ᠣᠶᠢᠷᠠᠳ ᠮᠣᠩᠭᠤᠯ ᠤᠨ ᠮᠢᠬ᠎ᠠ ᠬᠠᠭᠤᠷᠴᠣ ᠬᠠᠳᠠᠭᠠᠯᠠᠬᠤ ᠠᠷᠭ᠎ᠠ
ᠨᠡᠶᠢᠲᠡᠯᠡᠭᠰᠡᠨ ᠴᠠᠭ᠄
2020/12/23
        ᠬᠠᠭᠤᠷᠴᠣ ᠬᠠᠳᠠᠭᠠᠯᠠᠬᠤ ᠶᠠᠪᠣᠳᠠᠯ ᠪᠣᠯᠪᠠᠯ ᠶᠠᠰᠣ ᠦᠭᠡᠢ ᠮᠢᠬ᠎ᠠ ᠶᠢ ᠪᠣᠯᠭᠤᠵᠣ ᠬᠠᠳᠠᠭᠠᠯᠠᠬᠤ ᠶᠢᠨ ᠨᠢᠭᠡ ᠵᠦᠢᠯ ᠭᠡᠵᠣ ᠪᠣᠯᠣᠨ᠎ᠠ᠃ ᠡᠶᠢᠭᠡᠵᠣ ᠬᠠᠳᠠᠭᠠᠯᠠᠭᠰᠠᠨ ᠮᠢᠬ᠎ᠠ ᠶᠢ ᠲᠠᠬᠢᠨ ᠪᠣᠯᠭᠤᠬᠤ ᠭᠡᠷᠡᠭᠴᠡᠭᠡ ᠪᠠᠶᠢᠬᠤ ᠦᠭᠡᠢ ᠲᠣᠯᠠ ᠰᠢᠭᠤᠳ ᠬᠡᠷᠡᠭᠯᠡᠭᠡᠨ ᠤ ᠴᠢᠨᠠᠷ ᠲᠠᠢ ᠪᠦᠭᠡᠳ ᠮᠢᠬᠠᠨ ᠠᠴᠠ ᠬᠦᠨᠡᠰᠦ ᠪᠣᠯᠬᠤ ᠶᠠᠪᠣᠴᠠ ᠶᠢ ᠤᠷᠢᠳᠴᠢᠯᠠᠨ ᠪᠠᠶᠡᠯᠡᠭᠦᠯᠦᠭᠰᠡᠨ ᠶᠠᠪᠣᠳᠠᠯ ᠪᠠᠶᠢᠳᠠᠭ᠃ ᠬᠠᠭᠤᠷᠴᠣ ᠬᠠᠳᠠᠭᠠᠯᠠᠬᠤ ᠠᠷᠭ᠎ᠠ ᠭᠡᠳᠡᠭ ᠨᠢ ᠠᠯᠠᠭᠰᠠᠨ ᠮᠠᠯ ᠤᠨ ᠮᠢᠬ᠎ᠠ ᠪᠣᠶᠣ ᠠᠩ ᠤᠨ ᠮᠢᠬ᠎ᠠ ᠪᠠᠨ ᠶᠠᠰᠣᠨ ᠠᠴᠠ ᠨᠢ ᠰᠠᠯᠭᠠᠵᠣ ᠪᠦᠭᠦᠯᠢᠴᠡᠷ ᠬᠦᠰᠬᠦᠯᠡᠵᠣ᠂ ᠦᠭᠡᠬᠦᠨ ᠳᠤᠨᠢ ᠰᠢᠷᠦᠭᠦᠨᠴᠡᠷ ᠲᠠᠪᠣᠰᠣ ᠲᠠᠯᠪᠢᠵᠣ ᠬᠠᠭᠤᠷᠴᠣ ᠰᠢᠭᠦᠰᠦ ᠨᠢ ᠰᠢᠷᠭᠢᠳᠡᠯ᠎ᠡ ᠰᠢᠭᠰᠢᠭᠦᠯᠦᠭᠡᠳ ᠭᠠᠷᠭᠠᠵᠣ ᠰᠢᠷ ᠲᠠᠢ ᠰᠠᠪᠠ ᠪᠣᠶᠣ ᠰᠢᠯ ᠰᠠᠪᠠ ᠳᠤ ᠬᠢᠵᠣ ᠬᠠᠳᠠᠭᠠᠯᠠᠬᠤ ᠶᠢ ᠬᠡᠯᠡᠳᠡᠭ᠃ ᠡᠨᠡ ᠬᠦ ᠠᠷᠭ᠎ᠠ ᠪᠠᠷ ᠬᠠᠳᠠᠭᠠᠯᠠᠭᠰᠠᠨ ᠮᠢᠬᠠᠨ  ᠠᠴᠠ ᠪᠠᠭ᠎ᠠ  ᠪᠠᠭ᠎ᠠ ᠪᠠᠷ ᠨᠢ ᠬᠡᠰᠡᠭᠯᠡᠨ ᠠᠪᠴᠣ ᠱᠦᠯᠦ ᠬᠢᠬᠦ᠂ ᠪᠣᠳᠠᠭ᠎ᠠ ᠬᠢᠬᠦ᠂ ᠨᠣᠭᠤᠭ᠎ᠠ ᠬᠠᠭᠤᠷᠬᠤ᠂ ᠪᠦᠷᠦᠭ ᠪᠣᠭᠤᠬᠤ ᠶᠢ ᠪᠦᠷ ᠪᠣᠯᠳᠠᠭ ᠲᠣᠯᠠ ᠭᠤᠣᠯᠳᠠᠭᠤ ᠵᠣᠨ ᠤ ᠤᠯᠠᠷᠢᠯ ᠪᠣᠯᠣᠨ ᠵᠠᠷᠢᠮ ᠨᠢᠭᠡ ᠬᠤᠯᠠ ᠠᠶᠠᠨ ᠳᠤ ᠭᠠᠷᠬᠤ ᠂ ᠬᠤᠨᠣᠭᠤᠳᠠ ᠦᠨᠵᠢᠭᠦᠳᠠ ᠪᠠᠷ ᠶᠠᠪᠣᠬᠤ ᠣᠯᠣᠰ ᠪᠠᠶᠢᠩᠭᠤ ᠬᠡᠷᠡᠭᠯᠡᠳᠡᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号