ᠣᠶᠢᠷᠠᠳ ᠮᠣᠩᠭᠤᠯ ᠤᠨ  ᠡᠭᠡᠳᠡᠮᠡᠭ᠂ ᠬᠤᠭᠤᠷᠮᠠᠭ ᠬᠢᠬᠦ ᠶᠣᠰᠣᠨ
ᠨᠡᠶᠢᠲᠡᠯᠡᠭᠰᠡᠨ ᠴᠠᠭ᠄
2020/12/22
       ᠡᠭᠡᠳᠡᠮᠡᠭ ᠭᠡᠳᠡᠭ ᠨᠢ ᠠᠷᠢᠬᠢ ᠨᠡᠷᠡᠵᠣ ᠪᠠᠷᠠᠭᠰᠠᠨ ᠤ ᠲᠠᠷᠠᠭ᠎ᠠ ᠬᠠᠶᠢᠰᠦᠨ ᠤ ᠲᠣᠳᠣᠷ᠎ᠠ ᠠᠮᠠᠰᠠᠷ᠂ ᠮᠣᠰᠣᠷ  ᠤᠨ ᠲᠣᠳᠣᠷ᠎ᠠ ᠪᠠᠶ᠎ᠠ᠂ ᠪᠦᠷᠭᠦᠭᠡᠰᠦᠨ ᠤ ᠲᠣᠳᠣᠷ᠎ᠠ ᠪᠠᠶ᠎ᠠ ᠳᠤ ᠨᠠᠭᠠᠯᠳᠣᠭᠰᠠᠨ ᠪᠣᠵᠠ ᠶᠢᠨ ᠴᠠᠭᠠᠨ ᠦᠩᠭᠡᠷ ᠢ ᠬᠡᠯᠡᠳᠡᠭ᠃ ᠡᠭᠦᠨ ᠢ ᠬᠤᠰᠣᠵᠣ ᠠᠪᠣᠭᠠᠳ ᠡᠯᠡᠰᠦᠨ ᠰᠢᠬᠢᠷ ᠬᠤᠯᠢᠵᠣ ᠪᠠᠭ᠎ᠠ ᠬᠦᠪᠡᠭᠦᠳ ᠲᠤ ᠦᠭᠳᠡᠭ ᠪᠣᠶᠣ ᠡᠰᠡᠭᠡᠵᠣ ᠲᠡᠭᠡᠷ᠎ᠡ ᠨᠢ ᠰᠦ ᠬᠢᠭᠡᠳ ᠵᠢᠭᠤᠷᠠᠵᠣ ᠣᠣᠭᠤᠪᠠᠯ ᠴᠡᠨᠡᠭ ᠦᠭᠡᠢ ᠰᠠᠶᠢᠬᠠᠨ ᠠᠮᠳᠠ ᠲᠠᠢ ᠪᠣᠯᠳᠠᠭ᠃ ᠮᠦᠨ ᠬᠠᠳᠠᠭᠠᠵᠣ ᠲᠠᠯᠪᠢᠭᠠᠳ ᠬᠠᠳᠠᠭᠠᠯᠠᠵᠣ ᠢᠳᠡᠬᠦ ᠨᠢ ᠴᠦ ᠪᠠᠶᠢᠳᠠᠭ᠃ ᠵᠠᠷᠢᠮ ᠨᠣᠳᠤᠭ ᠲᠤ ᠡᠭᠦᠨ ᠢ ︽ᠡᠭᠡᠷᠡᠮᠡᠭ︾ ᠭᠡᠵᠣ ᠬᠡᠯᠡᠳᠡᠭ ᠪᠠ ᠪᠤᠴᠠᠯᠭᠠᠭᠰᠠᠨ ᠪᠣᠵᠠ ᠲᠡᠭᠡᠷ᠎ᠡ ᠬᠦᠢᠳᠡᠨ ᠰᠦ ᠬᠢᠭᠰᠡᠨ ᠢᠳᠡᠭᠡᠨ ᠢ ᠪᠠᠨ ︽ᠡᠭᠡᠳᠡᠮᠡᠭ︾ ᠭᠡᠵᠣ ᠬᠡᠯᠡᠳᠡᠭ ᠪᠠᠶᠢᠨ᠎ᠠ᠃    ᠬᠤᠭᠤᠷᠮᠠᠭ ᠬᠡᠬᠦ ᠢᠳᠡᠭᠡᠨ ᠢ ᠵᠡᠷᠢᠮ ᠨᠣᠳᠤᠭ ᠤᠨ ᠬᠦᠮᠦᠰ ᠪᠣᠵᠠ ᠲᠡᠭᠡᠷ᠎ᠡ ᠰᠦ ᠬᠢᠵᠣ ᠵᠢᠭᠤᠷᠠᠭᠠᠳ ᠬᠢᠳᠡᠭ ᠪᠠᠶᠢᠬᠤ ᠳᠤ᠂ ᠵᠠᠷᠢᠮ ᠨᠣᠳᠤᠭ ᠲᠤ ᠪᠣᠯᠪᠠᠯ ᠬᠤᠭᠤᠷᠮᠠᠭ ᠢᠶᠠᠨ ᠲᠣᠰ ᠪᠦᠷᠢ ︽ᠢᠵᠡᠷᠡᠮᠡᠭ ᠬᠤᠭᠤᠷᠮᠠᠭ︾ ᠪᠠ ︽ᠲᠣᠷᠭᠠᠨ ᠬᠤᠭᠤᠷᠮᠠᠭ︾ ᠭᠡᠵᠣ ᠬᠤᠶᠠᠷ ᠵᠦᠢᠯ ᠢᠶᠠᠷ ᠢᠯᠭᠠᠳᠠᠭ ᠵᠠᠩᠰᠢᠯ ᠲᠠᠢ ᠪᠠᠶᠢᠨ᠎ᠠ᠃ ᠡᠭᠦᠨ ᠳᠤ ᠠᠭᠠᠳᠠᠮᠠᠭ ᠲᠡᠭᠡᠷ᠎ᠡ ᠰᠦ ᠬᠢᠵᠣ ᠣᠣᠭᠤᠬᠤ ᠬᠤᠭᠤᠷᠮᠠᠭ ᠢᠶᠠᠨ ︽ᠢᠵᠡᠷᠡᠮᠡᠭ ᠬᠤᠭᠤᠷᠮᠠᠭ︾ ᠭᠡᠵᠣ᠂ ᠪᠣᠵᠠ ᠲᠡᠭᠡᠷ᠎ᠡ ᠠᠶᠢᠷᠠᠭ ᠪᠣᠶᠣ ᠰᠦ ᠬᠢᠵᠣ ᠵᠢᠭᠤᠷᠠᠭᠰᠠᠨ ᠬᠤᠭᠤᠷᠮᠠᠭ ᠢᠶᠠᠨ ︽ᠲᠣᠷᠭᠠᠨ ᠬᠤᠭᠤᠷᠮᠠᠭ︾ ᠭᠡᠵᠣ ᠬᠡᠯᠡᠳᠡᠭ ᠪᠠᠶᠢᠨ᠎ᠠ᠃ ᠵᠠᠷᠢᠮ ᠨᠣᠳᠤᠭ ᠲᠤ ᠠᠭᠠᠳᠠᠮᠠᠭ ᠲᠡᠭᠡᠷ᠎ᠡ ᠰᠦ ᠬᠢᠵᠣ ᠪᠣᠴᠠᠯᠭᠠᠭᠠᠳ ᠬᠤᠭᠤᠷᠮᠠᠭ ᠬᠢᠳᠡᠭ ᠪᠠ ᠡᠶᠢᠮᠦ ᠬᠤᠭᠤᠷᠮᠠᠭ ᠬᠢᠵᠣ ᠣᠣᠭᠤᠬᠤ ᠦᠢᠯᠡ ᠪᠠᠨ ︽ᠠᠭᠠᠳᠠᠮᠠᠭ ᠪᠣᠴᠠᠯᠭᠠᠵᠣ ᠣᠣᠭᠤᠬᠤ︾ ᠭᠡᠵᠣ ᠨᠡᠷᠡᠯᠡᠳᠡᠭ ᠪᠠᠶᠢᠨ᠎ᠠ᠃ ᠡᠭᠦᠨ ᠠᠴᠠ ᠦᠵᠡᠪᠡᠯ᠂ ᠠᠯᠢ ᠨᠣᠳᠤᠭ ᠲᠤ ᠪᠣᠯᠣᠭᠰᠠᠨ ᠴᠦ ᠬᠤᠭᠤᠷᠮᠠᠭ ᠢ ᠠᠭᠠᠳᠠᠮᠠᠭ᠂ ᠰᠦ᠂ ᠠᠶᠢᠷᠠᠭ ᠭᠤᠷᠪᠠ ᠪᠠᠷ ᠡᠬᠢ ᠬᠡᠷᠡᠭᠯᠡᠭᠳᠡᠭᠦᠨ ᠪᠣᠯᠭᠠᠵᠣ ᠬᠢᠳᠡᠭ ᠲᠡᠯ᠎ᠡ ᠪᠠᠷ ᠠᠳᠠᠯᠢ ᠪᠦᠭᠡᠳ ᠲᠡᠭᠦᠨ ᠢ ᠬᠢᠬᠦ ᠶᠠᠪᠣᠴᠠ ᠪᠠ ᠠᠷᠭ᠎ᠠ ᠨᠢ ᠬᠠᠷᠢᠨ ᠠᠳᠠᠯᠢ ᠦᠭᠡᠢ ᠪᠠᠶᠢᠳᠠᠭ ᠪᠠᠶᠢᠨ᠎ᠠ᠃ ᠡᠨᠡ ᠬᠦ ᠦᠭᠡ ᠶᠢ ︽ᠣᠶᠢᠷᠡᠳ ᠨᠣᠳᠤᠭ ᠤᠨ ᠠᠶᠠᠯᠭᠤᠨ ᠤ ᠦᠭᠡᠰ ᠤᠨ ᠬᠤᠷᠢᠶᠠᠩᠭᠤᠢ︾ ᠭᠡᠬᠦ ᠲᠣᠯᠢ ᠳᠤ ︽ᠬᠤᠭᠤᠷᠮᠠᠭ︾ ᠭᠡᠵᠣ ᠪᠢᠴᠢᠭᠡᠳ ︽ᠬᠠᠯᠠᠭᠤᠨ ᠪᠣᠵᠠ ᠴᠠᠭ᠎ᠠ ᠪᠣᠯᠣᠨ ᠬᠦᠢᠳᠡᠨ ᠰᠦ ᠬᠤᠶᠠᠷ ᠢ ᠬᠤᠯᠢᠵᠣ ᠡᠭᠡᠳᠡᠷᠡᠭᠦᠯᠦᠭᠰᠡᠨ ᠴᠠᠭᠠᠨ ᠢᠳᠡᠭᠡ︾ ᠭᠡᠵᠣ ᠲᠠᠶᠢᠪᠦᠷᠢᠯᠠᠭᠰᠠᠨ ᠪᠠᠶᠢᠨ᠎ᠠ᠃ ᠮᠦᠨ ︽ᠣᠶᠢᠷᠠᠳ ᠠᠶᠠᠯᠭᠤᠨ ᠤ ᠦᠭᠡᠰ ᠤᠨ ᠲᠣᠯᠢ︾ ᠳᠤ ᠠᠳᠠᠯᠢᠬᠠᠨ ︽ᠬᠤᠭᠤᠷᠮᠠᠭ︾ ᠭᠡᠵᠣ ᠪᠢᠴᠢᠭᠡᠳ ︽ᠡᠭᠡᠷᠮᠡᠭ︾ ᠭᠡᠵᠣ ᠲᠠᠶᠢᠯᠪᠤᠷᠢᠯᠠᠭᠰᠠᠨ ᠪᠠᠶᠢᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号