ᠵᠡᠭᠦᠨᠭᠠᠷ ᠪᠤᠶᠠᠨᠪᠠᠲᠤ | | | ᠭᠥᠭᠡ ᠠᠷᠭᠠᠯ ᠤᠨ ᠰᠡᠭᠦᠳᠡᠷ ᠲᠤ | ᠬᠤᠨᠢᠨ ᠭᠥᠷᠪᠡᠯ ᠤᠨ ᠠᠮᠢᠰᠬᠤᠭ᠎ᠠ ᠰᠢᠳᠠᠨ᠎ᠠ | ᠬᠤᠪᠬᠠᠢ ᠪᠤᠳᠠᠨ ᠤ ᠰᠡᠵᠢᠭᠦᠷ ᠲᠡᠭᠡᠷ᠎ᠡ | ᠬᠤᠯᠠᠨ ᠵᠢᠷᠤᠭ᠎ᠠ ᠶᠢᠨ ︽ᠬᠠᠷᠢᠶᠠᠯ︾ ᠠᠭᠤᠷᠰᠢᠨᠠ | ᠤᠪᠤᠭ᠎ᠠ ᠪᠠᠨ ᠲᠠᠭᠢᠵᠤ ᠵᠠᠯᠪᠠᠷᠢᠶ᠎ᠠ | ᠬᠤᠷ᠎ᠠ ᠬᠠᠶᠢᠷᠠᠯᠠ︕ ᠬᠤᠷᠮᠤᠰᠳᠠ ᠮᠢᠨᠢ | ᠤᠯᠠᠨ ᠢᠶᠠᠷ ᠢᠶᠠᠨ ᠰᠤᠨᠤᠵᠤ ᠮᠥᠷᠭᠦᠶ᠎ᠡ | ᠬᠤᠷ᠎ᠠ ᠬᠠᠶᠢᠷᠠᠯᠠ︕ ᠬᠤᠷᠮᠤᠰᠳᠠ ᠮᠢᠨᠢ | ᠲᠠᠯᠠᠢ ᠶᠢᠨ ᠵᠥᠭ ᠠᠴᠠ ︽ᠤᠷᠢᠯᠭ᠎ᠠ︾ ᠶᠡᠭᠡ ᠲᠠᠯᠪᠢᠯ᠎ᠠ | ᠲᠠᠩᠴᠤ ᠨᠢᠭᠡ ᠪᠤᠷᠤᠭ᠎ᠠ ᠲᠤᠰᠤᠭᠰᠠᠨ ᠥᠭᠡᠢ ᠳ᠋ᠠ | ᠲᠠᠭᠠᠭᠠᠮᠠᠭᠠᠢ ᠮᠥᠷᠥᠭᠡᠳᠥᠯ ᠢᠶᠠᠨ ᠤᠳᠤᠭ᠎ᠠ ᠭᠠᠷᠳᠠᠯ᠎ᠠ ᠨᠢ ᠭᠥᠯᠢᠶᠡᠯᠡ | ᠲᠠᠩ ᠲᠡᠪᠡᠯ ᠤᠨ ᠴᠢᠨᠡᠭᠡᠨ ᠴᠦ ᠡᠭᠦᠯᠡ ᠤᠷᠭᠤᠭᠰᠠᠨ ᠥᠭᠡᠢ ᠳ᠋ᠠ | ᠡᠷᠭᠦᠯ ᠢᠶᠠᠨ ᠡᠷᠭᠦᠵᠥ ᠰᠢᠪᠰᠢᠶ᠎ᠡ | ᠬᠤᠷ᠎ᠠ ᠬᠠᠶᠢᠷᠠᠯᠠ︕ ᠬᠤᠷᠮᠤᠰᠳᠠ ᠮᠢᠨᠢ | ᠢᠷᠥᠭᠡᠯ ᠢᠶᠠᠨ ᠵᠥᠩᠨᠡᠵᠥ ᠲᠠᠭᠠᠳᠬᠠᠶ᠎ᠠ | ᠬᠤᠷ᠎ᠠ ᠬᠠᠶᠢᠷᠠᠯᠠ︕ ᠡᠴᠢᠭᠡ ᠮᠢᠨᠢ | ᠪᠠᠳᠠᠭᠠᠨ᠎ᠠ ᠭᠠᠯᠵᠠᠭᠤᠷᠠᠵᠤ ᠲᠡᠮᠡᠭᠡ ᠥᠳᠥᠵᠥ ᠬᠤᠷᠮᠤᠰᠢ ᠤᠩᠭᠤᠰᠴᠤ ᠪᠠᠶᠢᠨ᠎ᠠ | ᠵᠡᠷᠭᠡᠯᠭᠡ ᠬᠤᠰᠠᠷᠠᠵᠤ ᠵᠡᠭᠡᠷ᠎ᠡ ᠭᠠᠰᠠᠯᠵᠤ ᠵᠡᠭᠡᠷᠭᠡᠨ᠎ᠡ ᠲᠡᠪᠭᠡᠴᠡᠵᠥ ᠪᠠᠶᠢᠨ᠎ᠠ | ᠬᠤᠳᠳᠤᠭ ᠴᠠᠩᠭᠠᠵᠤ ᠬᠤᠯᠤᠰᠤ ᠨᠤᠶᠢᠷᠮᠤᠭᠯᠠᠵᠤ ᠬᠤᠭᠤᠷ ᠬᠠᠭᠰᠠᠷᠠᠵᠤ ᠪᠠᠶᠢᠨ᠎ᠠ | ᠠᠭᠤᠯᠠᠰ ᠠᠭᠠᠭᠢᠯᠠᠵᠤ ᠡᠭᠦᠯᠡᠰ ᠬᠤᠯᠵᠢᠵᠤ ᠥᠭᠡᠰ ᠴᠤᠨᠤᠵᠤ ᠪᠠᠶᠢᠨ᠎ᠠ | ᠰᠠᠩ ᠢᠶᠠᠨ ᠲᠠᠯᠪᠢᠵᠤ ᠰᠢᠷᠢᠭᠯᠡᠶᠡ | ᠬᠤᠷ᠎ᠠ ᠬᠠᠶᠢᠷᠠᠯᠠ︕ ᠬᠤᠷᠮᠤᠰᠳᠠ ᠮᠢᠨᠢ | ᠰᠠᠯᠭᠢ ᠪᠠᠨ ᠠᠷᠭᠠᠳᠠᠵᠤ ᠲᠠᠷᠨᠢᠳᠠᠶᠠ | ᠬᠤᠷ᠎ᠠ ᠬᠠᠶᠢᠷᠠᠯᠠ︕ ᠡᠵᠡᠨ ᠮᠢᠨᠢ | ᠠᠭᠠᠰᠢ ᠮᠠᠭᠤᠳᠠᠢ ᠭᠤᠨᠵᠢ ᠮᠡᠳᠤ | ᠢᠪᠢᠯᠵᠥ ᠥᠭᠭᠦ ᠥᠭᠡᠢ ᠶᠤᠮ ᠳ᠋ᠠ᠂ ᠲᠡᠭᠷᠢ ᠮᠢᠨᠢ | ᠠᠷᠠᠭ᠎ᠠ ᠪᠠᠨ ᠵᠠᠭᠤᠭᠰᠠᠨ ᠬᠠᠳᠠᠭᠤ ᠭᠥᠮᠥᠨ ᠮᠡᠳᠤ | ᠤᠶᠠᠷᠠᠵᠤ ᠥᠭᠭᠦ ᠥᠭᠡᠢ ᠶᠤᠮ ᠳ᠋ᠠ᠂ ᠲᠡᠭᠷᠢ ᠮᠢᠨᠢ | ᠬᠠᠳᠠᠭ ᠢᠶᠠᠨ ᠬᠤᠷᠤᠶᠢᠯᠠᠵᠤ ᠲᠠᠯᠠᠯᠤᠶᠠ | ᠬᠤᠷ᠎ᠠ ᠬᠠᠶᠢᠷᠠᠯᠠ︕ ᠬᠤᠷᠮᠤᠰᠳᠠ ᠮᠢᠨᠢ | ᠬᠠᠶᠢᠷ᠎ᠠ ᠪᠠᠨ ᠵᠤᠯᠠᠵᠤ ᠲᠠᠭᠤᠳᠠᠶ᠎ᠠ | ᠬᠤᠷ᠎ᠠ ᠬᠠᠶᠢᠷᠠᠯᠠ︕ ᠪᠤᠷᠬᠠᠨ ᠮᠢᠨᠢ | ᠲᠡᠮᠡᠭᠡ ᠨᠢ ᠥᠷᠭᠦᠯᠵᠢ ᠤᠭᠢᠯᠠᠳᠠᠭ ᠠᠳᠠᠯ᠎ᠠ ᠪᠠᠨ | ᠲᠡᠭᠷᠢ ᠨᠢ ᠶᠡᠷᠥ ᠤᠭᠢᠯᠠᠵᠤ ᠥᠭᠭᠦ ᠥᠭᠡᠢ ᠶᠤᠮ᠂ ᠭᠠᠶᠢᠬᠠᠮᠠᠷ ᠶᠤᠮ | ᠲᠥᠷᠭᠡᠨ ᠠᠷᠠᠨᠰᠢᠨ ᠮᠡᠳᠤ ᠬᠠᠭᠤᠷᠠᠢ ᠭᠡᠳᠤ ︽ᠬᠠᠰᠭᠢᠴᠢᠭᠠᠳ︾ ᠯᠠ | ᠲᠥᠳᠡᠭᠡᠨ ᠭᠱᠠᠨ ᠳᠤ ᠠᠷᠢᠯᠤᠭᠠᠳ ᠤᠳᠬᠤ ᠶᠤᠮ᠂ ᠭᠤᠮᠤᠳᠠᠮᠠᠷ ᠶᠤᠮ | ᠥᠩ ᠲᠠᠩᠰᠤᠭ ᠪᠠᠶᠢᠭᠰᠠᠨ ᠢᠶᠠᠨ ᠲᠤᠷᠠᠰᠴᠤ ᠲᠠᠭᠢᠶ᠎ᠠ | ᠬᠤᠷ᠎ᠠ ᠬᠠᠶᠢᠷᠠᠯᠠ︕ ᠬᠤᠷᠮᠤᠰᠳᠠ ᠮᠢᠨᠢ | ᠥᠪᠡᠷ ᠤᠨ ᠨᠢᠭᠦᠯ ᠢᠶᠠᠨ ᠰᠡᠮᠡᠯᠡᠵᠥ ᠰᠥᠭᠦᠷᠡᠶᠡ | ᠬᠤᠷ᠎ᠠ ᠬᠠᠶᠢᠷᠠᠯᠠ︕ ᠲᠡᠭᠷᠢ ᠮᠢᠨᠢ ᠡ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |