ᠵᠡᠭᠦᠨᠭᠠᠷ ᠪᠤᠶᠠᠨᠪᠠᠲᠤ | | ᠴᠢ ᠨᠠᠮᠠᠢᠢ ᠶᠠᠭᠠᠭᠢᠵᠤ ᠪᠠᠶᠢᠭᠰᠠᠨ ᠴᠤ | ᠴᠢᠮᠠᠢᠢ ᠪᠢ ᠬᠠᠶᠢᠷᠡᠯᠡᠬᠤ ᠪᠠᠷ ᠢᠶᠠᠨ ᠬᠠᠶᠢᠷᠠᠯᠠᠨ᠎ᠠ | ᠴᠢ ᠨᠠᠮᠠᠢᠢ ᠭᠤᠶᠢᠷᠠᠨᠴᠢ ᠰᠢᠭ᠋ ᠥᠵᠡᠨ ᠶᠠᠳᠠᠵᠤ ᠪᠠᠶᠢᠭᠰᠠᠨ ᠴᠤ | ︽ᠪᠢ ᠴᠢᠮᠠᠢᠢ ᠱᠠᠯ ᠲᠤᠭᠤᠬᠤ ᠥᠭᠡᠢ ᠪᠠᠶᠢᠨ᠎ᠠ᠂ ᠵᠠᠶᠢᠯᠠ︕︾ ᠭᠡᠵᠥ ᠬᠠᠰᠭᠢᠴᠢᠵᠤ ᠪᠠᠶᠢᠭᠰᠠᠨ ᠴᠤ | ᠴᠢᠯᠳᠡᠩ ᠭᠥᠭᠡ ᠴᠢᠷᠠᠶᠢᠯᠠᠵᠤ᠂ ᠲᠡᠷᠭᠡᠳᠡᠭᠦᠷ ᠮᠢᠨᠢ ᠬᠤᠢ ᠰᠠᠯᠭᠢ ᠰᠢᠭ᠋ ᠭᠠᠳᠤᠯᠵᠤ ᠪᠠᠶᠢᠭᠰᠠᠨ ᠴᠤ | ᠴᠢᠩ ᠬᠠᠶᠢᠷ᠎ᠠ ᠶᠢᠨ ᠮᠢᠨᠢ ᠵᠢᠷᠥᠭᠡᠨ ᠲᠡᠭᠡᠭᠦᠷ ᠥᠨᠳᠤᠷ ᠥᠰᠥᠭᠡᠶᠢᠳᠤ ᠪᠠᠷ ᠲᠤᠪᠰᠢᠵᠤ ᠥᠩᠭᠡᠷᠡᠭᠰᠡᠨ ᠴᠤ | ᠪᠢ ᠴᠢᠮᠠᠢᠢ ᠬᠠᠶᠢᠷᠠᠯᠠᠨ᠎ᠠ | ᠠᠨᠠᠰᠢ ᠰᠢᠭ᠋ ᠶᠡᠭᠡᠮᠰᠥᠭ ᠰᠢᠷᠳᠡᠵᠤ᠂ ᠨᠠᠮᠠᠢᠢ ᠬᠤᠷᠤᠬᠠᠢ ᠶᠢᠨ ᠴᠢᠨᠡᠭᠡᠨ ᠥᠵᠡᠵᠥ ᠪᠠᠶᠢᠭᠰᠠᠨ ᠴᠤ | ᠠᠷᠭᠠᠯᠢ ᠶᠢᠨ ᠬᠤᠷᠠᠭ᠎ᠠ ᠰᠢᠭ᠋ ᠨᠠᠮᠠᠢᠢ ᠥᠵᠡᠮᠡᠭᠴᠡ ᠴᠡᠷᠪᠡᠨ ᠵᠠᠶᠢᠯᠠᠬᠤ ᠶᠢᠨ ᠲᠥᠥᠰ ᠪᠤᠯᠵᠤ ᠪᠠᠶᠢᠭᠰᠠᠨ ᠴᠤ | ᠠᠰᠠᠷ ᠤᠨ ᠴᠠᠭᠢᠯᠭᠠᠨ ᠱᠠᠳᠤᠨ ᠲᠡᠭᠡᠷ᠎ᠡ ᠵᠤᠷᠢᠭᠤᠳᠠ ᠥᠵᠡᠭᠰᠡᠨ ᠥᠭᠡᠢ ᠶᠤᠮ ᠰᠢᠭ ᠵᠥᠷᠢᠵᠤ ᠪᠠᠶᠢᠭᠰᠠᠨ ᠴᠤ | ᠠᠣᠲ᠋ᠦ᠋ᠫᠤᠰ ᠤᠨ ᠰᠠᠭᠤᠳᠠᠯ ᠲᠡᠭᠡᠷ᠎ᠡ ᠵᠡᠷᠭᠡᠴᠡᠵᠤ ᠰᠠᠭᠤᠬᠤ ᠳᠤ ᠨᠢᠭᠤᠷ ᠢᠶᠠᠨ ᠴᠠᠭᠠᠰᠢ ᠪᠤᠷᠤᠭᠤᠯᠠᠵᠤ ᠪᠠᠶᠢᠭᠰᠠᠨ | ᠴᠤ | ᠪᠢ ᠴᠢᠮᠠᠢᠢ ᠬᠠᠶᠢᠷᠠᠯᠠᠨ᠎ᠠ | ᠮᠢᠨᠤ ᠪᠠᠷ᠎ᠠ ᠪᠠᠷ ᠴᠤᠩᠬᠤ ᠪᠠᠨ ᠬᠠᠭᠠᠵᠤ ᠡᠭᠦᠳᠡ ᠪᠠᠨ ᠲᠥᠭᠵᠢᠵᠤ ᠪᠠᠶᠢᠭᠰᠠᠨ ᠴᠤ | ᠮᠢᠩᠭᠠᠨ ᠮᠧᠲᠷ ᠤᠨ ᠲᠡᠷᠳᠡᠭᠡ ᠠᠴᠠ ᠨᠠᠮᠠᠢᠢ ᠬᠠᠷᠠᠮᠭᠴᠠ ᠨᠢᠳᠤ ᠨᠢ ᠡᠷᠢᠶᠡᠯᠵᠡᠨ ᠤᠭᠢᠭᠤᠳᠠᠰᠤ ᠨᠢ ᠭᠥᠷᠴᠤ | ᠪᠠᠶᠢᠭᠰᠠᠨ ᠴᠤ | ᠮᠥᠨᠳᠤᠷ ᠰᠢᠭ ᠭᠥᠢᠳᠡᠨ ᠥᠭᠡ ᠪᠠᠷ ᠤᠯᠠᠨ ᠤ ᠲᠤᠮᠳᠠ ᠴᠠᠷᠴᠠᠭᠠᠵᠤ ᠪᠠᠶᠢᠭᠰᠠᠨ ᠴᠤ | ᠮᠥᠩᠭᠦ ᠰᠢᠭ ᠲᠠᠩᠰᠤᠭ ᠠᠭᠠᠰᠢ ᠪᠠᠷ ᠨᠠᠮᠠᠢᠢ ᠬᠠᠭᠤᠷᠴᠤ ᠲᠠᠯᠳᠠᠭᠤᠷ ᠭᠥᠮᠥᠨ ᠲᠠᠢ ᠥᠶᠡᠷᠭᠡᠵᠥ ᠪᠠᠶᠢᠭᠰᠠᠨ ᠴᠤ | ᠪᠢ ᠴᠢᠮᠠᠢᠢ ᠬᠠᠶᠢᠷᠠᠯᠠᠨ᠎ᠠ | ᠨᠢᠭᠤᠷ ᠥᠭᠡᠳᠡ ᠮᠢᠨᠢ ᠨᠤᠯᠮᠤᠵᠤ ᠬᠤᠯᠤᠰᠤᠨ ᠴᠤᠪᠳᠤ ᠰᠢᠭ᠋ ᠭᠢᠮᠤᠰᠤ ᠪᠠᠷ ᠢᠶᠠᠨ ᠴᠢᠴᠢᠯᠡᠨ ᠵᠠᠩᠨᠠᠵᠤ ᠪᠠᠶᠢᠭᠰᠠᠨ | ᠴᠤ | ᠨᠢᠯᠪᠤᠰᠤᠨ ᠳᠠᠭᠠᠨ ᠬᠠᠭ᠋ᠠᠵᠤ ᠴᠠᠴᠤᠨ ᠨᠠᠮᠠᠢᠢ ᠭᠠᠯᠵᠠᠭᠤᠷᠠᠭᠰᠠᠨ ᠮᠡᠳᠤ ᠬᠠᠷᠢᠶᠠᠵᠤ ᠴᠠᠮᠨᠠᠵᠤ ᠠᠳᠠᠯᠠᠵᠤ ᠪᠠᠶᠢᠭᠰᠠᠨ | ᠴᠤ | ᠨᠤᠮᠤᠬᠠᠨ ᠠᠴᠢᠶᠠᠨ ᠤ ᠠᠳᠠ ᠶᠢ ᠨᠤᠤᠯᠠᠬᠤ ᠮᠡᠳᠤ ᠨᠠᠮᠠᠢᠢ ᠲᠡᠭᠡᠷᠡᠯᠭᠡᠵᠥ᠂ ᠲᠤᠷ᠎ᠠ ᠪᠠᠷ ᠢᠶᠠᠨ ᠵᠠᠷᠤᠴᠠᠯᠠᠵᠤ | ᠪᠠᠶᠢᠭᠰᠠᠨ ᠴᠤ | ᠨᠤᠤᠷᠠᠩᠬᠠᠢ ᠬᠤᠪᠴᠠᠰᠤ ᠲᠠᠢ ᠨᠠᠮᠠᠢᠢ ᠡᠪᠤᠯ ᠤᠨ ᠰᠥᠨᠢ ᠭᠤᠳᠤᠮᠵᠢᠨ ᠳᠤ ᠨᠤᠬᠠᠢ ᠰᠢᠭ᠋ ᠭᠥᠭᠡᠭᠡᠵᠥ ᠭᠠᠷᠭᠠᠵᠤ | ᠪᠠᠶᠢᠭᠰᠠᠨ ᠴᠤ | ᠪᠢ ᠴᠢᠮᠠᠢᠢ ᠬᠠᠶᠢᠷᠠᠯᠠᠨ᠎ᠠ | ᠱᠠᠩᠬᠤᠨ ᠤ ᠥᠰᠥ ᠪᠠᠨ ᠠᠷᠤᠨᠰᠢ ᠪᠠᠨᠢᠯᠢᠰᠭᠢᠨTAX ᠤᠨ ᠡᠭᠦᠳᠡ ᠪᠠᠷ ᠭᠢᠯᠠᠰ ᠤᠷᠤᠬᠤ ᠶᠢ ᠴᠢᠨᠢ ᠬᠠᠷᠠᠬᠤ | ᠲᠤᠷᠠᠲᠠᠢ ᠪᠢ | ᠱᠠᠭᠢᠭᠰᠠᠨ ᠤᠯᠠᠨ ᠤ ᠤᠷᠤᠰᠬᠠᠯ ᠲᠤᠮᠳᠠᠭᠤᠷ | ᠴᠥᠩᠭᠦ ᠪᠠᠨ ᠰᠠᠨᠵᠢᠭᠢᠨᠠᠭᠤᠯᠤᠨ ᠭᠠᠩᠬᠠᠵᠤ ᠶᠠᠪᠤᠬᠤ ᠶᠢ ᠴᠢᠨᠢ ᠰᠤᠨᠢᠷᠬᠠᠬᠤ ᠲᠤᠷᠠᠲᠠᠢ ᠪᠢ | ᠱᠠᠷᠭᠢᠯᠠᠭᠰᠠᠨ ᠪᠤᠷᠤᠭᠠᠨ ᠤ ᠤᠰᠤ ᠰᠠᠴᠤᠯᠠᠭᠤᠯᠤᠨ | ᠰᠢᠭᠦᠷ ᠢᠶᠠᠨ ᠲᠡᠯᠭᠡᠨ ᠭᠥᠶᠥᠵᠤ ᠶᠠᠪᠤᠬᠤ ᠶᠢ ᠴᠢᠨᠢ ᠪᠢ ᠤᠬᠠᠭᠠᠨ ᠠᠯᠳᠠᠨ ᠥᠵᠡᠭᠦ ᠲᠤᠷᠠᠲᠠᠢ | ᠱᠠᠮᠪᠠᠯ ᠤᠨ ᠲᠠᠶᠢᠨ ᠤ ᠪᠠᠭᠠᠳᠤᠷ ᠤᠳ ᠰᠢᠭ᠋ ᠬᠠᠷᠠᠴᠤᠤᠯ ᠲᠠᠢ | ᠲᠠᠰ ᠲᠠᠰ ᠭᠥᠭᠦᠷᠡᠯᠳᠥᠨ ᠨᠢᠯᠠᠭᠤᠷᠠᠬᠤ ᠳᠤ ᠴᠢᠨᠢ ᠭᠠᠯ ᠰᠢᠳᠠᠨ ᠠᠳᠠᠭᠠᠷᠬᠠᠬᠤ ᠲᠤᠷᠠᠲᠠᠢ | ᠥᠭᠡᠢ᠂ ᠴᠢ ᠨᠠᠮᠠᠢᠢ ᠶᠠᠭᠠᠭᠢᠵᠤ ᠪᠠᠶᠢᠭᠰᠠᠨ ᠴᠤ | ᠥᠨᠡᠭᠡᠷ ᠪᠢ ᠴᠢᠮᠢᠢᠢ ᠬᠠᠶᠢᠷᠠᠯᠠᠬᠤ ᠪᠠᠷ ᠢᠶᠠᠨ ᠬᠠᠶᠢᠷᠠᠯᠠᠨ᠎ᠠ | ᠭᠥᠭᠦᠨ ᠤ ᠪᠠᠨ ᠲᠤᠪᠴᠢ ᠶᠢ ᠢᠮᠡᠷᠴᠤ ᠨᠢᠮᠭᠡᠷᠡᠭᠰᠡᠨ ᠬᠤᠷᠤᠭᠤᠨ ᠤ ᠴᠢᠨᠢ | ᠥᠨᠳᠡᠭᠡ ᠶᠢ ᠲᠡᠮᠳᠡᠷᠢᠵᠤ ᠲᠠᠶᠢᠳᠬᠤᠷᠠᠶᠠ ᠭᠡᠵᠥ ᠰᠠᠨᠠᠨ᠎ᠠ | ᠭᠥᠨᠵᠢᠯᠡ ᠶᠢᠨ ᠢᠶᠠᠨ ᠲᠤᠳᠤᠷ᠎ᠠ ᠨᠢᠯᠬᠠᠷᠠᠵᠤ ᠴᠡᠮᠴᠡᠭᠡᠨᠡᠳᠡᠭ | ᠲᠤᠶ᠋ᠢᠬᠠᠨ ᠪᠡᠯᠭᠡᠭᠦᠰᠥ ᠶᠢ ᠴᠢᠨᠢ ᠲᠡᠪᠡᠷᠢᠵᠥ ᠵᠢᠷᠭᠠᠶ᠎ᠠ ᠭᠡᠵᠥ ᠲᠠᠴᠢᠶᠠᠨᠠ | ᠢᠷᠥᠭᠡᠯ ᠴᠤ ᠤᠷᠤᠰᠳᠠᠭ ᠬᠠᠷᠢᠶᠠᠯ ᠴᠤ ᠠᠰᠬᠠᠷᠠᠳᠠᠭ | ᠰᠠᠷᠠᠨ ᠲᠠᠮᠠᠭ᠎ᠠ ᠰᠢᠭ᠋ ᠤᠷᠤᠭᠤᠯ ᠢ ᠴᠢᠨᠢ ᠰᠢᠮᠡᠵᠤ ᠰᠤᠭᠳᠤᠶᠠ ᠭᠡᠵᠥ ᠭᠥᠰᠡᠨᠡ | ᠶᠢᠷᠳᠢᠨᠴᠤ ᠶᠢᠨ ᠬᠠᠶᠢᠷ᠎ᠠ ᠪᠥᠭᠦᠨ ᠤ ᠡᠮᠥᠨ᠎ᠡ | ᠷᠤᠮ ᠤᠨ ᠪᠤᠭᠤᠯ ᠰᠢᠭ᠋ ᠵᠤᠪᠠᠵᠤ ᠪᠠᠶᠢᠭᠰᠠᠨ ᠴᠤ ᠲᠠᠪᠢᠯᠠᠩ ᠭᠡᠵᠥ ᠠᠳᠡᠭᠦᠷᠡᠨᠡ | ᠪᠢ ᠴᠢᠮᠠᠢᠢ ᠬᠠᠶᠢᠷᠠᠯᠠᠨ᠎ᠠ | ᠠᠯᠮᠠᠰ ᠴᠢᠯᠠᠭᠤ ᠬᠠᠳᠠᠭᠤ ᠭᠡᠯᠡ ᠴᠤ | ᠥᠨᠳᠥᠷ ᠬᠠᠯᠠᠭᠤᠨ ᠳᠤ ᠬᠠᠶᠢᠯᠳᠠᠭ ᠤᠴᠢᠷ ᠪᠤᠢ ᠪᠠᠶᠢᠬ᠎ᠠ | ᠠᠷᠳᠠᠭ ᠲᠤᠭᠰᠢᠨ ᠮᠤᠷᠢ ᠭᠡᠯᠡ ᠴᠤ | ᠡᠳ᠋ᠯᠡᠭᠡᠨ ᠤ ᠤᠳᠠᠭᠠᠨ ᠳᠤ ᠨᠤᠮᠤᠬᠠᠷᠠᠳᠠᠭ ᠥᠶ᠎ᠠ ᠪᠤᠢ ᠪᠠᠶᠢᠬ᠎ᠠ | ᠠᠯᠳᠠᠷᠭᠠᠨ᠎ᠠ ᠳᠤ ᠨᠠᠭᠠᠯᠳᠤᠭᠰᠠᠨ ᠬᠤᠨᠢᠨ ᠤ ᠨᠤᠤᠰᠤ ᠰᠢᠭ᠋ | ᠴᠢᠮ᠎ᠠ ᠠᠴᠠ ᠰᠠᠯᠬᠤ ᠥᠭᠡᠢ ᠨᠡᠭᠡᠭᠰᠡᠨ ᠴᠠᠭ ᠲᠤ | ᠠᠷᠭ᠎ᠠ ᠥᠭᠡᠢ ᠲᠡᠮᠥᠷ ᠰᠢᠭ ᠴᠡᠪᠳᠡᠭ ᠰᠡᠳᠭᠢᠯ ᠭᠡᠯᠡ ᠴᠤ | ᠵᠥᠭᠡᠭᠡᠢ ᠰᠢᠭ ᠤᠶᠠᠷᠠᠬᠤ ᠡᠳᠥᠷ ᠪᠤᠢ ᠪᠠᠶᠢᠬ᠎ᠠ ᠡ | ᠨᠤᠶᠢᠳᠠᠨ ᠬᠠᠮᠠᠭᠤ ᠰᠢᠭ᠋ ᠬᠠᠶᠢᠷ᠎ᠠ ᠶᠢᠨ ᠡᠮᠥᠨ᠎ᠡ | ᠨᠤᠶᠠᠨ ᠰᠢᠭ᠋ ᠲᠡᠭᠡᠷᠡᠩᠭᠦᠢ ᠬᠠᠶᠢᠷ᠎ᠠ ᠴᠤ | ︽ᠪᠠᠭᠤᠭᠠᠳ︾ ᠥᠭᠭᠦᠨ᠎ᠡ ᠡ᠂ ᠭᠡᠮ ᠥᠭᠡᠢ | ᠴᠢ ᠮᠢᠨᠢ ᠶᠠᠭᠠᠭᠢᠵᠤ ᠪᠠᠶᠢᠭᠰᠠᠨ ᠴᠦ | ᠴᠢᠮᠠᠢᠢ ᠪᠢ ᠬᠠᠶᠢᠷᠠᠯᠠᠬᠤ ᠪᠠᠷ ᠢᠶᠠᠨ ᠬᠠᠶᠢᠷᠠᠯᠠᠨ᠎ᠠ | ᠶᠠᠭᠠᠭᠢᠳᠠᠭ ᠶᠣᠮ ᠪᠤᠢ︖ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |