ᠣᠶᠢᠷᠠᠳ ᠮᠣᠩᠭᠤᠯ ᠤᠨ ᠡᠭᠡᠵᠡᠭᠡᠢ ᠪᠠᠰᠢᠯᠠᠭ ᠬᠢᠬᠦ ᠶᠣᠰᠣᠨ
ᠨᠡᠶᠢᠲᠡᠯᠡᠭᠰᠡᠨ ᠴᠠᠭ᠄
2020/12/22
ᠡᠭᠡᠵᠡᠭᠡᠢ ᠪᠣᠯ ᠦᠬᠡᠷ᠂ ᠬᠤᠨᠢᠨ᠂ ᠢᠮᠠᠭ᠎ᠠ᠂ ᠲᠡᠮᠡᠭᠡ ᠶᠢᠨ ᠰᠦ ᠪᠠᠷ ᠡᠭᠡᠳᠡᠷᠡᠭᠦᠯᠦᠨ ᠬᠦᠭᠡᠷᠣᠭᠦᠯᠵᠣ ᠬᠢᠳᠡᠭ ᠴᠠᠭᠠᠨ ᠢᠳᠡᠭᠡᠨ ᠤ ᠨᠢᠭᠡ ᠲᠦᠷᠦᠯ ᠶᠣᠮ᠃ ᠡᠭᠡᠵᠡᠭᠡᠢ ᠬᠢᠬᠦ ᠠᠷᠭ᠎ᠠ ᠨᠢ ᠪᠣᠯᠪᠠᠯ ᠣᠷᠢᠳ ᠢᠶᠠᠷ ᠴᠤᠭᠯᠠᠭᠤᠯᠤᠭᠰᠠᠨ ᠰᠦ ᠪᠠᠨ ᠬᠠᠶᠢᠰᠣᠨ ᠳᠠᠭᠠᠨ ᠬᠢᠵᠣ ᠬᠠᠯᠠᠭᠤᠯᠣᠭᠠᠳ᠂ ᠲᠡᠭᠦᠨ ᠤ ᠲᠣᠳᠣᠷ᠎ᠠ ᠨᠢᠯᠬ᠎ᠠ ᠬᠤᠷᠠᠭᠠᠨ ᠤ ᠬᠤᠳᠣᠭᠤᠳᠣ  ᠶᠢ ᠪᠠᠵᠠᠭᠠᠵᠣ ᠵᠢᠭᠤᠷᠠᠭᠠᠳ ᠪᠠᠭ᠎ᠠ ᠵᠡᠷᠭᠡ ᠪᠤᠴᠠᠯᠭᠠᠪᠠᠯ ᠰᠦ ᠡᠭᠡᠳᠡᠷᠡᠵᠣ ᠦᠳᠭᠡᠨ ᠰᠢᠩᠭᠡᠨ ᠨᠢ ᠢᠯᠭᠠᠷᠠᠳᠠᠭ ᠪᠠ ᠡᠭᠡᠵᠡᠭᠡᠢ ᠨᠢ ᠲᠣᠨᠣᠵᠣ ᠰᠢᠭᠦᠰᠦ ᠣᠰᠣ ᠨᠢ ᠲᠡᠭᠡᠷ᠎ᠡ ᠨᠢ ᠢᠯᠭᠠᠷᠠᠳᠠᠭ᠃ ᠡᠨᠡ ᠦᠶ᠎ᠡ ᠳᠤ ᠭᠠᠯ ᠢᠶᠠᠨ ᠲᠠᠳᠠᠵᠣ ᠬᠠᠶᠢᠰᠦᠲᠠᠢ ᠡᠭᠡᠵᠡᠭᠡᠢ ᠪᠠᠨ ᠬᠦᠷᠦᠭᠡᠭᠡᠵᠣ ᠣᠰᠣᠨ ᠠᠴᠠ ᠨᠢ ᠰᠢᠭᠦᠵᠣ ᠠᠪᠣᠪᠠᠯ ᠡᠭᠡᠵᠡᠭᠡᠢ ᠪᠣᠯᠳᠠᠭ᠃ ᠡᠭᠡᠵᠡᠭᠡᠢ ᠶᠢ ᠰᠢᠭᠦᠵᠣ ᠠᠪᠣᠭᠰᠠᠨ ᠲᠡᠷᠡ ᠲᠡᠷᠣᠢ ᠨᠢ ᠢᠳᠡᠵᠣ ᠪᠣᠯᠬᠤ ᠪᠠᠷ ᠪᠠᠷᠠᠬᠤ ᠦᠭᠡᠢ ᠬᠤᠷᠣᠰᠣ ᠰᠢᠭᠦᠷᠡᠮᠡᠭ ᠬᠠᠳᠠᠭᠠᠬᠤ  ᠲᠠᠢ ᠠᠳᠠᠯᠢ ᠪᠠᠷ ᠬᠠᠳᠠᠭᠠᠯᠠᠵᠣ ᠲᠠᠯᠪᠢᠭᠠᠳ ᠢᠳᠡᠵᠣ ᠴᠦ ᠪᠣᠯᠳᠠᠭ᠃ ᠵᠠᠷᠢᠮ ᠬᠦᠮᠦᠰ ᠡᠭᠡᠵᠡᠭᠡᠢ ᠶᠢᠨ ᠣᠰᠣ ᠪᠠᠷ ᠠᠭᠠᠳᠠᠮᠠᠭ ᠢᠶᠠᠨ ᠴᠣᠬᠢᠭᠤᠯᠵᠣ ᠬᠤᠷᠣᠰᠣ ᠰᠢᠭᠦᠷᠡᠮᠡᠭ ᠬᠠᠳᠠᠭᠠᠳᠠᠭ ᠲᠣᠯᠠ ᠲᠡᠭᠡᠵᠣ ᠬᠠᠳᠠᠭᠠᠭᠰᠠᠨ ᠬᠤᠷᠣᠰᠣᠨ ᠰᠢᠭᠦᠷᠡᠮᠡᠭ ᠤᠨ ᠠᠮᠳᠠ ᠨᠢ ᠠᠮᠳᠠᠳᠠᠶᠢᠬᠠᠨ ᠪᠣᠯᠳᠠᠭ᠃   ᠣᠶᠢᠷᠠᠳ ᠮᠣᠩᠭᠤᠯ ᠤᠨ  ᠪᠠᠰᠢᠯᠠᠭ ︵ᠪᠢᠰᠢᠯᠠᠭ︶ ᠭᠡᠳᠡᠭ ᠨᠢ ᠪᠣᠴᠠᠯᠠᠵᠣ ᠪᠠᠶᠢᠭᠰᠠᠨ ᠪᠣᠵᠠ ᠲᠡᠭᠡᠷ᠎ᠡ ᠪᠠᠨ ᠰᠦ ᠬᠢᠵᠣ ᠡᠭᠡᠳᠡᠷᠡᠭᠦᠯᠦᠭᠡᠳ ᠰᠢᠬᠠᠵᠣ ᠰᠢᠭᠦᠰᠦ ᠶᠢ ᠨᠢ ᠢᠯᠭᠠᠷᠠᠭᠤᠯᠣᠭᠰᠠᠨ ᠤ ᠲᠠᠷᠠᠭ᠎ᠠ ᠭᠠᠷᠭᠠᠵᠣ ᠲᠡᠯᠭᠡᠴᠡ ᠲᠠᠯᠪᠢᠭᠤᠷ ᠲᠡᠭᠡᠷ᠎ᠡ ᠲᠡᠯᠭᠡᠵᠣ ᠬᠠᠳᠠᠭᠠᠪᠠᠯ ᠪᠠᠰᠢᠯᠠᠭ ᠪᠣᠯᠳᠠᠭ ᠪᠠᠶᠢᠨ᠎ᠠ᠃ ᠣᠶᠢᠷᠠᠳ ᠬᠦᠮᠦᠰ ᠪᠠᠶᠠᠷ ᠨᠠᠶᠢᠷ ᠲᠠᠢ ᠪᠠᠶᠢᠳᠠᠯ ᠢ ︽ᠪᠠᠶᠠᠷ ᠳᠡᠭᠡᠷ᠎ᠡ ᠪᠠᠶᠠᠷ᠂ ᠪᠠᠰᠢᠯᠠᠭ ᠲᠡᠭᠡᠷ᠎ᠡ ᠲᠣᠰᠣᠨ︾ ᠭᠡᠬᠦ ᠲᠠᠷᠣᠰᠢᠯᠭ᠎ᠠ ᠲᠠᠢ ᠦᠭᠡ ᠪᠠᠷ ᠵᠦᠢᠷᠯᠡᠵᠣ ᠬᠡᠯᠡᠳᠡᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号