ᠵᠡᠭᠦᠨᠭᠠᠷ ᠪᠤᠶᠠᠨᠪᠠᠲᠤ | | | ᠭᠡᠥᠭᠡᠳ ᠤᠳ ᠱᠠᠭᠢᠯᠳᠤᠨ ᠢᠨᠢᠶᠡᠯᠳᠥᠭᠦ ᠮᠡᠳᠤ ᠭᠡᠷᠥᠯᠥᠨ ᠤᠷᠤᠰᠤᠷᠤᠨ ᠁ | ᠭᠥᠯᠥᠭ ᠤᠳ ᠬᠤᠤᠭᠢᠷᠠᠨ ᠢᠨᠴᠠᠭᠠᠬᠤ ᠮᠡᠳᠤ ᠭᠡᠷᠥᠯᠥᠨ ᠤᠷᠤᠰᠤᠷᠤᠨ ᠁ | ᠭᠡᠥᠭᠡᠨ ᠨᠦᠭᠦᠳ ᠭᠥᠭᠡᠭᠡᠴᠡᠯᠳᠥᠨ ᠭᠥᠭᠦᠷᠥᠯᠳᠥᠭᠦ ᠮᠡᠳᠤ ᠭᠡᠷᠥᠯᠥᠨ ᠤᠷᠤᠰᠤᠷᠤᠨ ᠁ | ᠾᠦᠩᠨᠤ ᠨᠤᠭᠤᠳ ᠬᠠᠳᠬᠤᠯᠳᠤᠨ ᠲᠤᠪᠳᠤᠯᠬᠤ ᠮᠡᠳᠤ ᠭᠡᠷᠥᠯᠥᠨ ᠤᠷᠤᠰᠤᠷᠤᠨ ᠁ | ᠭᠡᠷᠥᠯᠥᠨ ᠤ ᠤᠰᠤ ᠶᠢ ᠮᠥᠩᠭᠡ ᠶᠢᠨ ᠤᠰᠤ ᠮᠡᠳᠤ ᠪᠢᠳᠡᠭᠦᠯᠡᠨ ᠠᠮᠰᠠᠯᠠ | ᠤᠮᠤᠭ ᠮᠡᠳᠤ᠂ ᠲᠤᠮᠤᠭ ᠮᠡᠳᠤ᠂ ᠮᠥᠰᠥ ᠮᠡᠳᠤ᠂ ᠭᠠᠯ ᠮᠡᠳᠤ ᠠᠮᠳᠠᠯᠠᠭᠳᠠᠨᠠ | ᠭᠡᠷᠥᠯᠥᠨ ᠤ ᠪᠠᠨ ᠤᠰᠤ ᠪᠠᠷ ᠲᠡᠭᠷᠢ ᠶᠢᠨ ᠨᠢᠯᠪᠤᠰᠤ ᠮᠡᠳᠤ ᠷᠠᠰᠢᠶᠠᠯᠠᠨ ᠱᠠᠪᠰᠢᠯᠠ | ᠤᠭᠳᠠᠷᠭᠤᠢ ᠮᠡᠳᠤ᠂ ᠤᠩᠭᠤᠳ ᠮᠡᠳᠤ᠂ ᠥᠯᠢᠭᠡᠷ ᠮᠡᠳᠤ᠂ ᠥᠨᠡᠨ ᠮᠡᠳᠤ ᠰᠠᠨᠠᠭᠳᠠᠨᠠ | ᠪᠠᠯᠭᠤᠭᠰᠠᠨ ᠤᠰᠤ ᠮᠢᠨᠢ ᠮᠤᠩᠭᠤᠯ ᠮᠤᠩᠭᠤᠯ ᠭᠡᠮᠡᠨ ᠴᠠᠩᠭᠠᠵᠤ ᠥᠭᠦᠭᠰᠡᠨ ᠡᠰ ᠢ ᠮᠢᠨᠢ | ᠪᠠᠭᠠᠳᠤᠷ ᠰᠥᠪᠡᠭᠡᠳᠠᠢ ᠶᠢᠨ ᠵᠢᠳᠠ ᠮᠡᠳᠤ ᠴᠢᠴᠢᠵᠥ ᠴᠢᠷᠠᠯᠠᠭᠤᠯᠥᠨ ᠰᠡᠷᠢᠭᠡᠵᠥ | ᠪᠠᠯᠠᠷᠠᠬᠤ ᠳᠤ ᠲᠥᠭᠦᠭᠰᠡᠨ ᠴᠢᠰᠤ ᠶᠢ ᠮᠢᠨᠢ ᠪᠥᠭᠡ ᠶᠢᠨ ᠰᠢᠪᠰᠢᠯᠭᠡ ᠪᠠᠷ ᠠᠷᠢᠭᠤᠰᠬᠠᠵᠤ | ᠪᠠᠷᠠᠭᠠᠨ ᠡᠭᠦᠯᠡ ᠠᠴᠠ ᠮᠤᠯᠳᠤᠷᠠᠭᠰᠠᠨ ᠨᠠᠷᠠᠨ ᠮᠡᠳᠤ ᠲᠠᠭᠢᠵᠤ ᠭᠡᠷᠡᠯᠳᠥᠪᠡ ᠡ᠂ ᠪᠢ | ᠬᠠᠭᠠᠨᠳᠤ ᠭᠥᠷᠥᠨ ᠡᠨᠡᠭᠦᠭᠡᠨ ᠲᠡᠷᠳᠡᠭᠡ ᠳᠤ ᠵᠡᠭᠦᠷᠮᠡᠭᠯᠡᠰᠭᠡᠭᠡᠳ ᠰᠥᠮᠡᠯᠵᠡᠭᠦ ᠮᠡᠳᠤ | ᠬᠠᠷᠭᠢᠶᠠᠳᠤᠭᠰᠠᠨ ᠭᠡᠷᠥᠯᠥᠨ ᠠᠮᠤᠰᠭᠢᠬᠦ ᠠᠭᠱᠠᠨ ᠳᠤ ᠨᠠᠢᠮᠠᠨ ᠵᠠᠭᠤᠨ ᠵᠢᠯ ᠠᠯᠠᠭᠠ ᠪᠤᠯᠪᠠ᠂ ᠪᠢ | ᠬᠠᠷᠠ ᠠᠵᠢᠷᠭᠠ ᠤᠨᠤᠭᠰᠠᠨ ᠡᠷᠳᠡᠨ ᠤ ᠨᠢᠭᠡᠨ ᠪᠠᠭᠠᠳᠤᠷ ᠥᠵᠡᠭᠳᠡᠰᠭᠡᠭᠡᠳ ᠵᠠᠮᠬᠠᠷᠠᠬᠤ ᠮᠡᠳᠤ | ᠬᠠᠯᠭᠢᠯᠠᠭᠰᠠᠨ ᠶᠡᠭᠡ ᠲᠠᠶᠢᠭᠠ ᠶᠢᠨ ᠤᠩᠭᠤᠨ ᠴᠢᠯᠥᠭᠡᠨ ᠳᠤ ᠨᠠᠶᠠᠨ ᠨᠢᠭᠡᠨ ᠤᠳᠠᠭᠠ ᠴᠢᠨ᠋ᠸᠠ ᠬᠤᠪᠢᠯᠪᠠ᠂ ᠪᠢ | ᠪᠥᠷᠳᠡ ᠴᠢᠨ᠋ᠸᠠ ᠭᠤᠸᠠ ᠮᠠᠷᠠᠯ ᠲᠥᠷᠥᠭᠡ ᠬᠠᠷᠰᠢᠭᠤᠯᠤᠨ ᠭᠠᠳᠤᠯᠠᠬᠤ ᠮᠡᠳᠤ | ᠪᠥᠷᠳᠡᠭᠡᠯᠵᠢᠨ ᠬᠠᠳᠤᠨ ᠲᠡᠮᠥᠵᠢᠨ ᠬᠤᠶᠠᠷ ᠤᠨᠤᠨ ᠵᠥᠭ ᠬᠠᠳᠠᠷᠢᠭᠤᠯᠬᠤ ᠮᠡᠳᠤ | ᠪᠥᠭᠡᠭᠡᠨ ᠵᠢᠰᠥᠮ ᠤᠨ ᠠᠳᠤᠭᠤᠳ ᠴᠡᠴᠡᠭ ᠤᠨ ᠰᠤᠯᠤᠩᠭᠠ ᠰᠢᠷᠢᠯᠳᠥᠭᠦᠯᠥᠨ ᠶᠥᠷᠭᠡᠭᠡᠳ ᠢᠷᠡᠭᠦ ᠮᠡᠳᠤ | ᠪᠥᠮᠪᠥᠷᠴᠡᠭ ᠤᠨ ᠰᠤᠨᠤᠰᠬᠤᠯᠠᠩ ᠲᠡᠯᠡᠳᠴᠤ ᠲᠠᠯᠠᠢ ᠲᠠᠶᠠᠩ ᠪᠠᠭᠠᠳᠤᠷ ᠤᠳ ᠤᠤᠬᠠᠶᠢᠯᠠᠨ ᠴᠠᠪᠴᠢᠯᠳᠤᠬᠤ ᠮᠡᠳᠤ | ᠭᠡᠷᠥᠯᠥᠨ ᠤ ᠭᠥᠭᠡ ᠤᠷᠤᠰᠬᠠᠯ ᠳᠤ ᠡᠭᠦᠯᠡᠨ ᠰᠡᠭᠦᠳᠡᠷ ᠲᠠᠬᠵᠢᠬᠤ ᠳᠤ | ᠠᠯᠳᠠᠢ ᠶᠢᠨ ᠴᠠᠰᠤᠨ ᠳᠤ ᠥᠷᠯᠥᠭᠡ ᠶᠢᠨ ᠨᠠᠷᠠ ᠪᠤᠯᠬᠠᠵᠤ ᠬᠠᠷᠠᠭᠳᠠᠨᠠ | ᠠᠮᠠᠷᠠᠭ ᠤᠷᠤᠭᠤᠯ ᠤᠨ ᠱᠥᠷᠭᠦᠯᠴᠡᠭᠦ ᠴᠢᠮᠡᠭᠡᠨ ᠳᠤ ᠠᠭᠤᠯᠠ ᠶᠢᠨ ᠪᠤᠭᠤ ᠰᠡᠷᠳᠡᠯᠵᠡᠭᠦ ᠳᠤ | ᠭᠡᠭᠡᠨᠴᠢᠷ ᠰᠠᠷᠠᠨ ᠪᠤᠳᠤᠭᠤᠨ ᠤ ᠨᠢᠯᠪᠤᠰᠤᠨ ᠳᠤ ᠪᠠᠭᠳᠠᠵᠤ ᠵᠢᠷᠭᠠᠨᠠ | ᠪᠤᠷᠬᠠᠨ ᠬᠠᠯᠳᠤᠨ ᠰᠠᠯᠭᠢ ᠨᠢᠰᠯᠠᠵᠤ ᠭᠠᠯ ᠴᠢᠭᠢᠭᠳᠡᠨᠡ | ᠪᠤᠭᠤᠷᠤᠯ ᠲᠤᠮᠤᠭ ᠤᠳᠤ ᠰᠥᠪᠡᠯᠡᠵᠥ ᠱᠠᠰᠳᠢᠷ ᠭᠡᠷᠡᠯᠳᠥᠨᠡ | ᠪᠤᠳᠠᠩᠳᠤ ᠭᠡᠨᠳᠡᠢ ᠮᠠᠨᠠᠨ ᠰᠢᠯᠭᠡᠭᠡᠵᠥ ᠲᠡᠭᠷᠢ ᠰᠠᠭᠠᠮᠰᠢᠭᠤᠯᠤᠨᠠ | ᠪᠤᠯᠠᠭᠠᠨ ᠭᠡᠷᠥᠯᠥᠨ ᠵᠠᠶᠠᠭᠠ ᠰᠢᠭ᠍ᠰᠢᠵᠤ ᠰᠤᠪᠢᠩ ᠲᠠᠳᠠᠭᠤᠯᠤᠨᠠ | ᠰᠤᠳᠠᠰᠤᠨ ᠲᠤᠮᠳᠠᠭᠤᠷ ᠭᠢᠶᠡᠨ ᠴᠢᠰᠣ ᠲᠠᠪᠭᠢᠯᠳᠤᠬᠤ ᠮᠡᠳᠤ ᠭᠡᠷᠥᠯᠥᠨ ᠤᠷᠤᠰᠤᠷᠤᠨ ᠁ | ᠰᠤᠮᠤᠨ ᠲᠤᠮᠳᠠᠭᠤᠷ ᠨᠢᠭᠤᠴᠠ ᠴᠠᠳᠢᠭ ᠢᠰᠭᠢᠷᠭᠦ ᠮᠡᠳᠤ ᠭᠡᠷᠥᠯᠥᠨ ᠤᠷᠤᠰᠤᠷᠤᠨ ᠁ | ᠰᠤᠷᠠᠭ ᠤᠨ ᠠᠯᠤᠰ ᠠᠴᠠ ᠴᠢᠩᠭᠢᠰ ᠢᠶᠠᠨ ᠥᠭᠡᠶᠢᠯᠡᠭᠦ ᠮᠡᠳᠤ ᠭᠡᠷᠥᠯᠥᠨ ᠤᠷᠤᠰᠤᠷᠤᠨ ᠁ | ᠰᠤᠳᠤᠷ ᠤᠨ ᠠᠯᠳᠠᠨ ᠬᠠᠭᠤᠳᠠᠰᠤᠨ ᠠᠴᠠ ᠤᠨᠢᠰᠤᠭᠠ ᠪᠠᠨ ᠲᠠᠯᠳᠠᠯᠠᠬᠤ ᠮᠡᠳᠤ ᠭᠡᠷᠥᠯᠥᠨ ᠤᠷᠤᠰᠤᠷᠤᠨ ᠁ | ᠭᠡᠷᠥᠯᠥᠨ ᠤᠷᠤᠰᠤᠷᠤᠨ ᠁ ᠤᠷᠤᠰᠤᠷᠤᠨ ᠁ | 2006 ᠤᠨ ᠤ6 ᠰᠠᠷᠠ ᠶᠢᠨ23 ᠪᠤᠶᠤ ᠬᠠᠷᠠ ᠬᠤᠯᠤᠭᠠᠨᠠ ᠡᠳᠤᠷ | ᠭᠡᠷᠥᠯᠥᠨ ᠤ ᠭᠥᠪᠡᠭᠡᠨ ᠳᠤ ᠲᠤᠰ ᠰᠢᠯᠥᠭ ᠢ ᠤᠩᠭᠤᠳ ᠤᠨ ᠭᠡᠷᠡᠯ ᠢᠶᠠᠷ ︽ᠵᠢᠷᠮᠥᠰᠥᠯᠡᠭᠡᠳ︾ | 2008 ᠤᠨ ᠤ8 ᠰᠠᠷᠠ ᠶᠢᠨ1 ᠤ ᠡᠳᠤᠷ ᠪᠤᠶᠤ ᠬᠠᠷᠠᠭᠴᠢᠨ ᠲᠠᠭᠢᠶᠠ ᠡᠳᠥᠷ ᠲᠤᠩᠰᠢᠨ ᠪᠠᠶᠢᠵᠤ | ᠲᠥᠷᠥᠭᠦᠯᠵᠥᠭᠦᠢ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |