠡᠳ ᠬᠠᠯᠠᠭᠤᠨ ᠲᠡᠭᠡᠷ᠎ᠡ  ᠨᠢ ᠰᠠᠮᠣᠷᠴᠣ ᠬᠥᠭᠡᠰᠦ ᠴᠠᠬᠠᠷᠠᠭᠤᠯᠣᠭᠠᠳ ᠲᠡᠭᠡᠷ᠎ᠡ ᠨᠢ ᠲᠠᠷᠢᠶᠠᠨ ᠤ ᠲᠠᠯᠬ᠎ᠠ ᠴᠠᠴᠣᠭᠠᠳ ᠬᠦᠷᠦᠭᠡᠵᠣ ᠣᠷᠬᠢᠪᠠᠯ ᠵᠣᠵᠠᠭᠠᠨ ᠦᠷᠦᠮ᠎ᠡ ᠲᠣᠭᠳᠠᠳᠠᠭ᠃ ᠡᠶᠢᠭᠡᠵᠣ ᠪᠣᠯᠪᠠᠰᠣᠷᠠᠭᠤᠯᠵᠣ ᠠᠪᠣᠭᠰᠠᠨ ᠵᠦᠢᠯ ᠢ ᠪᠠᠨ ᠨᠣᠳᠤᠭ ᠤᠨ ᠬᠦᠮᠦᠰ ᠮᠦᠨ ᠦᠷᠦᠮ᠎ᠡ ᠭᠡᠵᠣ᠂ ᠵᠡᠷᠢᠮ ᠨᠣᠳᠤᠭ ᠤᠨ ᠬᠦᠮᠦᠰ ︽ᠵᠥᠭᠡᠭᠡᠢ︾ ᠭᠡᠵᠣ᠂ ᠪᠣᠴᠠᠯᠭᠠᠵᠣ ᠠᠪᠣᠭᠰᠠᠨ ᠦᠷᠦᠮ᠎ᠡ  ᠪᠠᠨ ᠰᠢᠭᠤᠳ ︽ᠦᠷᠦᠮ᠎ᠡ︾ ᠭᠡᠵᠣ ᠨᠡᠷᠡᠯᠡᠳᠡᠭ᠃    ᠮᠠᠯᠴᠢᠨ ᠭᠠᠵᠠᠷ ᠤᠨ ᠬᠦᠮᠦᠰ ᠵᠣᠨ ᠤ ᠴᠠᠭ ᠲᠤ ᠬᠢᠵᠣ ᠠᠪᠣᠭᠰᠠᠨ ᠵᠦᠭᠡᠭᠡᠢ ᠪᠣᠶᠣ ᠦᠷᠦᠮ᠎ᠡ ᠶᠢ ᠪᠠᠨ ᠲᠡᠷᠡ ᠶᠣᠰᠣᠭᠠᠷ ᠨᠢ ᠢᠳᠡᠬᠦ ᠪᠣᠶᠣ ᠴᠠᠢ ᠲᠠᠪᠠᠯᠠᠵᠣ ᠣᠣᠭᠤᠳᠠᠭ ᠪᠦᠭᠡᠳ ᠬᠠᠳᠠᠭᠠᠵᠣ ᠣᠷᠬᠢᠭᠠᠳ ᠬᠠᠳᠠᠭᠠᠯᠠᠵᠣ ᠪᠠᠶᠢᠭᠠᠳ ᠢᠳᠡᠬᠦ ᠪᠣᠶᠣ ᠡᠪᠦᠯ ᠬᠠᠪᠣᠷ ᠤᠨ ᠤᠯᠠᠷᠢᠯ ᠳᠤ ᠴᠠᠢ ᠪᠣᠭᠤᠷᠴᠤᠭ ᠲᠠᠭᠠᠨ ᠠᠮᠳᠠ ᠬᠢᠵᠣ ᠢᠳᠡᠳᠡᠭ ᠵᠠᠩᠰᠢᠯ ᠲᠠᠢ ᠪᠠᠶᠢᠯ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号