ᠵᠡᠭᠦᠨᠭᠠᠷ ᠪᠤᠶᠠᠨᠪᠠᠲᠤ | | ᠠᠳᠤᠭᠤᠨ ᠤ ᠥᠶᠡᠷ | ᠨᠠᠷᠠ ᠡᠮᠭᠡᠷᠢᠳᠴᠤ ᠨᠠᠳᠠ ᠲᠤᠮᠳᠠᠭᠤᠷ ᠤᠷᠤᠰᠤᠨ᠎ᠠ | ᠠᠷᠠᠳ ᠤᠨ ᠲᠠᠭᠤᠤ᠂ ᠭᠡᠥᠭᠡᠳ ᠤᠨ ᠤᠤᠬᠠᠢ ᠶᠢᠨ ᠲᠤᠮᠳᠠᠭᠤᠷ ᠤᠷᠤᠰᠤᠨ᠎ᠠ | ᠨᠠᠯᠠᠭᠠᠷ ᠨᠠᠭᠠᠳᠤᠮ ᠳᠤ ︽ᠠᠯᠳᠠᠵᠤ ᠶᠠᠪᠤᠭᠤᠯᠤᠭᠰᠠᠨ︾ ᠨᠢᠳᠤᠨ ᠲᠤᠮᠳᠠᠭᠤᠷ ᠤᠷᠤᠰᠤᠨ᠎ᠠ | ᠠᠯᠳᠠᠨ ᠵᠢᠷᠤᠬᠠᠢ ᠪᠤᠶᠤ ︽ᠨᠢᠭᠤᠴᠠ ᠲᠤᠪᠴᠢᠶᠠᠨ︾ ᠲᠤᠮᠳᠠᠭᠤᠷ ᠤᠷᠤᠰᠤᠨ᠎ᠠ | ᠡᠨᠡ ᠥᠶᠡᠷ ᠲᠤ | ᠠᠭᠤᠯᠠᠰ ᠲᠤᠳᠤᠷ᠎ᠠ ᠠᠴᠠ ᠪᠠᠨ ᠴᠢᠨᠤᠷᠡᠵᠥ ᠴᠢᠯᠠᠭᠤ ᠲᠥᠷᠡᠯᠵᠡᠵᠥ | ᠤᠰᠤ ᠴᠢᠪᠴᠢᠷᠠᠨ ᠵᠢᠭᠠᠰᠤ ᠪᠠᠨ ᠲᠡᠭᠷᠢ ᠳᠤ ᠰᠢᠳᠡᠯᠡᠨ ᠲᠤᠭᠯᠠᠵᠥ | ᠴᠠᠰᠤᠨ ᠲᠤᠤᠷ᠎ᠠ ᠠᠴᠠ ᠴᠠᠭᠢᠯᠳᠠᠭ ᠤᠨ ᠴᠡᠴᠡᠭ ᠥᠨᠳᠥᠰᠥ ᠪᠤᠯᠢᠶᠠᠯᠳᠤᠨ ᠨᠢᠳᠥᠯᠡᠵᠥ | ᠪᠥᠰᠡᠯᠡᠭᠦᠷ ᠲᠡᠶᠢᠴᠢᠵᠥ ᠭᠥᠭᠦᠥᠷ ᠲᠠᠢ ᠠᠶᠢᠷᠠᠭ ︽ᠱᠤᠭᠰᠢᠷᠠᠵᠤ︾ ᠪᠠᠶᠢᠭᠰᠠᠨ ᠶᠤᠮ | ᠡᠨᠡ ᠥᠶᠡᠷ ᠲᠤ | ᠪᠤᠬᠠᠷ᠂ ᠪᠠᠭᠳᠡᠳ᠋᠂ ᠮᠤᠰᠺᠸᠡ ᠬᠤᠳᠠ᠂ ᠴᠠᠭᠠᠨ ᠭᠡᠷᠡᠮ | ᠪᠠᠭᠤᠷᠢ ᠨᠢ ᠤᠯᠳᠠᠬᠤ ᠥᠭᠡᠢ ᠶᠡᠭᠦᠷᠡᠵᠥ ᠪᠠᠶᠢᠭᠰᠠᠨ ᠶᠤᠮ | ᠲᠠᠯᠤ ᠶᠢᠨ ᠲᠥᠯᠭᠡᠨ ᠲᠡᠭᠡᠷ᠎ᠡ ᠠᠳᠤᠭᠤᠨ ᠤ ᠥᠶᠡᠷ ᠢᠨᠴᠠᠭᠠᠵᠤ | ᠲᠠᠶᠢᠨ ᠤ ᠬᠠᠷ᠎ᠠ ᠰᠥᠯᠳᠡ ᠲᠤᠭᠤᠰᠤ ᠪᠠᠨ ᠰᠢᠯᠭᠡᠭᠡᠳᠡᠭ ᠪᠠᠶᠢᠭᠰᠠᠨ ᠶᠤᠮ | ᠠᠯᠠᠭᠠᠨ ᠤ ᠭᠡ ᠲᠡᠭᠡᠷ᠎ᠡ ᠴᠠᠭᠠᠨ ᠤᠨᠠᠭ᠎ᠠ ᠲᠠᠩᠭᠠᠴᠢᠵᠤ | ᠠᠯᠤᠰ ᠤᠨ ᠤᠳᠤ ᠠᠶᠠᠭ᠎ᠠ ᠲᠠᠢ ᠴᠠᠶᠢᠨ ᠳᠤ ᠲᠡᠪᠭᠡᠷᠳᠡᠭ ᠪᠠᠶᠢᠭᠰᠠᠨ ᠶᠤᠮ | ᠲᠡᠯ ᠲᠠᠢ ᠲᠡᠶᠢᠷᠤᠯᠳᠤ ᠶᠢᠨ ᠲᠥᠷᠢᠮᠡᠭᠡᠢ ᠥᠶᠡᠷ ᠲᠤ | ᠲᠡᠯᠡᠭᠡᠢ ᠶᠢᠨ ᠭᠭᠢᠷ ᠤᠭᠢᠶᠠᠭᠳᠠᠨᠠ | ᠲᠡᠪᠡᠯ ᠲᠠᠢ ᠪᠤᠷᠬᠠᠨ ᠤ ᠡᠷᠡᠮᠡᠭᠡᠢ ᠤᠬᠠᠭᠠᠨ ᠳᠤ | ᠳ᠋ᠢᠸᠠᠩ ᠭᠠᠯᠠᠪ ᠤᠨ ᠪᠥᠰᠡ ᠴᠢᠩᠭᠠᠷᠠᠨ᠎ᠠ | ᠭᠥᠭᠡᠮᠡᠢ ᠶᠢᠨ ᠭᠥᠭᠡ ᠠᠶᠠᠯᠭᠤ | ᠭᠡᠨᠲᠠᠢ ᠶᠢᠨ ᠬᠠᠳᠠᠨ ᠠᠴᠠ ᠤᠭᠰᠢᠵᠤ ᠪᠤᠴᠠᠬᠤ ᠳᠠᠭᠠᠨ | ᠭᠥᠳᠡᠭᠡ ᠠᠷᠠᠯ ᠤᠨ ᠡᠪᠡᠰᠥᠨ ᠲᠤᠯᠤᠭᠠᠢ ᠳᠤ ᠬᠤᠷ᠎ᠠ ᠪᠤᠯᠤᠨ ᠱᠠᠭᠢᠨᠠᠮ | ᠭᠥᠯᠥᠭ ᠤᠨ ᠲᠤᠭᠤᠷᠠᠢ ᠠᠴᠠ ᠴᠠᠭᠢᠭᠰᠠᠨ ᠠᠶᠤᠩᠭ᠎ᠠ | ᠢᠷᠥᠭᠡᠯ ᠤᠨ ᠬᠠᠳᠠᠭ ᠢᠶᠠᠷ ᠠᠷᠭᠠᠳᠠᠭᠤᠯᠵᠤ ᠲᠠᠶᠢᠳᠬᠤᠷᠠᠬᠤ ᠳᠠᠭᠠᠨ | ᠶᠡᠷᠡ ᠶᠢᠰᠤᠨ ᠲᠡᠭᠷᠢ ᠶᠢᠨ ᠵᠠᠭᠠᠳᠠᠰᠤᠨ ᠳᠤ ᠭᠡᠭᠡᠨ ᠰᠤᠪᠢᠩ ᠪᠤᠯᠵᠤ ᠤᠷᠭᠤᠨᠠᠮ | ᠭᠡᠷᠥᠯᠥᠨ ᠤ ᠡᠷᠭᠢ ᠠᠴᠠ ᠠᠯᠫᠠᠰ ᠠᠭᠤᠯᠠ ᠭᠥᠷᠳᠡᠯ᠎ᠡ ᠬᠠᠷᠭᠢᠭᠰᠠᠨ | ᠭᠡᠥᠭᠡᠳ ᠤᠨ ᠵᠡᠭᠦᠳᠥᠨ ᠠᠴᠠ ᠰᠠᠨᠰᠠᠷ ᠤᠨ ᠬᠤᠷᠮᠤᠢ ᠭᠥᠷᠳᠡᠯ᠎ᠡ ᠬᠠᠳᠠᠷᠢᠭᠰᠠᠨ | ᠾᠦᠩᠨᠤ ᠭᠥᠷᠥᠨ ᠠᠴᠠ ᠬᠤᠷᠢᠨ ᠨᠢᠭᠡᠳᠥᠭᠡᠷ ᠵᠠᠭᠤᠨ ᠭᠥᠷᠳᠡᠯ᠎ᠡ ᠶᠥᠷᠭᠡᠭᠰᠡᠨ | ᠭᠥᠮᠥᠨ ᠴᠢᠯᠠᠭᠤᠨ ᠠᠴᠠ ᠬᠤᠭᠤᠷ ᠤᠨ ᠭᠢᠯᠭᠠᠰᠤ ᠭᠥᠷᠳᠡᠯ᠎ᠡ ᠲᠡᠷᠭᠡᠭᠰᠡᠨ | ᠪᠥᠮᠪᠥᠷᠴᠡᠭ ᠲᠠᠢ ᠨᠠᠰᠤ ᠰᠠᠴᠠᠭᠤ ᠥᠶᠡᠷ | ᠪᠤᠬᠠᠨ ᠤ ᠮᠡᠯᠮᠡᠢ ᠪᠠᠷ ᠥᠨᠥᠰᠥᠭᠦᠯᠥᠨ ᠥᠨᠥᠰᠥᠭᠦᠯᠥᠨ ᠥᠯᠥ ᠲᠠᠳᠠᠷᠠᠨᠠᠮ | ᠪᠥᠥᠪᠡᠢ ᠶᠢᠨ ᠲᠠᠭᠤᠨ᠂ ᠱᠠᠭᠠᠢ ᠶᠢᠨ ᠲᠤᠭᠯᠠᠭᠠᠮ ᠳᠤ ᠰᠢᠩᠭᠡᠵᠤ ᠥᠯᠡᠳᠡᠭᠰᠡᠨ ᠲᠤᠮᠤᠭ | ᠪᠤᠷᠬᠠᠨ ᠨᠤᠳᠤᠭ ᠤᠨ ᠴᠢᠯᠠᠭᠤ ᠪᠤᠯᠭᠠᠨ ᠠᠴᠠ ᠴᠤᠤᠷᠢᠶ᠎ᠠ ᠨᠢ ᠥᠯᠥ ᠠᠯᠳᠠᠷᠠᠨᠠᠮ | ᠲᠡᠭᠷᠢ ᠲᠡᠪᠭᠡᠳᠡᠵᠤ᠂ ᠭᠠᠵᠠᠷ ᠴᠥᠮᠥᠯᠥᠨ ᠽᠠᠨᠳᠠᠨ ᠥᠶᠡᠷ ᠢᠷᠡᠵᠥ ᠪᠠᠶᠢᠨ᠎ᠠ | ᠲᠡᠷᠭᠡᠯ ᠭᠡᠷ ᠤᠨ ᠵᠠᠳᠠᠭᠠᠢ ᠭᠠᠯ ᠲᠡᠭᠡᠷ᠎ᠡ ᠠᠳᠤᠭᠤ ᠬᠤᠶᠢᠯᠠᠷᠠᠵᠤ ᠪᠠᠶᠢᠨ᠎ᠠ | ᠠᠶᠤᠭᠳᠤᠨ︕ ᠪᠢᠰᠢᠷᠡᠭᠳᠥᠨ︕ ᠲᠤᠰᠤᠨ ᠭᠥᠶᠥᠭᠳᠥᠨ︕ | ᠠᠳᠤᠭᠤᠨ ᠤ ᠥᠶᠡᠷ᠂ ᠠᠳᠤᠭᠤᠨ ᠤ ᠥᠶᠡᠷ | ᠠᠶ᠎ᠠ︕ ᠠᠳᠤᠭᠤᠨ ᠤ ᠥᠶᠡᠷ ᠁ | 2007 ᠤᠨ ᠤ 7 ᠰᠠᠷ᠎ᠠ ᠶᠢᠨ30 ᠤ ᠡᠳᠥᠷ ᠭᠥᠭᠡᠬᠤᠳᠠᠨᠠ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |