ᠣᠶᠢᠷᠠᠳ ᠮᠣᠩᠭᠤᠯ ᠤᠨ ᠮᠢᠬ᠎ᠠ ᠲᠠᠯᠠᠭᠳᠠᠵᠣ ᠬᠠᠳᠠᠭᠠᠯᠠᠬᠤ ᠠᠷᠭ᠎ᠠ
ᠨᠡᠶᠢᠲᠡᠯᠡᠭᠰᠡᠨ ᠴᠠᠭ᠄
2020/12/23
        ᠥᠩᠭᠡᠷᠡᠭᠰᠡᠨ ᠳᠤ ᠴᠡᠷᠢᠭ ᠲᠠᠶᠢᠨ ᠳᠤ ᠮᠣᠷᠳᠠᠬᠤ᠂ ᠬᠤᠯᠠ ᠠᠶᠠᠨ ᠳᠤ ᠶᠠᠪᠣᠵᠣ ᠵᠢᠩ ᠲᠡᠭᠡᠭᠡᠪᠦᠷᠢ ᠬᠢᠬᠦ ᠂ ᠠᠩ ᠠᠪᠠ ᠳᠤ ᠭᠠᠷᠴᠣ ᠤᠳᠠᠭᠠᠨ ᠡᠳᠦᠷ ᠢᠶᠠᠷ ᠠᠩᠭᠤᠤᠴᠢᠯᠠᠬᠤ ᠮᠡᠲᠣ ᠦᠢᠯᠡ ᠳᠤ ᠡᠨᠡ ᠠᠷᠭ᠎ᠠ ᠪᠠᠷ ᠮᠢᠬ᠎ᠠ ᠲᠠᠯᠠᠭᠳᠠᠵᠣ ᠠᠪᠣᠭᠠᠳ ᠬᠦᠨᠡᠰᠦ ᠬᠢᠳᠡᠭ ᠪᠠᠶᠢᠵᠠᠢ᠃ ᠬᠠᠳᠠᠭᠠᠵᠣ ᠠᠪᠬᠤ ᠠᠷᠭ᠎ᠠ ᠨᠢ ᠭᠡᠪᠡᠯ᠂ ᠦᠬᠡᠷ ᠢ ᠠᠯᠠᠵᠣ ᠮᠢᠬ᠎ᠠ ᠶᠢ ᠨᠢ ᠮᠣᠳᠣᠨ ᠪᠣᠯᠳᠠᠯ᠎ᠠ ᠬᠠᠳᠠᠭᠠᠭᠠᠳ ᠲᠡᠭᠦᠨ ᠢ ᠪᠠᠨ ᠴᠣᠬᠤᠳᠠᠨ ᠨᠣᠨᠳᠠᠭᠯᠠᠵᠣ᠂ ᠦᠯᠢᠶᠡᠵᠣ ᠬᠠᠳᠠᠭᠠᠭᠰᠠᠨ ᠲᠠᠪᠣᠰᠠᠭ ᠪᠣᠶᠣ ᠢᠯᠬᠢᠨ ᠲᠦᠩᠭᠡᠷᠴᠡᠭ ᠲᠤ ᠬᠢᠵᠣ ᠬᠠᠭᠤᠷᠠᠢ ᠭᠠᠵᠠᠷ ᠲᠤ ᠬᠠᠳᠠᠭᠠᠯᠠᠳᠠᠭ᠃ ᠡᠶᠢᠭᠡᠭᠡᠳ ᠪᠠᠭ᠎ᠠ ᠪᠠᠭ᠎ᠠ ᠪᠠᠷ ᠣᠰᠣᠨ ᠳᠤ ᠬᠢᠵᠣ ᠪᠤᠴᠠᠯᠭᠠᠭᠠᠳ ᠱᠦᠯᠦ ᠬᠢᠵᠣ ᠣᠣᠭᠤᠬᠤ ᠪᠣᠶᠣ ᠱᠦᠯᠦᠨ ᠳᠤᠨᠢ ᠪᠣᠳᠠᠭ᠎ᠠ ᠬᠢᠵᠣ ᠣᠣᠭᠤᠳᠠᠭ ᠪᠠᠶᠢᠯ᠎ᠠ᠃ ᠡᠶᠢᠮᠦ ᠠᠴᠠ ᠵᠠᠷᠢᠮ ᠨᠣᠳᠤᠭ ᠲᠤ ᠡᠶᠢᠭᠡᠵᠣ ᠲᠠᠯᠠᠭᠳᠠᠭᠰᠠᠨ ᠮᠢᠬ᠎ᠠ ᠶᠢ ᠪᠠᠨ ︽ᠮᠢᠬᠠᠨ ᠲᠠᠯᠬ᠎ᠠ︾ ᠭᠡᠵᠣ ᠬᠡᠯᠡᠬᠦ ᠲᠣᠬᠢᠶᠠᠯᠳᠣᠯ ᠴᠦ ᠪᠠᠶᠢᠳᠠᠭ᠃ ᠵᠠᠷᠢᠮ ᠨᠣᠳᠤᠭ ᠲᠤ ᠪᠣᠯᠪᠠᠯ ᠱᠣᠷᠪᠣᠭ ᠲᠠᠪᠣᠰᠣ ᠎ ᠲᠠᠢ ᠣᠰᠣ ᠪᠣᠴᠠᠯᠭᠠᠵᠣ ᠣᠷᠬᠢᠭᠠᠳ᠂ ᠮᠠᠯ ᠤᠨ ᠪᠣᠷᠣ ᠮᠢᠬ᠎ᠠ ᠶᠢ ᠲᠡᠭᠦᠨ ᠳᠤ ᠳᠦᠷᠦᠵᠣ ᠪᠣᠷᠣᠯᠠᠭᠤᠯᠣᠭᠠᠳ ᠭᠠᠷᠭᠠᠵᠣ ᠨᠠᠷᠠᠨ ᠳᠤ ᠬᠠᠳᠠᠭᠠᠭᠠᠳ ᠨᠣᠨᠳᠠᠭᠯᠠᠵᠣ ᠠᠪᠬᠤ ᠶᠢ ᠮᠦᠨ ᠲᠠᠯᠬᠠᠯᠠᠵᠣ ᠬᠠᠳᠠᠭᠠᠯᠠᠬᠤ ᠠᠷᠭ᠎ᠠ ᠭᠡᠵᠣ ᠭᠡᠯᠡᠳᠡᠭ᠃ ᠡᠨᠡ ᠲᠣᠬᠠᠢ ᠯᠣᠪᠰᠠᠩᠴᠣᠶᠢᠳᠠᠨ ᠤ ︽ᠮᠣᠩᠭᠤᠯ ᠤᠨ ᠵᠠᠩ ᠠᠭᠠᠯᠢ ᠶᠢᠨ ᠦᠢᠯᠡᠪᠦᠷᠢ︾ ᠨᠣᠮ ᠳᠤ ︽ᠴᠡᠷᠢᠭ ᠤᠨ ᠬᠦᠨᠡᠰᠦ ᠲᠣᠳᠣᠷ᠎ᠠ ᠶᠡᠭᠡ ᠭᠠᠶᠢᠬᠠᠯᠲᠠᠢ ᠬᠦᠨᠡᠰᠦ ᠪᠣᠯᠪᠠᠰᠣ ᠦᠬᠡᠷ ᠤᠨ ᠮᠢᠬ᠎ᠠ ᠶᠢ ᠲᠠᠪᠣᠰᠣᠲᠠᠢ ᠴᠢᠨᠠᠵᠣ ᠬᠠᠳᠠᠭᠠᠵᠣ ᠠᠪᠣᠭᠠᠳ ᠣᠭᠤᠷ ᠢᠶᠠᠷ ᠨᠦᠳᠦᠵᠣ ᠭᠤᠯᠢᠷ ᠪᠣᠯᠭᠠᠵᠣ ᠣᠭᠤᠳᠠᠨ ᠳᠤᠷ ᠬᠢᠵᠣ ᠠᠪᠣᠮᠣᠢ᠃ ᠣᠭᠤᠳᠠ ᠪᠣᠯᠪᠠᠰᠦ ᠪᠣᠯᠢᠭᠠᠷᠢ ᠠᠷᠠᠰᠦ ᠲᠣᠯᠠ ᠴᠢᠭᠢᠭ ᠣᠰᠣ ᠠᠴᠠ ᠠᠶᠣᠬᠤ ᠦᠭᠡᠢ᠂ ᠨᠢᠭᠡ ᠡᠷ᠎ᠡ ᠬᠤᠶᠠᠷ ᠬᠡᠪᠱᠢᠭ᠋ ︵ ᠱᠧᠩ︶ ᠪᠠᠶᠢᠪᠠᠰᠤ ᠭᠤᠷᠪᠠ ᠳᠦᠷᠪᠠᠨ ᠰᠠᠷ᠎ᠠ ᠢᠳᠡᠮᠣᠢ︾ ᠭᠡᠵᠣ ᠲᠡᠮᠳᠡᠭᠯᠡᠭᠰᠡᠨ ᠪᠠᠶᠢᠳᠠᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号