ᠣᠶᠢᠷᠠᠳ ᠮᠣᠩᠭᠤᠯ ᠤᠨ ᠮᠢᠬ᠎ᠠ ᠠᠷᠬᠠᠯᠠᠵᠣ ᠬᠠᠳᠠᠭᠠᠯᠠᠬᠤ ᠠᠷᠭ᠎ᠠ
ᠨᠡᠶᠢᠲᠡᠯᠡᠭᠰᠡᠨ ᠴᠠᠭ᠄
2020/12/23
         ᠠᠷᠬᠠᠯᠠᠵᠣ ᠬᠠᠳᠠᠭᠠᠯᠠᠬᠤ ᠠᠷᠭ᠎ᠠ ᠭᠡᠳᠡᠭ ᠨᠢ ᠪᠣᠯᠪᠠᠯ ᠭᠤᠣᠯᠳᠠᠭᠤ ᠠᠭᠤᠷ ᠠᠮᠢᠰᠬᠤᠯ ᠬᠠᠷᠢᠴᠠᠩᠭᠤᠢ  ᠪᠠᠷ ᠬᠠᠯᠠᠭᠤᠨ ᠪᠠᠶᠢᠳᠠᠭ ᠭᠤᠪᠢ ᠭᠠᠵᠠᠷ ᠲᠤ ᠵᠣᠨ ᠤ ᠣᠯᠠᠷᠢᠯ ᠳᠤ ᠠᠯᠠᠭᠰᠠᠨ ᠮᠠᠯ ᠪᠣᠶᠣ ᠠᠩ ᠤᠨ ᠮᠢᠬ᠎ᠠ ᠶᠢ ᠪᠠᠨ ᠥᠮᠡᠬᠡᠶᠢᠷᠡᠭᠦᠯᠬᠦ ᠦᠭᠡᠢ ᠪᠠᠶᠢᠯᠭᠠᠬᠤ ᠪᠠ ᠰᠢᠨ᠎ᠠ ᠰᠤᠷᠭᠤᠭ ᠢᠶᠠᠷ ᠢᠳᠡᠬᠦ ᠶᠢᠨ ᠲᠦᠯᠦᠭᠡ ᠴᠠᠭ ᠲᠣᠬᠠᠢ ᠳᠤ ᠬᠡᠷᠡᠭᠯᠡᠬᠦ ᠨᠢᠭᠡ ᠵᠦᠢᠯ ᠤᠨ ᠲᠦᠭᠦᠮ ᠠᠷᠭ᠎ᠠ ᠪᠣᠯᠬᠤ ᠶᠣᠮ᠃ ᠡᠭᠦᠨ ᠤ ᠪᠣᠳᠠᠳᠠᠢ ᠬᠡᠷᠡᠭᠯᠡᠭᠡ ᠨᠢ ᠪᠣᠯᠪᠠᠯ ᠵᠣᠨ ᠤ ᠴᠠᠭ ᠲᠤ ᠰᠢᠨ᠎ᠠ ᠠᠯᠠᠭᠰᠠᠨ ᠮᠠᠯ ᠤᠨ ᠮᠢᠬ᠎ᠠ ᠶᠢ ᠪᠠᠨ ᠰᠡᠭᠦᠳᠡᠷ ᠭᠠᠵᠠᠷ ᠲᠡᠯᠭᠡᠭᠡᠳ ᠰᠢᠭᠦᠰᠦ ᠶᠢ ᠨᠢ ᠪᠠᠭ᠎ᠠ ᠠᠭᠢᠭᠠᠵᠣ ᠣᠷᠬᠢᠭᠠᠳ ᠠᠷᠤᠭ ᠲᠤ ᠬᠢᠵᠣ ᠬᠤᠳᠳᠤᠭ ᠤᠨ ᠲᠣᠳᠣᠷ᠎ᠠ ᠣᠰᠣᠨ ᠳᠤᠨᠢ ᠬᠦᠷᠭᠡᠯ ᠦᠭᠡᠢ ᠳᠡᠭᠦᠵᠢᠯᠡᠵᠣ ᠣᠷᠬᠢᠳᠠᠭ ᠃ ᠡᠶᠢᠭᠡᠵᠣ ᠣᠷᠬᠢᠪᠠᠯ ᠬᠤᠳᠳᠤᠭ ᠤᠨ ᠲᠣᠳᠣᠷ᠎ᠠ ᠬᠠᠷᠢᠴᠠᠩᠭᠤᠢ ᠪᠠᠷ ᠰᠡᠷᠢᠭᠦᠨ ᠪᠣᠯᠳᠠᠭ ᠲᠣᠯᠠ ᠰᠢᠨ᠎ᠠ ᠮᠢᠬ᠎ᠠ ᠠᠮᠠᠷ ᠦᠮᠡᠬᠡᠶᠢᠷᠡᠳᠡᠭ ᠦᠭᠡᠢ᠂ ᠮᠢᠬ᠎ᠠ ᠶᠢ ᠰᠢᠨ᠎ᠠ ᠰᠣᠷᠭᠤᠭ ᠢᠶᠠᠷ ᠨᠢ ᠨᠢᠭᠡ ᠬᠤᠭᠤᠴᠠᠭ᠎ᠠ ᠢᠳᠡᠵᠣ ᠪᠣᠯᠳᠠᠭ ᠪᠠᠶᠢᠯ᠎ᠠ᠃ ᠮᠥᠨ ᠣᠰᠣᠨ ᠨᠡᠪᠳᠡᠷᠡᠬᠦ ᠦᠭᠡᠢ ᠣᠭᠤᠳᠠ ᠰᠠᠪᠠ ᠳᠤ ᠬᠢᠵᠣ ᠣᠷᠣᠰᠬᠠᠯ ᠣᠰᠣᠨ᠂ ᠪᠣᠯᠠᠭ ᠬᠠᠷᠠᠵᠠ ᠰᠠᠨ ᠠᠷᠬᠠᠯᠠᠵᠣ ᠲᠠᠯᠪᠢᠬᠤ ᠪᠠᠨ ᠬᠡᠯᠡᠳᠡᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号