ᠵᠡᠭᠦᠨᠭᠠᠷ ᠪᠤᠶᠠᠨᠪᠠᠲᠤ | | ᠮᠤᠩᠭᠤᠯ ᠤᠯᠤᠰ ᠤᠨ ᠨᠡᠷᠡᠳᠣ ᠪᠦᠰᠡᠬᠦᠢ ᠢᠷᠠᠭᠤ ᠨᠠᠶᠢᠷᠠᠭᠴᠢ | ᠯᠤᠪᠰᠠᠩᠳᠣᠷᠵᠢ ᠶᠢᠨ ᠦᠯᠵᠡᠶᠢᠳᠡᠬᠦᠰ ᠲᠤ ᠵᠤᠷᠢᠭᠤᠯᠪᠠᠢ | ᠦᠵᠡᠰᠬᠦᠯᠡᠩᠳᠣ ᠲᠦᠷᠬᠦ ᠲᠠᠢ ᠪᠠᠨ ᠠᠳᠠᠯᠢᠬᠠᠠ | ᠦᠯᠡᠮᠵᠢ ᠶᠢᠨ ᠲᠡᠭᠦᠯᠳᠡᠷ ᠰᠢᠯᠦᠭ ᠪᠢᠴᠢᠳᠡᠭ ᠴᠢᠨᠥᠭᠢ ᠪᠠᠨ | ᠵᠢᠷᠤᠭ ᠢ ᠴᠢᠨᠢ ᠪᠢ ᠦᠨᠦᠰᠦᠯ᠎ᠡ | ᠰᠢᠯᠦᠭ ᠬᠠᠩᠬᠤᠯᠠᠵᠦ ᠪᠠᠶᠢᠨ᠎ᠠ | ᠰᠢᠭᠦᠳᠡᠷᠢ ᠪᠠᠳᠮᠠᠯᠠᠵᠦ ᠪᠠᠶᠢᠨ᠎ᠠ | ᠰᠢᠯᠦᠭ ᠨᠡᠪᠳᠡ ᠲᠤᠨᠤᠷᠠᠭᠰᠠᠠ | ᠰᠢᠩᠬᠤᠨ ᠤᠷᠤᠭᠤᠯ ᠴᠢᠨᠢ ᠬᠠᠯᠠᠭᠤᠬᠠᠨ | ᠰᠢᠨᠤᠭ ᠡᠷᠡᠰ ᠢ ᠲᠤᠶᠠᠭᠠᠷᠠᠭᠤᠯᠵᠦ ᠶᠠᠪᠤᠭᠰᠠᠠ | ᠰᠢᠳᠦᠨ ᠤ ᠴᠢᠨᠢ ᠭᠡᠭᠡ ᠳᠠᠰᠤᠯᠬᠠᠠ | ᠬᠦᠷᠬᠡᠷᠡ ᠮᠡᠳᠣ ᠰᠤᠯᠠ ᠠᠰᠠᠬᠠᠷᠠᠬᠤ | ᠬᠦᠷᠡᠩ ᠬᠠᠷ᠎ᠠ ᠦᠰᠦᠨ ᠤ ᠴᠢᠨᠢ ᠰᠢᠷᠬᠡᠭ ᠪᠦᠷᠢ ᠠᠴᠠ | ᠬᠦᠯᠢᠶᠡᠯᠳᠡ ᠮᠡᠳᠣ ᠭᠡᠭᠡᠯᠵᠡᠬᠦ | ᠬᠡᠤᠬᠡᠡ ᠬᠤᠩᠭᠤᠷ ᠢᠨᠢᠶᠡᠮᠰᠦᠭᠯᠡᠯ ᠠᠴᠠ | ᠤᠩᠭᠤᠳ ᠤᠨ ᠨᠢᠭᠤᠴᠠ ᠭᠡᠷᠡᠯᠳᠦᠬᠦ ᠮᠡᠳᠣ | ᠤᠳᠣᠳ ᠤᠨ ᠵᠢᠪᠠᠷ ᠲᠠᠯᠳᠠᠴᠢᠬᠤ ᠮᠡᠳᠣ | ᠤᠷᠤᠨ ᠵᠠᠢ ᠲᠠᠪᠬᠤᠴᠠᠬᠤ ᠮᠡᠳᠣ᠂᠂᠂ | ᠦᠪᠦᠷ ᠮᠤᠩᠭᠤᠯ ᠤᠨ ᠨᠢᠭᠡᠡ ᠬᠦᠦ ᠶᠢ | ᠦᠴᠢᠨᠡᠭᠡᠡ ᠬᠤᠯᠠ ᠠᠴᠠ ᠴᠠᠯᠮᠠᠳᠠᠬᠤ ᠮᠡᠳᠣ | ︽ᠬᠡᠡ ᠪᠢᠴᠢᠭᠰᠡᠡ ᠨᠢ ᠬᠠᠮᠢᠶ᠎ᠠ ᠦᠭᠡᠢ ᠰᠠᠶᠢᠬᠠᠠ ᠰᠢᠯᠦᠭ ᠯᠡ ᠮᠠᠨᠳᠣᠳᠣᠭᠠᠢ︕︾ | ᠬᠡᠡ ᠪᠠᠶᠢᠭᠰᠠᠠ ᠨᠢ ᠬᠠᠮᠢᠶ᠎ᠠ ᠦᠭᠡᠢ ᠰᠠᠶᠢᠬᠠᠠ ᠪᠦᠰᠡᠭᠦᠢ ᠯᠠ ᠮᠠᠨᠳᠤᠳᠤᠭᠠᠢ︕ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |