ᠥᠪᠡᠷ ᠢ ᠪᠠᠨ ᠪᠢ ᠨᠡᠭᠡᠭᠡᠵᠥ ᠥᠵᠡᠯ᠎ᠡ
ᠨᠡᠶᠢᠲᠡᠯᠡᠭᠰᠡᠨ ᠴᠠᠭ᠄
2020/12/4
ᠵᠡᠭᠦᠨᠭᠠᠷ ᠪᠤᠶᠠᠨᠪᠠᠲᠤ                  ᠬᠤᠷᠢᠨ ᠵᠢᠯ ᠤᠨ ᠲᠡᠷᠳᠡᠭᠡᠭᠢ ︽ᠮᠠᠭᠤᠰᠠᠶᠢᠨ ᠯᠠᠭ︾ ᠤᠳ ᠢᠶᠠᠨ ᠲᠤᠳᠤᠮᠳᠠᠬᠤ ᠭᠡᠵᠥᠬᠠᠭᠤᠴᠢᠨ ᠮᠠᠭᠤ ᠠᠪᠳᠠᠷ᠎ᠠ ᠶᠢᠨ ᠢᠶᠠᠨ ᠢᠷᠤᠭᠠᠯ ᠢ ᠤᠩᠭᠢᠴᠢᠬᠤ ᠰᠢᠭ᠋ᠥᠪᠡᠷ ᠢ ᠪᠠᠨ ᠪᠢ ᠤᠩᠭᠤᠶᠢᠳᠠᠯ᠎ᠠ ᠨᠢ ᠨᠡᠩᠵᠢᠯ᠎ᠡ᠄ᠪᠤᠳᠤᠭᠤ ᠡᠭᠡ ᠬᠤᠶᠠᠷ ᠢ ᠨᠡᠶᠢᠯᠡᠭᠦᠯᠵᠥ ᠪᠤᠷᠠᠨᠳᠠᠭ ᠢᠶᠠᠷ ᠰᠢᠪᠬᠠᠷᠳᠠᠭᠤᠯᠤᠭᠰᠠᠨ ᠰᠤᠷᠭᠠᠯᠪᠤᠷᠳᠤᠭᠤ ᠲᠠᠢ ᠠᠶᠢᠷᠠᠭ ᠠᠴᠠ ᠤᠤᠭᠤᠬᠤ ᠭᠡᠳ ᠠᠰᠬᠠᠵᠤ ᠡᠪᠦᠭᠡ ᠪᠠᠷ ᠢᠶᠠᠨ ᠵᠠᠩᠨᠠᠭᠤᠯᠤᠭᠰᠠᠨ ᠴᠡᠭᠡᠷᠯᠡᠯᠪᠤᠷᠤ ᠴᠢᠯᠠᠭᠤᠳᠤ ᠶᠢᠨ ᠡᠩᠭᠡᠷ ᠠᠴᠠ ᠪᠤᠴᠢᠭᠢᠨᠠᠭᠤᠷ ᠤᠨ ᠭᠤᠶᠤᠤ ᠮᠠᠯᠳᠠᠭᠰᠠᠨ ᠤᠯᠵᠠᠭᠤᠷᠬᠠᠯᠪᠤᠷᠤᠯᠳᠠᠢ ᠶᠢᠨ ᠨᠢᠰᠤᠬᠠᠢ ᠰᠢᠷ᠎ᠠ ᠥᠭᠢᠨ ᠢ ᠤᠯᠠᠨ ᠵᠢᠯ ᠪᠤᠳᠤᠭᠰᠠᠨ ᠰᠢᠨᠠᠯᠥᠯᠪᠠᠳᠤᠵᠢᠷᠭᠠᠯ ᠨᠠᠰᠤᠳᠠᠨ ᠤ ︽ᠴᠠᠭᠠᠨ ᠲᠤᠯᠤᠭᠠᠢ︾ ᠪᠡᠯᠡᠭᠯᠡᠵᠥ ᠥᠰᠥᠭ ᠲᠠᠨᠢᠭᠤᠯᠠᠭᠰᠠᠨ ᠲᠤᠷᠠᠰᠤᠯᠪᠠᠳᠠᠢ ᠶᠢᠨ ᠵᠢᠷᠠᠨ ᠢ ᠭᠥᠨᠳᠡᠯᠡᠨ ᠲᠤᠭᠤᠯᠪᠠᠯ ᠶᠠᠭᠤ ᠪᠠᠶᠢᠳᠠᠭ ᠪᠤᠯ ᠭᠡᠰᠡᠨ ᠮᠥᠷᠥᠭᠡᠳᠥᠯᠪᠠᠷᠤᠭ ᠤᠨ ᠶᠠᠭᠤᠮᠠᠨ ᠳᠤ ︽ᠶᠤᠬᠤ︕︾ ᠭᠡᠳᠡᠭ ᠥᠭᠡᠢ ᠪᠤᠭᠤᠷᠤᠯ ᠤᠳ ᠤᠨ ᠲᠤᠬᠠᠢ ᠭᠠᠶᠢᠬᠠᠰᠢᠷᠠᠯᠪᠠᠷᠠᠭᠠᠨ ᠭᠥᠭᠡ ᠴᠢᠷᠠᠢ ᠲᠠᠢ ᠪᠠᠷᠢᠭᠠᠳᠠ ᠶᠢᠨ ᠲᠠᠷᠤᠭ᠎ᠠ ᠶᠢᠨ ᠠᠯᠪᠠᠨ ᠠᠶᠤᠯᠭᠠᠯᠡᠨᠡ ᠪᠥᠭᠦᠨ ᠲᠤᠷᠠᠰᠤᠮᠵᠢ ᠶᠢᠨ ᠲᠤᠷᠭᠠᠨ ᠪᠠᠷᠢᠨᠳᠠᠭ ᠲᠠᠢᠰᠠᠨᠠᠭᠠᠨ ᠤ ᠮᠤᠬᠤᠷ ᠲᠤ ︽ᠭᠡᠪᠳᠡᠵᠥ︾ ᠯᠡ ᠪᠠᠶᠢᠬᠤ ᠶᠤᠮᠰᠡᠭᠦᠯ ᠳᠡᠭᠡᠨ ᠰᠤᠷᠭᠠᠭᠤᠯᠢ ᠳᠤ ᠤᠷᠤᠵᠤ ᠨᠤᠮ ᠤᠨ ᠲᠠᠭᠤ ᠡᠭᠢᠯᠡᠵᠥ ᠰᠤᠨᠤᠰᠤᠭᠰᠠᠨᠰᠤᠷᠤᠯᠭ᠎ᠠ ᠭᠢᠴᠢᠶᠡᠯ ᠳᠡᠭᠡᠨ ᠠᠯᠳᠠᠵᠤ ᠤᠨᠤᠵᠤ ᠮᠠᠭᠳᠠᠭᠤᠯᠵᠤ ᠵᠢᠮᠡᠯᠡᠭᠦᠯᠵᠥ ᠶᠠᠪᠤᠭᠰᠠᠨᠰᠤᠷᠳᠠᠯ ᠥᠭᠡᠢ ᠲᠤᠮᠤᠭ᠎ᠠ ᠥᠭᠡᠢ ᠭᠡᠥᠭᠡᠳ ᠤᠳ ᠢᠶᠠᠷ ᠲᠡᠭᠡᠷᠡᠯᠭᠡᠭᠦᠯᠵᠥ ᠱᠤᠤᠯᠠᠭᠤᠯᠵᠤ ᠤᠭᠢᠯᠠᠭᠰᠠᠨᠰᠤᠪᠰᠠᠭ ᠪᠤᠳᠠᠭᠠᠨ ᠳᠠᠭᠠᠨ ᠴᠠᠳᠬᠤ ᠥᠭᠡᠢᠵᠢᠭᠳᠦ ︽ᠬᠤᠯᠠᠭᠠᠶᠢᠯᠠᠵᠤ︾ ᠭᠥᠭᠡᠭᠡᠭᠳᠡᠵᠥ ᠲᠠᠭᠤᠭᠳᠠᠭᠰᠠᠨᠡᠨᠡ ᠪᠥᠭᠦᠨ ᠪᠠᠰᠠ ᠯᠠ ᠪᠤᠳᠤᠯ ᠤᠨ ᠲᠡᠷᠡ ᠭᠥᠨ ᠳᠤᠡᠯᠡᠭᠳᠡᠵᠥ ᠰᠡᠮᠡᠷᠡᠭᠰᠡᠨ ᠭᠡᠯ᠎ᠡ ᠴᠦ ᠶᠠᠩᠵᠤ ᠪᠠᠷ ᠢᠶᠠᠨ ᠪᠠᠶᠢᠵᠤ ᠪᠠᠶᠢᠨ᠎ᠠ᠃ᠡᠭᠦᠷᠳᠥᠵᠥ ᠲᠡᠭᠦᠷᠳᠥᠭᠦ ᠳᠤ ᠮᠢᠨᠢ ᠲᠤᠰᠠᠯᠠᠭᠰᠠᠨ ᠠᠴᠢᠳᠠᠨ ᠳᠠᠭᠠᠨ ᠭᠡᠯᠡᠵᠥ ᠴᠢᠳᠠᠭ᠎ᠠ ᠥᠭᠡᠢ ᠲᠠᠯᠠᠷᠬᠠᠯᠥᠷᠭᠦᠯᠵᠢ ᠨᠠᠮᠠᠢᠢ ᠨᠤᠮᠤᠬᠠᠴᠢᠯᠠᠵᠤ ᠥᠭᠡᠨ ᠤ ᠰᠢᠪᠦᠭᠡ ᠪᠠᠷ ᠴᠢᠴᠢᠯᠡᠵᠥ ᠶᠠᠪᠤᠭᠰᠠᠨ ᠬᠤᠷᠤᠰᠤᠯᠡᠭᠦᠯᠡᠨ ᠴᠢᠯᠥᠭᠡᠨ ᠤ ᠨᠠᠷᠠ ᠰᠢᠭ᠋ ᠠᠭᠱᠠᠨ᠎ᠠ ᠲᠤᠭᠢᠶᠠᠭᠰᠠᠨ ᠭᠡᠨᠡᠨ ᠵᠢᠷᠭᠠᠯᠥᠭᠦᠵᠥ ᠤᠨᠠᠳᠠᠯ᠎ᠠ ᠵᠢᠳᠭᠦᠭᠰᠡᠨ ᠴᠦ ᠤᠯᠵᠤ ᠲᠤᠯᠢᠶᠠᠭ᠎ᠠ ᠥᠭᠡᠢ ᠭᠡᠭᠡᠨ ᠭᠢᠰᠡᠯᠵᠢᠷᠥᠭᠡᠨ ᠤ ᠮᠢᠨᠢ ᠬᠤᠪᠳᠤᠯ ᠳᠤ ᠵᠢᠷᠤᠭᠳᠤ ᠲᠡᠪᠳᠡᠷ ᠪᠤᠯᠴᠢᠬᠠᠭᠠᠳᠵᠤᠷᠠᠶᠢᠵᠤ ᠲᠤᠷᠠᠶᠢᠵᠤ ᠪᠠᠶᠢᠳᠠᠭ ᠪᠠᠶᠢᠵᠤ ᠳ᠋ᠠ᠃ᠠᠩᠬ᠎ᠠ ᠤᠩᠰᠢᠭᠰᠠᠨ ᠢᠨᠠᠭ ᠤᠨ ᠵᠠᠭᠢᠶᠠᠨ ᠤ ᠲᠠᠰᠤᠷᠬᠠᠢᠠᠨᠠᠷ ᠰᠢᠭ᠋ ᠤᠷᠤᠭᠤᠯ ᠢ ᠢᠴᠢᠵᠥ ᠰᠢᠮᠡᠭᠰᠡᠨ ᠲᠠᠮᠳᠤᠷᠬᠠᠢᠠᠶᠢᠯ ᠤᠨ ᠲᠡᠷᠡ ᠡᠭᠡᠴᠢ ᠳᠤ ᠨᠢᠭᠤᠴᠠᠯᠢᠭ ᠲᠤᠷᠠᠯᠠᠭᠰᠠᠨ ᠭᠤᠷᠢᠳᠠᠯᠠᠷᠭ᠎ᠠ ᠥᠭᠡᠢ ᠬᠠᠶᠢᠷᠠᠯᠠᠭᠰᠠᠨ ᠥᠭᠢᠨ ᠢᠶᠠᠨ ᠬᠠᠷᠢ ᠳᠤ ᠠᠯᠳᠠᠭᠰᠠᠨ ᠭᠤᠮᠤᠷᠬᠠᠯᠰᠠᠯᠤᠰᠢ ᠥᠭᠡᠢ ᠨᠠᠶᠢᠵᠠ ᠳᠠᠭᠠᠨ ᠮᠠᠷᠳᠠᠰᠢ ᠥᠭᠡᠢ ᠥᠭᠡ ᠭᠡᠯᠡᠭᠰᠡᠨ ᠬᠠᠷᠠᠮᠰᠠᠯᠰᠠᠶᠢᠬᠠᠨ ᠨᠥᠭᠦᠷ ᠤᠨ ᠢᠶᠠᠨ ᠬᠠᠮᠠᠷ ᠤᠨ ᠴᠢᠰᠤ ᠶᠢ ᠠᠰᠬᠠᠷᠠᠭᠤᠯᠵᠤ ᠥᠵᠡᠭᠰᠡᠨ ᠬᠠᠷᠠᠭᠤᠰᠠᠯᠰᠠᠷᠬᠤᠳ ᠤᠨ ᠠᠭᠠᠭ ᠢᠶᠠᠷ ᠰᠠᠭᠠᠬᠠᠯᠳᠠ ᠶᠢᠨ ᠢᠶᠠᠨ ᠠᠶᠠᠭ᠎ᠠ ᠶᠢ ᠬᠠᠭ᠎ᠠ ᠰᠢᠳᠡᠭᠰᠡᠨ ᠲᠡᠮᠡᠶᠢᠷᠡᠯᠰᠠᠭᠠᠷᠮᠠᠭ ᠤᠬᠠᠭᠠᠨ ᠤ ᠤᠷᠬᠠᠨ ᠳᠤ ᠤᠨᠠᠵᠤ ᠥᠪᠡᠷ ᠢ ᠪᠠᠨ ᠡᠪᠳᠡᠭᠰᠡᠨ ᠤᠬᠠᠭᠠᠷᠠᠯᠰᠡᠳᠭᠢᠯ ᠤᠨ ᠨᠢᠭᠡᠨ ᠵᠠᠢ ᠳᠤ ᠡᠨᠡ ᠪᠥᠭᠦᠨ ᠮᠠᠨᠢᠰᠡᠪᠳᠥᠭᠡ ᠨᠢ ᠥᠭᠡᠢ ᠭᠡᠪ ᠢᠶᠠᠷ ᠢᠶᠠᠨ ᠭᠥᠭᠯᠡᠷᠡᠵᠥ ᠭᠡᠪᠳᠡᠳᠡᠭ ᠪᠠᠶᠢᠵᠡᠢᠪᠥᠷ ᠥᠨᠥ ᠰᠠᠶ᠋ᠢᠬᠠᠨ ᠪᠤᠯᠤᠭᠰᠠᠨ ᠶᠠᠭᠤᠮ᠎ᠠᠪᠥᠭᠦᠳᠡ ᠭᠡᠪ ᠢᠶᠠᠷ ᠢᠶᠠᠨ ᠭᠢᠯᠠᠯᠵᠠᠵᠤ ᠪᠠᠶᠢᠳᠠᠭ ᠰᠠᠨᠵᠢᠤᠭᠳᠤ ᠠᠴᠠ ᠲᠤᠭᠤᠭᠰᠠᠨ ᠥᠭᠡᠢ ᠥᠭᠢᠨ ᠢ ᠭᠡᠷᠭᠡᠢ ᠪᠠᠨ ᠪᠤᠯᠭᠠᠭᠰᠠᠨ ᠬᠠᠴᠢᠷᠬᠠᠯᠤᠯᠠᠨ ᠵᠢᠯ ᠤᠨ ᠲᠠᠷᠠᠭ᠎ᠠ ᠨᠠᠳᠠ ᠤᠷᠤᠭᠤ ᠢᠷᠡᠭᠰᠡᠨ ᠬᠠᠶᠢᠷ᠎ᠠ ᠶᠢᠨ ᠬᠤᠵᠢᠮᠳᠠᠯᠤᠷᠤᠶᠢᠳᠠᠭᠰᠠᠨ ᠪᠤᠷᠤᠭᠠᠨ ᠤ ᠡᠭᠦᠯᠡᠰ ᠠᠷᠴᠢᠭᠠᠳ ᠥᠩᠭᠡᠷᠡᠭᠰᠡᠨᠤᠳᠤᠳ ᠤᠶᠢᠷᠠᠬᠠᠨ ᠪᠠᠶᠢᠭᠰᠠᠨ ᠥᠳᠡᠰᠢ ᠶᠢᠨ ᠲᠡᠷᠡ ᠥᠨᠥᠰᠥᠯᠳᠡᠠᠯᠢ ᠭᠡᠳᠥᠶᠢᠨᠡᠢ ᠮᠠᠷᠳᠠᠵᠤ ᠤᠷᠭᠢᠭᠰᠠᠨ ᠪᠤᠭᠤᠷᠤᠯ ᠤᠳ ᠤᠨ ᠵᠠᠭᠢᠶᠠᠰᠤᠠᠶᠠᠭᠠᠨ ᠤ ᠬᠤᠩᠬᠤᠷ ᠲᠤ ᠥᠯᠡᠳᠡᠭᠰᠡᠨ ᠢᠶᠠᠨ ᠠᠰᠬᠠᠵᠤ ᠶᠠᠪᠤᠭᠰᠠᠨ ᠴᠠᠯᠭᠢᠳᠠᠰᠤᠠᠪᠬᠤ ᠨᠢ ᠠᠬᠠᠳᠠᠵᠤ ᠥᠭᠭᠦ ᠨᠢ ᠪᠠᠭᠠᠳᠠᠭᠰᠠᠨ ᠰᠢᠨᠤᠭ ᠰᠡᠳᠭᠢᠯ ᠤᠨ ᠮᠢᠨᠢ ᠰᠢᠪᠬᠠᠳᠠᠰᠤᠠᠵᠢᠷᠭ᠎ᠠ ᠪᠠᠨ ᠤᠨᠤᠭᠠᠳ ᠠᠵᠢᠷᠭ᠎ᠠ ᠪᠠᠨ ᠬᠠᠶᠢᠭᠰᠠᠨ ᠲᠡᠨᠡᠭ ᠶᠠᠪᠤᠳᠠᠯ ᠤᠨ ᠬᠠᠵᠢᠶᠠᠰᠤᠰᠥᠮᠡᠨ‌‍ᠰᠥ᠋ᠮᠡᠨ ᠵᠡᠷᠭᠡᠯᠭᠡᠨ ᠡᠴᠠ‌‍ᠰᠢᠯᠥᠭ ᠴᠠᠯᠮᠠᠳᠠᠭᠰᠠᠨ ᠪᠢᠰᠢᠯᠭᠠᠯᠰᠥᠨ ᠪᠤᠭᠤᠷᠤᠯ ᠡᠮᠧ ᠳᠡᠭᠡᠨ ᠭᠥᠯ ᠢ ᠨᠢ ᠬᠤᠴᠢᠵᠤ ᠥᠭᠭᠦᠭᠡ ᠥᠭᠡᠢ ᠭᠡᠮᠰᠢᠯᠰᠥᠷᠥᠭ ᠤᠯᠠᠭᠠᠨ ᠲᠡᠮᠡᠭᠡᠳ ᠤᠨ ᠬᠠᠷᠠᠰᠠᠯᠳᠠᠢ ᠴᠥᠭᠡᠷᠡᠭᠰᠡᠨ ᠳᠤ ᠵᠢᠷᠥᠭᠡ ᠤᠷᠠᠭᠳᠠᠭᠰᠠᠨ ᠭᠠᠰᠠᠯᠤᠯᠰᠡᠭᠦᠳᠡᠷ ᠲᠠᠢ ᠭᠡᠷᠡᠯ ᠲᠠᠢ ᠤᠷᠴᠢᠯᠠᠩ ᠤᠨ ᠤᠳᠬ᠎ᠠ ᠶᠢ ᠲᠠᠶᠢᠯᠵᠤ ᠶᠠᠳᠠᠭᠰᠠᠨ ᠵᠤᠪᠠᠨᠢᠯᠭᠥᠳᠡᠭᠡᠯᠢᠭ ᠮᠤᠩᠭᠤᠯ ᠭᠡᠪ ᠢᠶᠠᠷ ᠢᠶᠠᠨ ᠬᠤᠳᠠ ᠳᠤ ᠠᠮᠢᠳᠤᠷᠠᠭᠰᠠᠨ ᠪᠠᠭ᠋ᠠᠷᠬᠠᠯᠭᠥᠴᠥᠷᠭᠡᠭ ᠰᠤᠶᠤᠯ ᠤᠨ ᠡᠮᠤᠨ᠎ᠡ ᠠᠴᠠ ᠮᠤᠩᠭᠤᠯ ᠢᠶᠠᠨ ᠯᠠ ᠭᠡᠰᠡᠨ ᠤᠮᠤᠭᠰᠢᠯᠭᠥᠮᠥᠰᠭᠡ ᠠᠳᠤᠷᠢᠭᠰᠠᠨ ᠬᠤᠷᠸ᠎ᠠ ᠳᠤ ᠥᠪᠡᠷ ᠤᠨ ᠬᠢ ᠪᠠᠷ ᠢᠶᠠᠨ ᠶᠠᠪᠤᠭᠰᠠᠨ ᠶᠡᠭᠡᠷᠭᠡᠯᠭᠥᠢᠳᠡᠨ ᠲᠤᠳᠤᠷᠠᠳᠠᠨ ᠤ ᠥᠭᠡᠳᠡ ᠠᠴᠠ ᠮᠥᠰᠥ ᠰᠢᠭ ᠬᠠᠨᠳᠤᠭᠰᠠᠨ ᠡᠷᠭᠢᠮᠰᠥᠯᠠᠮᠢᠳᠤᠷᠠᠯ ᠤᠨ ᠴᠢᠯᠠᠭᠤᠨ ᠳᠤ ᠪᠥᠳᠥᠷᠢᠭᠰᠡᠨ ᠴᠦ ᠭᠡᠯ᠎ᠡ ᠠᠭᠢᠭᠠᠳ ᠪᠤᠰᠤᠨ᠎ᠠ ᠭᠡᠰᠡᠨ ᠢᠳᠡᠭᠡᠯᠠᠳᠠᠭᠠᠷᠬᠠᠯ ᠤᠨ ᠰᠤᠮᠤᠨ ᠳᠤ ᠰᠢᠷᠬᠠᠳᠤᠭᠰᠠᠨ ᠴᠦ ᠭᠡᠰᠡᠨ ᠲᠠᠭᠢᠭᠠᠳ ᠡᠳᠡᠭᠡᠨ᠎ᠡ ᠭᠡᠰᠡᠨ ᠲᠠᠶᠢᠳᠬᠤᠷᠠᠯᠠᠯᠳᠠᠷ ᠭᠥᠨᠳᠥ ᠬᠤᠶᠠᠷ ᠠᠴᠠ ᠭᠡᠭᠡᠭᠳᠡᠭᠰᠡᠨ ᠴᠦ ᠭᠡᠯ᠎ᠡ ᠴᠢᠪᠠᠭ᠎ᠠ ᠴᠠᠭ ᠲᠠᠭᠠᠨ ᠲᠤᠯᠪᠠᠯ ᠁ ᠭᠡᠰᠡᠨ ᠲᠠᠶᠢᠪᠤᠰᠢᠷᠠᠯᠠᠯᠪᠠ ᠮᠥᠩᠭᠦ ᠬᠤᠶᠠᠷ ᠠᠴᠠ ᠱᠤᠭᠤᠪᠳᠤᠷᠯᠠᠭᠳᠠᠭᠰᠠᠨ ᠴᠦ ᠭᠡᠯ᠎ᠡ ᠢᠰᠡᠭᠡᠢ ᠬᠠᠪᠳᠠᠭ᠎ᠠ ᠲᠠᠰᠢᠶᠠᠨ ᠳᠤ ᠁ ᠭᠡᠰᠡᠨ ᠴᠠᠭᠠᠳᠬᠠᠯᠬᠠᠷ᠎ᠠ ᠪᠤᠷᠤᠭᠤ ᠰᠠᠨᠠᠭ᠎ᠠ ᠥᠭᠡᠢ ᠠᠳᠠᠯ᠎ᠠ ᠵᠥᠪ ᠤᠶᠢᠯᠠᠭᠠᠭᠳᠠᠳᠠᠭ ᠥᠭᠡᠢ ᠭᠠᠰᠢᠭᠤᠳᠠᠯᠬᠠᠳᠠᠭᠤ ᠥᠭᠡ ᠪᠠᠨ ᠰᠢᠯᠥᠭᠤᠨ ᠲᠤᠷᠭᠢᠴᠢᠬᠠᠭᠠᠳ ᠪᠤᠰᠤᠳ ᠤᠨ ᠥᠰᠢᠶ᠎ᠡ ᠭᠥᠷᠭᠡᠭᠰᠡᠨ ᠭᠡᠨᠡᠷᠭᠡᠯᠬᠠᠯᠠᠭᠤᠨ ᠰᠡᠳᠭᠢᠯ ᠤᠨ ᠢᠶᠠᠨ ᠬᠠᠷᠢᠭᠤ ᠳᠤ ᠬᠠᠷ᠎ᠠ ᠤᠰᠤ ᠰᠠᠴᠤᠭᠤᠯᠤᠭᠰᠠᠨ ᠭᠤᠮᠤᠷᠬᠠᠯᠬᠠᠵᠠᠭᠠᠷ ᠲᠤᠭᠤᠯᠠᠩ᠂ ᠬᠠᠷᠠᠭ᠎ᠠ ᠥᠭᠡᠶᠢᠴᠤᠤᠯ ᠢ ᠥᠷᠥᠪᠳᠥᠵᠥ ᠭᠥᠭᠡᠷᠥᠭᠦᠶᠢᠯᠡᠭᠰᠡᠨ ᠡᠯᠢᠭᠡᠮᠰᠥᠯᠡᠷᠭᠡ ᠰᠥᠷᠳᠡᠨ ᠳᠤ ᠡᠷᠭᠡᠯᠡᠵᠥ ᠰᠠᠶᠢᠮᠰᠤᠷᠠᠵᠤ ᠴᠢᠳᠠᠭ᠎ᠠ ᠥᠭᠡᠢ ᠬᠠᠱᠠᠩᠨᠠᠯᠡᠳ᠋ ᠮᠥᠩᠭᠦ ᠡᠯᠳᠡᠵᠥ ᠪᠠᠶᠠᠵᠢᠵᠤ ᠴᠢᠳᠠᠭ᠎ᠠ ᠥᠭᠡᠢ ᠴᠠᠯᠠᠭᠠᠶᠢᠳᠠᠯᠡᠭᠡᠨᠡᠷ ᠭᠡᠤᠭᠡᠨ ᠡᠷᠭᠢᠭᠦᠯᠵᠥ ᠷᠤᠮᠠᠨᠲ᠋ᠢᠭᠯᠠᠵᠥ ᠴᠢᠳᠠᠭ᠎ᠠ ᠥᠭᠡᠢ ᠪᠤᠯᠭᠢᠳᠠᠯᠡᠭᠦᠪᠡᠷ ᠲᠡᠭᠦᠪᠡᠷ ᠰᠠᠯᠪᠠᠭᠠᠨᠠᠵᠤ ᠭᠥᠯᠵᠢᠵᠥ ᠴᠢᠳᠠᠭ᠎ᠠ ᠥᠭᠡᠢ ᠬᠤᠴᠤᠷᠤᠭᠳᠠᠯ ᠁ᠠᠶ᠎ᠠ᠂ ᠤᠢ ᠰᠠᠨᠠᠮᠵᠢ ᠶᠢᠨ ᠥᠨᠴᠥᠭ ᠪᠤᠯᠥᠩ ᠳᠤᠠᠯᠳᠠ ᠴᠦ ᠶᠤᠮ ᠰᠢᠭ᠋ ᠠᠷᠭᠠᠯ ᠴᠦ ᠶᠤᠮ ᠰᠢᠭ᠋ ᠶᠡᠭᠡ ᠯᠠ ᠶᠠᠭᠤᠮ᠎ᠠ ᠠᠷᠵᠠᠭᠠᠨᠠᠵᠤ ᠭᠡᠪᠳᠡᠨ᠎ᠠᠲᠡᠷᠡ ᠪᠤᠯᠭᠠᠨ ᠢ ᠠᠭᠤᠳᠠᠯᠵᠤ ᠭᠠᠷᠭᠠᠭᠠᠳ ︽ᠭᠠᠶᠢᠬᠠᠭᠤᠯᠤᠭᠠᠳ︾ ᠴᠦ ᠶᠠᠭᠠᠭᠢᠬᠤᠪᠲᠡᠮᠡᠭᠡᠨ ᠠᠴᠠ ᠴᠦ ᠭᠥᠷᠳᠡᠯ᠎ᠡ ᠢᠴᠢᠵᠥ ᠨᠢᠭᠤᠮᠠᠷ ᠵᠥᠢᠯᠡᠰ ᠢᠶᠠᠨ ᠴᠠᠭᠠᠰᠢ ᠨᠢ ᠭᠢᠭᠰᠡᠨ ᠢᠶᠠᠨ ᠭᠡᠯᠡᠶ᠎ᠡ︕ᠬᠠᠷ᠎ᠠ ᠠᠪᠳᠠᠷ᠎ᠠ ᠶᠢᠨ ᠢᠶᠠᠨ ᠢᠷᠤᠭᠠᠯ ᠢ ᠭᠡᠰᠡᠭ ᠪᠠᠶᠢᠭᠠᠳ ᠲᠢᠭᠯᠢᠭᠦ‍ ᠰᠢᠭᠬᠠᠶᠠ ᠬᠠᠶᠠ ᠥᠪᠡᠷ ᠢ ᠪᠠᠨ ᠨᠡᠭᠡᠭᠡᠵᠥ ᠤᠩᠭᠢᠴᠢᠵᠤ ᠪᠠᠶᠢᠪᠠᠯ ᠵᠥᠭᠡᠷ ᠴᠦ ᠶᠤᠮ ᠰᠢᠭ᠃             ︵2004 ᠤᠨ ᠳᠤ ᠨᠤᠤᠷᠠᠭᠯᠠᠭᠰᠠᠨ ᠡᠨᠡᠭᠦ ᠥᠯᠪᠢᠭᠡᠷ ᠰᠢᠯᠥᠭ ᠢᠶᠠᠨ2008 ᠤᠨ ᠤ ᠵᠤᠨ ᠰᠡᠶᠢᠷᠡᠭᠦᠯᠥᠭᠰᠡᠨ ᠲᠡᠳᠥᠢ ᠪᠥᠯᠥᠭᠡ︶ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号