ᠠᠷᠪᠠᠨ ᠲᠠᠪᠤᠨ ᠤ ᠰᠠᠷᠠᠨ ᠵᠦᠭ ᠠᠵᠢᠷᠭᠠᠨ ᠴᠢᠨ᠋ᠸ᠎ᠠ ᠬᠠᠷᠠᠶᠢᠨ᠎ᠠ
ᠨᠡᠶᠢᠲᠡᠯᠡᠭᠰᠡᠨ ᠴᠠᠭ᠄
2020/12/4
ᠵᠡᠭᠦᠨᠭᠠᠷ ᠪᠤᠶᠠᠨᠪᠠᠲᠤ                  ᠠᠷᠪᠠᠨ ᠲᠠᠪᠤᠨ ᠤ ᠰᠠᠷᠠ ᠲᠡᠷᠭᠡᠯᠰᠢᠬᠦ ᠳᠤ      ᠠᠷᠢᠶᠠᠲᠠᠨ ᠠᠮᠢᠲᠠᠨ ᠤ ᠬᠢᠰᠠᠯ ᠢᠷᠠᠨ᠎ᠠ      ᠭᠡᠷᠡᠯᠲᠦ ᠣᠷᠴᠢᠯᠠᠩ ᠳᠤ ᠲᠡᠳᠡ ᠳᠤᠷ᠎ᠠ ᠦᠭᠡᠢ ᠶᠤᠮ      ᠭᠡᠭᠡ ᠲᠠᠲᠠᠭᠰᠠᠨ ᠠᠮᠢᠳᠤᠷᠠᠯ ᠲᠡᠳᠡᠨ ᠳᠤ ᠬᠡᠷᠡᠭ ᠦᠭᠡᠢ ᠶᠤᠮ      ᠠᠷᠪᠠᠨ ᠲᠠᠪᠤᠨ ᠤ ᠰᠠᠷᠠ ᠶᠢ      ᠠᠳᠤᠭᠤᠨ ᠤ ᠪᠠᠭᠠᠯᠵᠠᠭᠤᠷ ᠰᠢᠭ᠋ ᠬᠡᠮᠬᠡ ᠵᠠᠭᠤᠬᠤ ᠰᠠᠨ ᠭᠡᠵᠤ      ᠬᠦᠢᠲᠡᠨ ᠬᠥᠬᠡ ᠰᠦᠷ ᠢᠶᠠᠨ ᠠᠭᠤᠯᠠᠨ ᠳᠤ ᠰᠣᠶᠢᠵᠤ      ᠬᠦᠯᠢᠶᠡᠵᠦ ᠭᠤᠷᠠᠩᠬᠤᠯᠠᠬᠤ ᠥᠯᠥᠭᠴᠢᠨ ᠢᠶᠠᠨ ᠠᠭᠤᠢ ᠳᠤ ᠮᠠᠷᠲᠠᠵᠤ      ᠭᠠᠵᠠᠷ ᠤᠨ ᠥᠨᠳᠥᠷ ᠪᠠᠷᠢᠵᠤ      ᠭᠠᠷᠠᠬᠠᠨ ᠰᠠᠷᠠ ᠤᠷᠤᠭᠤ ᠬᠠᠷᠠᠶᠢᠨ᠎ᠠ      ᠲᠠᠰᠤ ᠵᠠᠭᠤᠭᠰᠠᠨ ᠰᠣᠶᠣᠭᠠᠨ ᠳᠤ ᠨᠢ      ᠡᠪᠦᠯ ᠤᠨ ᠬᠦᠢᠲᠡᠨ ᠳᠠᠭᠵᠢᠵᠤ      ᠲᠠᠭ ᠴᠢᠮᠡᠭᠡ ᠦᠭᠡᠢ ᠬᠠᠲᠠᠷᠢᠶᠠᠨ ᠳᠤ ᠨᠢ      ᠵᠢᠪᠠᠷ ᠤᠨ ᠦᠵᠦᠭᠦᠷ ᠬᠡᠯᠡᠭᠡᠶᠢᠷᠡᠨ᠎ᠡ      ᠣᠮᠤᠭ ᠰᠢᠭ᠋ ᠪᠣᠰᠤᠭ᠎ᠠ ᠳᠡᠯ ᠳᠤ ᠨᠢ      ᠣᠷᠴᠢᠯᠠᠩ ᠤᠨ ᠭᠤᠨᠢᠭ ᠰᠢᠷᠢᠯᠳᠦᠵᠦ      ᠣᠴᠢ ᠰᠢᠭ᠋ ᠤᠯᠠᠭᠠᠨ ᠨᠢᠳᠦᠨ ᠳᠤ ᠨᠢ      ᠬᠦᠰᠡᠯ ᠤᠨ ᠨᠢᠭᠦᠯ ᠴᠠᠩᠲᠤᠨ᠎ᠠ      ᠬᠠᠷᠭᠤᠭᠰᠠᠨ ᠪᠦᠬᠦᠨ ᠢ      ᠬᠠᠭᠵᠠ ᠲᠠᠲᠠᠬᠤ ᠳᠤ ᠪᠡᠯᠡᠬᠡᠨ ᠳᠠᠪᠬᠢᠨ᠎ᠠ      ᠬᠠᠷ᠎ᠠ ᠲᠡᠷᠢᠭᠦᠲᠡᠨ ᠢ      ᠲᠡᠷᠡ ᠶᠠᠰᠤᠨ ᠠᠴᠠ ᠪᠠᠨ ᠬᠤᠷᠣᠰᠤᠨ᠎ᠠ      ᠬᠠᠷᠠᠩᠭᠤᠢ ᠨᠥᠮᠥᠷᠢᠭᠰᠡᠨ ᠰᠥᠨᠢ ᠯᠡ      ᠲᠡᠭᠦᠨ ᠳᠤ ᠭᠡᠷᠡᠯ ᠲᠠᠢ ᠬᠠᠷᠠᠭᠳᠠᠨ᠎ᠠ      ᠬᠠᠲᠠᠭᠤ ᠬᠡᠷᠴᠡᠭᠡᠢ ᠠᠮᠢᠳᠤᠷᠠᠯ ᠯᠡ      ᠲᠡᠭᠦᠨ ᠳᠤ ᠵᠢᠷᠭᠠᠯ ᠲᠠᠢ ᠰᠠᠨᠠᠭᠳᠠᠨ᠎ᠠ      ᠰᠠᠶᠢᠬᠠᠨ ᠪᠦᠬᠦᠨ ᠢ ᠨᠢ      ᠠᠮᠠᠨ ᠠᠴᠠ ᠨᠢ ᠪᠤᠯᠢᠶᠠᠭᠰᠠᠨ ᠽᠠᠮᠪᠤᠯᠢᠩ ᠳᠤ      ᠰᠠᠷᠠ ᠲᠡᠷᠭᠡᠯᠰᠢᠬᠦ ᠶᠢ ᠲᠡᠷᠡ      ᠦᠵᠡᠨ ᠶᠠᠳᠠᠨ᠎ᠠ      ᠰᠠᠪᠠ ᠨᠢ ᠪᠢᠯᠬᠠᠷᠠᠭᠰᠠᠨ ᠨᠢᠭᠦᠯ ᠢᠶᠠᠨ      ᠨᠢᠭᠤᠵᠤ ᠮᠡᠳᠡᠳᠡᠭ ᠦᠭᠡᠢ ᠬᠥᠮᠥᠨ ᠰᠢᠭ      ᠰᠠᠷᠠ ᠨᠠᠷᠠᠨ ᠤ ᠭᠡᠭᠡᠨ ᠳᠤ ᠲᠡᠷᠡ      ᠴᠢᠰᠤ ᠪᠠᠷ ᠲᠣᠭᠯᠠᠬᠤ ᠶᠢ ᠵᠢᠭᠰᠢᠨ᠎ᠡ      ᠠᠳᠠᠷᠭᠠᠨ᠎ᠠ ᠥᠭᠰᠥᠭᠰᠡᠭᠡᠷ ᠨᠠᠭᠠᠰᠢᠯᠠᠬᠤ      ᠠᠷᠪᠠᠨ ᠲᠠᠪᠤᠨ ᠤ ᠰᠠᠷᠠ ᠵᠦᠭ      ᠠᠶᠤᠮᠰᠢᠭᠲᠤ ᠬᠠᠷ᠎ᠠ ᠰᠤᠮᠤ ᠰᠢᠭ᠋ ᠴᠢᠨ᠋ᠸ᠎ᠠ ᠴᠢᠪᠬᠠᠳᠠᠨ᠎ᠠ      ᠠᠷᠤ ᠬᠢᠵᠠᠭᠠᠷ ᠤᠨ ᠳᠣᠪᠣᠴᠠᠭ ᠤᠳ ᠴᠢᠯᠠᠭᠤ ᠪᠠᠨ ᠢᠪᠡᠵᠦ ᠥᠨᠳᠡᠶᠢᠨ᠎ᠡ      ᠰᠠᠭᠠᠷᠠᠯ ᠴᠢᠨ᠋ᠸ᠎ᠠ ᠠᠴᠠ ᠲᠠᠯᠳᠢᠴᠢᠭᠰᠠᠠ ᠶᠤᠮ ᠰᠢᠭ᠋      ᠰᠠᠷᠠᠨ ᠤ ᠭᠡᠷᠡᠯ ᠳᠤ ᠣᠳᠣᠳ ᠠᠭᠤᠰᠤᠨ ᠠᠯᠳᠠᠷᠠᠪᠠ᠂᠂᠂᠂      ᠰᠠᠷᠠᠨ ᠳᠤ ᠬᠤᠷᠭᠤᠳᠠᠭᠰᠠᠨ ᠲᠠᠤᠯᠠᠢ ᠶᠢ ᠲᠠᠰᠤᠷ ᠲᠠᠲᠠᠬᠤ ᠬᠡᠮᠡᠨ      ᠰᠠᠨᠰᠠᠷ ᠤᠨ ᠨᠢᠭᠡᠨ ᠳᠣᠮᠤᠭ ᠭᠡᠷᠡᠯ ᠰᠡᠮᠡᠯᠡᠨ ᠣᠳᠪᠠ᠂᠂᠂᠂      ᠬᠡᠶᠢᠮᠣᠷᠢ ᠶᠢᠨ ᠵᠦᠭ ᠠᠴᠠ ᠠᠰᠠᠭᠰᠠᠨ      ᠬᠥᠬᠡ ᠳᠥᠯᠥ ᠶᠤᠮ ᠰᠢᠤ︕ ᠲᠡᠷᠡ      ᠬᠦᠢᠲᠡᠨ ᠵᠦᠭ ᠠᠴᠠ ᠬᠠᠷᠪᠤᠭᠰᠠᠨ      ᠬᠠᠯᠠᠭᠤᠨ ᠵᠡᠪᠡ ᠶᠤᠮ ᠰᠢᠤ︕ ᠲᠡᠷᠡ      ᠥᠰᠢᠶᠡᠷᠬᠡᠵᠦ ᠠᠮᠢᠳᠤᠷᠠᠬᠤ ᠠᠴᠠ ᠥᠷᠥᠪᠳᠡᠬᠦᠯᠵᠤ ᠠᠮᠢᠳᠤᠷᠠᠳᠠᠭ ᠦᠭᠡᠢ      ᠰᠣᠷ ᠶᠤᠮ ᠰᠢᠤ︕ ᠲᠡᠷᠡ      ᠲᠡᠮᠡᠴᠡᠵᠦ ᠠᠮᠢᠳᠤᠷᠠᠬᠤ ᠠᠴᠠ ᠲᠡᠵᠢᠭᠡᠯᠭᠡᠵᠦ ᠠᠮᠢᠳᠤᠷᠠᠳᠠᠭ ᠦᠭᠡᠢ      ᠰᠦᠷ ᠶᠤᠮ ᠰᠢᠤ︕ ᠲᠡᠷᠡ      ᠴᠡᠴᠡᠭ ᠰᠢᠭ ᠮᠥᠷ ᠢᠶᠠᠨ      ᠲᠠᠯ᠎ᠠ ᠶᠢᠨ ᠴᠠᠰᠤᠨ ᠳᠤ ᠲᠠᠮᠠᠭᠠᠯᠠᠵᠤ      ᠴᠡᠴᠡᠡ ᠵᠣᠷᠢᠭ ᠤᠨ ᠲᠠᠩᠭᠠᠷᠢᠭ ᠢᠶᠠᠨ      ᠲᠡᠭᠷᠢ ᠶᠢᠨ ᠣᠳᠣᠨ ᠳᠤ ᠪᠢᠯᠡᠭᠦᠳᠡᠬᠦ ᠭᠡᠵᠤ      ᠠᠷᠪᠠᠨ ᠲᠠᠪᠤᠨ ᠤ ᠰᠠᠷᠠᠨ ᠵᠦᠭ      ᠠᠵᠢᠷᠭᠠᠨ ᠴᠢᠨ᠋ᠸ᠎ᠠ ᠬᠠᠷᠠᠶᠢᠬᠤ ᠨᠢ ᠥᠯᠵᠡᠶᠢᠲᠡᠢ᠂᠂᠂᠂᠂᠂ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号