ᠵᠡᠭᠦᠨᠭᠠᠷ ᠪᠤᠶᠠᠨᠪᠠᠲᠤ | | | ᠲᠠᠰᠤᠷᠬᠠᠢ ᠨᠣᠶᠢᠷ ᠤᠨ ᠨᠠᠪᠳᠠᠷᠬᠠᠢ ᠵᠡᠭᠦᠳᠤᠨ ᠲᠤᠮᠳᠠᠭᠤᠷ | ᠲᠠᠰ ᠬᠠᠷ᠎ᠠ ᠮᠤᠷᠢ ᠬᠠᠭ᠎ᠠ ᠵᠥᠰᠥᠨ ᠤᠷᠤᠵᠤ ᠢᠷᠡᠪᠡ | ᠲᠠᠴᠢᠭᠢᠨᠠᠭᠰᠠᠨ ᠴᠣᠮᠪᠤᠩ ᠲᠤᠭᠤᠷᠠᠢ ᠠᠴᠠ ᠨᠢ ᠭᠥᠭᠡ ᠭᠠᠯ ᠮᠠᠨᠠᠯᠵᠠᠨᠠ | ᠲᠠᠷᠯᠠᠨᠳᠠᠭᠰᠠᠨ ᠲᠠᠯ᠎ᠠ ᠶᠢᠨ ᠴᠢᠯᠠᠭᠤᠳ ᠰᠤᠯᠢᠷ ᠰᠢᠭ᠋ ᠨᠢᠰᠥᠯᠳᠥᠨᠡ | ᠠᠮᠠᠭᠠᠢ ᠴᠢᠳᠤᠷ ᠪᠠᠷᠢᠭᠰᠠᠨ ᠭᠥᠮᠥᠰ ᠠᠮᠠᠳᠠᠨ ᠭᠥᠶᠥᠯᠳᠥᠵᠥ ᠪᠠᠶᠢᠨ᠎ᠠ | ᠠᠷᠭᠠᠮᠵᠢᠶ᠎ᠠ ᠤᠷᠭ᠎ᠠ ᠴᠢᠷᠥᠭᠰᠡᠨ ᠭᠥᠮᠥᠰ ᠮᠤᠷᠢᠨᠳᠠᠭᠠᠨ ᠮᠤᠷᠳᠠᠵᠠᠭᠠᠵᠤ ᠪᠠᠶᠢᠨ᠎ᠠ | ᠠᠭᠠᠭ ᠨᠢ ᠴᠢᠨᠥᠷᠡᠭᠰᠡᠨ ᠬᠠᠷ᠎ᠠ ᠠᠵᠢᠨᠠᠢ ᠰᠠᠯᠭᠢ ᠪᠥᠭᠰᠢᠭᠦᠯᠥᠨ ᠢᠨᠴᠠᠭᠠᠪᠠ | ᠠᠯᠳᠠᠢ ᠶᠢᠨ ᠮᠢᠩᠭᠠᠨ ᠰᠠᠷᠭᠢᠶᠠ ᠰᠡᠳᠡ ᠲᠠᠳᠠᠨ ᠢᠷᠠᠭᠳᠠᠪᠠ | ᠭᠢᠰᠭᠢᠭᠰᠡᠨ ᠭᠠᠵᠠᠷ ᠠᠴᠠ ᠨᠢ ᠠᠯᠳᠠᠨ ᠯᠢᠩᠬᠸ᠎ᠠ ᠮᠥᠰᠢᠶᠡᠪᠡ | ᠭᠡᠶᠢᠰᠥᠭᠰᠡᠨ ᠰᠢᠷᠤᠢ ᠠᠴᠠ ᠨᠢ ᠡᠭᠦᠯᠡ ᠪᠠᠳᠮᠠᠯᠠᠨ ᠬᠤᠶᠢᠯᠠᠷᠠᠪᠠ | ᠭᠡᠷᠥᠯᠳᠥᠭᠰᠡᠨ ᠲᠤᠤᠷ ᠤᠳ ᠮᠥᠰᠥ ᠰᠢᠭ ᠬᠠᠶᠢᠯᠤᠨ ᠤᠷᠤᠰᠪᠠ | ᠭᠡᠯᠭᠡᠶᠢᠷᠡᠭᠰᠡᠨ ᠭᠡᠷᠡᠮ ᠤᠳ ᠥᠭᠦᠯ ᠰᠢᠭ ᠶᠠᠶᠢᠷᠠᠨ ᠨᠤᠷᠠᠪᠠ | ᠬᠠᠷᠠᠬᠤᠷᠢᠨ ᠬᠠᠭᠳᠠᠨ ᠲᠤᠤᠷ᠎ᠠ ᠠᠴᠠ | ᠬᠠᠭᠠᠷᠬᠠᠢ ᠸᠠᠭᠠᠷ ᠢᠶᠠᠨ ᠰᠡᠭᠰᠥᠷᠡᠨ ᠥᠨᠳᠡᠶᠢᠵᠥ | ᠱᠠᠩᠳᠤ ᠬᠤᠳᠠ ᠱᠠᠭᠠᠵᠠᠭᠠᠢ ᠱᠠᠭᠰᠢᠭᠤᠯᠤᠨ | ᠱᠠᠩᠬᠤᠳᠤ ᠭᠡᠥᠭᠡᠨ ᠰᠢᠭ ᠪᠤᠰᠴᠤ ᠢᠷᠡᠵᠥ ᠪᠠᠶᠢᠨ᠎ᠠ | ᠭᠡᠨᠳᠡᠢ ᠠᠭᠤᠯᠠ ᠶᠢᠨ ᠤᠢ ᠳᠤ ᠰᠠᠷᠠᠨ ᠭᠥᠭᠦᠭᠡ ᠲᠤᠩᠭᠤᠳᠬᠤ ᠶᠣᠮ | ᠭᠡᠷᠥᠯᠥᠨ ᠮᠥᠷᠡᠨ ᠤ ᠤᠷᠤᠰᠬᠠᠯ ᠳᠤ ᠲᠤᠯᠤᠭᠠᠨ ᠪᠤᠷᠬᠠᠨ ᠠᠯᠢᠶᠠᠯᠠᠬᠤ ᠶᠤᠮ | ᠡᠾᠦ᠋ᠩᠨᠤ ᠠᠳᠤᠭᠤᠨ ᠤ ᠰᠠᠯᠭᠢ ᠴᠡᠴᠡᠭ ᠪᠤᠶᠢᠯᠠᠭᠤᠯᠤᠨ ᠠᠶᠢᠰᠤᠢ | ᠭᠥᠷᠡᠯ ᠰᠤᠮᠤᠨ ᠤ ᠢᠰᠭᠢᠷᠥᠭᠡ ᠤᠳᠤᠳ ᠰᠥᠪᠡᠯᠡᠨ ᠢᠷᠡᠭᠦᠢ | ᠲᠠᠰ ᠬᠠᠷ᠎ᠠ ᠮᠤᠷᠢ ᠠᠳᠤᠭᠤᠨ ᠵᠡᠯᠡᠨ ᠲᠡᠭᠡᠷ᠎ᠡ ᠬᠠᠤᠭᠢᠷᠠᠨ ᠵᠤᠭᠰᠤᠪᠠ | ᠲᠠᠩᠨᠠᠢ ᠱᠤᠭᠰᠢᠷᠠᠨ ᠭᠥᠮᠥᠰ ᠪᠥᠴᠢᠵᠥ ᠪᠥᠭᠡᠮᠨᠡᠷᠡᠵᠥ ᠤᠴᠢᠬᠤ ᠳᠤ | ᠲᠠᠪᠤᠨ ᠥᠩᠭᠡ ᠶᠢᠨ ᠰᠤᠯᠤᠩᠭ᠎ᠠ ᠲᠠᠳᠠᠨ ᠴᠢᠩᠭᠦᠨᠵᠠᠪ① ᠪᠤᠯᠵᠤ ᠬᠤᠪᠢᠷᠠᠭᠠᠳ | ᠲᠠᠨᠠᠨ ᠴᠠᠭᠠᠨ ᠭᠡᠷ ᠤᠷᠤᠭᠤ ᠭᠢᠳᠤᠭ᠎ᠠ ᠪᠠᠨ ᠪᠠᠭᠤᠯᠭᠠᠨ ᠠᠯᠬᠤᠵᠤ ᠪᠠᠶᠢᠪᠠ | ᠬᠤᠳᠤᠭᠤᠶᠢᠳ ᠤᠨ ᠰᠢᠳᠠᠷ ᠵᠠᠩᠵᠤᠨ ᠪᠤᠴᠠᠭᠠᠳ ᠢᠷᠡᠵᠥ ᠭᠡᠨ᠎ᠡ | ᠬᠤᠶᠢᠯᠠᠷᠠᠭᠰᠠᠨ ᠮᠥᠩᠭᠦᠨ ᠭᠢᠳᠤᠭ᠎ᠠ ᠨᠢ ᠥᠭᠡ ᠴᠠᠭᠢᠯᠳᠠᠭ ᠶᠤᠮ ᠭᠡᠨ᠎ᠡ | ᠬᠤᠯᠴᠢᠭᠠᠷ ᠵᠠᠯᠢᠬᠠᠢ ᠠᠴᠠ ᠡᠭᠢᠯᠡᠵᠥ ᠲᠤᠯᠤᠭᠠᠢ ᠶᠢ ᠨᠢ ᠭᠢᠷᠭᠠᠬᠤ ᠶᠤᠮ ᠭᠡᠨ᠎ᠡ | ᠬᠤᠢ ᠰᠠᠯᠭᠢ ᠰᠢᠭ᠋ ᠡᠨᠡ ᠲᠤᠤᠯᠢᠶᠠᠨ ᠮᠤᠩᠭᠤᠯ ᠤᠨ ᠲᠠᠯ᠎ᠠ ᠪᠠᠷ ᠲᠠᠪᠭᠢᠯᠳᠤᠪᠠ | ᠡᠷᠡᠭᠡᠢ ᠬᠤᠷᠤᠭᠤ ᠶᠢ ᠨᠢ ᠪᠤᠩᠬᠤᠯᠠᠭᠰᠠᠨ ᠭᠠᠵᠠᠷ ᠠᠴᠠ | ᠡᠷᠳᠡᠨᠢ ᠶᠢᠨ ᠰᠡᠯᠡᠮ᠎ᠡ ᠬᠠᠩᠭᠢᠷ ᠵᠢᠩᠭᠢᠷ ᠤᠷᠭᠤᠵᠤ ᠭᠡᠨ᠎ᠡ | ᠡᠵᠡᠨᠳᠥ ᠲᠥᠷᠥ ᠶᠢᠨ ᠡᠪᠳᠡᠷᠭᠡᠢ ᠰᠠᠭᠤᠳᠠᠯ ᠤᠷᠤᠭᠤ | ᠢᠷ ᠨᠢ ᠵᠠᠭᠠᠳᠤᠨᠠᠨ ᠭᠢᠯᠠᠰ ᠴᠠᠶᠢᠪᠠᠰ ᠬᠤᠷᠴᠠᠳᠤᠵᠤ ᠭᠡᠨ᠎ᠡ | ᠲᠥᠯᠡᠭᠳᠡᠭᠰᠡᠨ ᠴᠠᠭᠠᠰᠤ ᠰᠢᠭ᠋ ᠮᠠᠯᠠᠭᠠᠢ ᠨᠤᠭᠤᠳ ᠭᠡᠶᠢᠰᠴᠤ | ᠲᠥᠢᠮᠡᠷ ᠠᠪᠤᠭᠰᠠᠨ ᠰᠢᠭ᠋ ᠬᠠᠭᠠᠨ ᠤ ᠤᠷᠳᠤ ᠪᠤᠴᠠᠯᠪᠠ | ᠲᠠᠯᠠᠢ ᠨᠢ ᠲᠠᠰᠤᠷᠠᠭᠰᠠᠨ ᠰᠢᠪᠡᠭᠴᠢᠨ ᠤ ᠴᠤᠬᠤᠷ ᠮᠠᠬᠠᠢ② ᠳᠤ | ᠲᠡᠭᠷᠢ ᠲᠡᠳᠭᠦᠭᠴᠢ ᠶᠢᠨ ᠬᠤᠷᠢᠨ ᠨᠢᠭᠡᠳᠥᠭᠡᠷ ᠤᠨ ③ᠰᠢᠪᠡᠷᠢ ᠰᠢᠭ ᠰᠢᠩᠭᠡᠵᠡᠢ | ᠴᠢᠨᠤᠨ ᠰᠠᠭᠠᠷᠠᠯ ᠮᠠᠨᠠᠨ ᠢ ᠠᠶᠤᠩᠭ᠎ᠠ ᠰᠢᠭ᠋ ᠲᠠᠰᠤᠳᠠᠵᠤ | ᠴᠢᠩ ᠭᠥᠷᠥᠨ ᠤ ᠥᠨᠡᠰᠥᠨ ᠲᠡᠭᠡᠭᠦᠷ ᠬᠠᠷ᠎ᠠ ᠮᠤᠷᠢ ᠲᠠᠪᠭᠢᠨᠠ | ᠴᠥᠷᠭᠦ ᠴᠥᠷᠭᠦ ᠬᠤᠨ ᠭᠠᠯᠠᠭᠤ ᠲᠠᠯ ᠢ ᠨᠢ ᠥᠨᠥᠰᠥᠭᠡᠳ ᠲᠠᠶᠢᠳᠬᠤᠷᠠᠨᠠ | ᠴᠢᠮᠥᠭᠡ ᠲᠤᠨᠳᠠᠷᠠᠬᠤ ᠥᠭᠡᠢ ᠬᠠᠳᠠᠷᠢᠬᠤ ᠶᠢ ᠲᠠᠯ᠎ᠠ ᠶᠢᠨ ᠢᠵᠠᠭᠤᠷᠳᠠᠨ ᠮᠡᠳᠡᠨ᠎ᠡ ᠡ᠃ | ᠵᠡᠭᠦᠯᠳᠡ᠄ | ① ᠮᠠᠨᠵᠤ ᠳᠤ ᠴᠠᠭᠠᠵᠠᠯᠠᠭᠳᠠᠭᠰᠠᠨ ᠴᠢᠩᠭᠦᠨᠵᠠᠪ ᠤᠨ ᠭᠡᠭᠦᠷ ᠢ ᠪᠥᠳᠥᠨ ᠢᠶᠠᠷ ᠨᠢ ᠨᠤᠳᠤᠭ ᠲᠤᠨᠢ ᠠᠪᠠᠴᠢᠵᠤ | ᠤᠷᠤᠰᠢᠭᠤᠯᠬᠤ ᠠᠷᠭ᠎ᠠ ᠥᠭᠡᠢ ᠲᠤᠯᠠ ᠡᠷᠡᠭᠡᠢ ᠬᠤᠷᠤᠭᠤ ᠶᠢ ᠨᠢ ᠲᠠᠰᠤᠯᠵᠤ ᠠᠪᠤᠭᠠᠳ ᠭᠠᠵᠠᠷ ᠤᠨ ᠰᠠᠶᠢᠬᠠᠨ | ᠬᠤᠳᠤᠭᠤᠶᠢᠳ ᠤᠨ ᠨᠤᠳᠤᠭ ᠤᠷᠤᠨ ᠤ ᠨᠢᠭᠡ ᠲᠤᠯᠤᠭᠠᠢ ᠲᠡᠭᠡᠷᠡᠮᠥ᠋ᠩᠭᠦᠨ ᠬᠠᠶᠢᠷᠴᠠᠭ ᠲᠤ ᠭᠢᠵᠥ ᠨᠤᠳᠤᠭ ᠤᠨ | ᠭᠥᠮᠥᠰ ᠨᠢ ᠤᠷᠤᠰᠢᠭᠤᠯᠤᠭᠰᠠᠨ ᠶᠤᠮ ᠭᠡᠳᠡᠭ᠃ | ② ᠪᠥᠰ ᠢᠶᠠᠷ ᠭᠢᠭᠰᠡᠨ ᠪᠤᠭᠤᠨᠢ ᠲᠥᠷᠡᠢ ᠲᠠᠢ ᠭᠤᠳᠤᠯ᠃ | ③1757 ᠤᠨ ᠤ 3 ᠰᠠᠷ᠎ᠠ ᠶᠢᠨ15 ᠤ ᠡᠳᠥᠷ ᠴᠢᠩᠭᠦᠨᠵᠠᠪ ᠪᠡᠭᠡᠵᠢᠩ ᠳᠤ ᠴᠠᠭᠠᠵᠠᠯᠠᠭᠳᠠᠵᠠᠢ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |